ᠨᠠᠰᠤᠨ ᠤ᠋ ᠨᠠᠢᠷ ᠢ ᠡᠭᠦᠰᠭᠡᠬᠦ ᠦᠭᠡ Насны найрыг үүсгэх үг
ᠨᠠᠰᠤᠨ ᠤ᠋ ᠨᠠᠢᠷ ᠢ ᠡᠭᠦᠰᠭᠡᠬᠦ ᠦᠭᠡ
ᠵᠠ᠂ ᠡᠨᠡ ᠡᠳᠦᠷ
ᠲᠥᠷᠥ ᠤᠯᠤᠰ ᠲᠤ᠌ ᠪᠠᠨ ᠦᠨᠡᠯᠡᠭᠳᠡᠭᠰᠡᠨ
ᠲᠦᠮᠡᠨ ᠠᠷᠠᠳ ᠲᠤ᠌ ᠪᠠᠨ ᠬᠦᠨᠳᠦᠯᠡᠭᠳᠡᠭᠰᠡᠨ
ᠲᠡᠦᠬᠡ ᠱᠠᠰᠲᠢᠷ ᠲᠤ᠌ ᠨᠡᠷᠡᠯᠡᠭᠳᠡᠭᠰᠡᠨ
ᠨᠠᠮ ᠵᠠᠰᠠᠭ ᠲᠤ ᠪᠠᠨ ᠭᠠᠪᠢᠶ᠎ᠠ ᠲᠠᠢ
ᠨᠡᠢᠬᠡᠮ ᠣᠯᠠᠨ ᠳ᠋ᠤ᠌ ᠪᠠᠨ ᠨᠡᠷᠡᠲᠡᠢ
ᠨᠠᠢᠵᠠ ᠨᠥᠬᠥᠳ ᠲᠦ᠍ ᠪᠡᠨ ᠡᠭᠡᠯᠢᠲᠡᠢ
ᠠᠬ᠎ᠠ ᠳᠡᠭᠦᠦ ᠳ᠋ᠦ᠍ ᠪᠡᠨ ᠥᠮᠥᠭ ᠪᠣᠯᠤᠭᠰᠠᠨ
ᠠᠴᠢ ᠭᠤᠴᠢ ᠳ᠋ᠤ᠌ ᠪᠠᠨ ᠲᠦᠰᠢᠭ ᠪᠣᠯᠤᠭᠰᠠᠨ
ᠠᠴᠢᠲᠤ ᠪᠤᠭᠤᠷᠤᠯ ᠠᠪᠤ ᠶ᠋ᠢᠨ ᠮᠢᠨᠢ
ᠲᠠᠪᠠᠲᠠᠢ ᠰᠠᠢᠬᠠᠨ ᠬᠥᠳᠡᠯᠮᠦᠷᠢᠯᠡᠵᠦ
ᠲᠠᠪᠢᠨ ᠨᠠᠰᠤ ᠵᠡᠷᠭᠡᠴᠡᠭᠰᠡᠨ ᠦ᠌
ᠲᠠᠪᠠᠯᠠᠭ ᠶᠡᠬᠡ ᠨᠠᠢᠷ ᠢ᠋ ᠡᠭᠦᠰᠬᠡᠵᠦ ᠪᠠᠢᠨ᠎ᠠ ᠠ!
ᠵᠢᠷᠭᠠᠯᠠᠩ ᠤ᠋ᠨ ᠳᠡᠭᠡᠳᠦ ᠶ᠋ᠢ ᠡᠳ᠋ᠯᠡᠵᠦ
ᠵᠢᠷᠠᠨ ᠰᠡᠭᠦᠳᠡᠷ ᠵᠡᠷᠭᠡᠴᠡᠭᠰᠡᠨ ᠦ᠌
ᠵᠢᠪᠬᠤᠯᠠᠩ ᠲᠠᠢ ᠶᠡᠬᠡ ᠪᠠᠶᠠᠷ ᠢ᠋ ᠶᠣᠰᠣᠯᠠᠵᠤ ᠪᠠᠢᠨ᠎ᠠ ᠠ!
ᠳᠠᠭᠠᠭᠠᠮᠠᠢ ᠰᠠᠢᠬᠠᠨ ᠬᠥᠳᠡᠯᠮᠦᠷᠢᠯᠡᠵᠦ
ᠳᠠᠶᠠᠭᠠᠷ ᠣᠯᠠᠨ ᠤ᠋ ᠠᠬ᠎ᠠ ᠪᠣᠯᠤᠨ
ᠳᠠᠯᠠᠨ ᠰᠡᠭᠦᠳᠡᠷ ᠵᠡᠷᠭᠡᠴᠡᠭᠰᠡᠨ ᠦ᠌
ᠳᠠᠯᠠᠢ ᠶᠡᠬᠡ ᠨᠠᠢᠷ ᠢ᠋ ᠡᠭᠦᠰᠭᠡᠵᠦ ᠪᠠᠢᠨ᠎ᠠ ᠠ!
ᠨᠡᠷᠡᠲᠦ ᠶ᠋ᠢᠨ ᠬᠥᠮᠦᠨ ᠦ᠌ ᠠᠬᠠᠮᠠᠳ ᠨᠢ ᠪᠣᠯᠵᠤ
ᠨᠠᠰᠤᠲᠠᠨ ᠤ᠋ ᠶᠡᠬᠡ ᠰᠠᠭᠤᠷᠢᠨ ᠳ᠋ᠤ᠌ ᠲᠠᠪᠰᠢᠵᠤ
ᠨᠠᠶᠠᠨ ᠰᠡᠭᠦᠳᠡᠷ ᠵᠡᠷᠭᠡᠴᠡᠭᠰᠡᠨ ᠦ᠌
ᠨᠠᠯᠠᠭᠠᠷ ᠶᠡᠬᠡ ᠨᠠᠢᠷ ᠢ᠋ ᠡᠭᠦᠰᠬᠡᠵᠦ ᠪᠠᠢᠨ᠎ᠠ ᠠ!
ᠶᠢᠷᠲᠢᠨᠴᠦ ᠶ᠋ᠢᠨ ᠣᠯᠠᠨ ᠤ᠋ ᠠᠬᠠᠮᠠᠳ ᠨᠢ ᠪᠣᠯᠵᠤ
ᠶᠢᠰᠦᠨ ᠬᠦᠰᠡᠯ ᠨᠢ ᠬᠠᠨᠤᠨ ᠵᠢᠷᠭᠠᠵᠤ
ᠶᠡᠷᠡᠨ ᠰᠡᠭᠦᠳᠡᠷ ᠵᠡᠷᠭᠡᠴᠡᠭᠰᠡᠨ ᠦ᠌
ᠢᠷᠦᠭᠡᠯ ᠲᠡᠢ ᠰᠠᠢᠬᠠᠨ ᠨᠠᠢᠷ ᠢ᠋ ᠡᠭᠦᠰᠬᠡᠵᠦ ᠪᠠᠢᠨ᠎ᠠ ᠠ!
ᠥᠨᠢᠳᠡ ᠡᠭᠦᠷᠢᠳᠡ ᠮᠥᠩᠬᠡᠷᠡᠬᠦ ᠶ᠋ᠢᠨ
ᠥᠯᠵᠡᠢ ᠲᠡᠢ ᠨᠠᠢᠷ ᠢ᠋ ᠡᠭᠦᠰᠬᠡᠬᠦ ᠤᠴᠢᠷ ᠲᠤ᠌
ᠥᠷᠭᠡᠨ ᠮᠣᠩᠭᠣᠯ ᠤ᠋ᠨ ᠶᠣᠰᠣ ᠶ᠋ᠢ ᠳᠠᠭᠠᠭᠤᠯᠤᠨ
ᠠᠰᠢᠳᠠ ᠢᠮᠠᠭᠲᠠ ᠵᠢᠷᠭᠠᠬᠤ ᠶ᠋ᠢᠨ
ᠠᠶᠠᠯᠠᠭᠤᠨ ᠴᠡᠩᠭᠡᠯ ᠡᠬᠢᠯᠡᠬᠦ ᠶ᠋ᠢᠨ ᠲᠤᠬᠠᠢ ᠳ᠋ᠤ᠌
ᠠᠷᠠᠳ ᠮᠣᠩᠭᠣᠯ ᠤ᠋ᠨ ᠵᠠᠩᠰᠢᠯ ᠢ᠋ ᠪᠠᠷᠢᠮᠲᠠᠯᠠᠨ
ᠡᠳ᠋ ᠦ᠋ᠨ ᠮᠠᠩᠯᠠᠢ ᠠᠷᠢᠭᠤᠨ ᠬᠠᠳᠠᠭ ᠢ᠋
ᠢᠳᠡᠭᠡᠨ ᠦ᠌ ᠳᠡᠭᠡᠵᠢ ᠰᠦᠨ ᠦ᠌ ᠬᠠᠮᠲᠤ ᠪᠠᠷ
ᠠᠴᠢᠲᠠᠨ ᠤ᠋ ᠲᠡᠷᠢᠭᠦᠨ ᠠᠪᠤ (ᠠᠬ᠎ᠠ) ᠲᠠᠨ ᠳ᠋ᠤ᠌ ᠪᠠᠨ
ᠡᠨᠡᠷᠢᠯᠲᠡᠨ ᠦ᠌ ᠲᠡᠷᠢᠭᠦᠨ ᠡᠵᠢ (ᠡᠭᠡᠴᠢ) ᠲᠠᠨ ᠳ᠋ᠤ᠌ ᠪᠠᠨ
ᠲᠠᠰᠢᠯᠠᠭᠤᠯᠤᠨ ᠡᠷᠭᠦᠵᠦ
ᠡᠨᠡ ᠡᠳᠦᠷ ᠦ᠋ᠨ ᠴᠡᠩᠭᠡᠯ ᠢ᠋ ᠡᠭᠦᠰᠬᠡᠶᠡ!
ᠥᠨᠥᠳᠥᠷ ᠪᠣᠯᠪᠠᠰᠤ
ᠡᠪᠦᠭᠡᠨ ᠪᠤᠭᠤᠷᠤᠯ ᠠᠪᠤ ᠶ᠋ᠢᠨ ᠮᠢᠨᠢ
ᠥᠯᠮᠡᠢ ᠶ᠋ᠢᠨ ᠯᠢᠩᠬᠤ᠎ᠠ ᠪᠠᠲᠤᠳᠠᠬᠤ ᠶ᠋ᠢᠨ
ᠥᠯᠵᠡᠢ ᠬᠤᠲᠤᠭ ᠣᠷᠣᠰᠢᠭᠰᠠᠨ
ᠥᠭᠭᠢᠶᠡᠮᠦᠷ ᠵᠣᠬᠢᠰᠲᠤ ᠡᠷᠢᠨ
ᠥᠲᠡᠭᠦᠰ ᠶᠡᠬᠡ ᠨᠠᠰᠤᠲᠠᠨ ᠢ᠋ᠶ᠋ᠠᠨ
ᠡᠷᠭᠦᠨ ᠳᠡᠭᠡᠳᠦᠯᠡᠵᠦ ᠬᠦᠨᠳᠦᠯᠡᠳᠡᠭ ᠨᠢ
ᠥᠷᠭᠡᠨ ᠮᠣᠩᠭᠣᠯ ᠤ᠋ᠨ ᠵᠢᠮ᠎ᠡ
ᠥᠪᠴᠢ ᠣᠯᠠᠨ ᠤ᠋ ᠵᠠᠩᠰᠢᠯ
ᠥᠨᠥ ᠶ᠋ᠢᠨ ᠪᠢᠳᠡᠨ ᠦ᠌ ᠪᠠᠶᠠᠰᠬᠤᠯᠠᠩ
ᠥᠰᠬᠦ ᠬᠣᠢᠴᠢᠰ ᠲᠤ ᠦᠯᠢᠭᠡᠷ
ᠥᠷᠨᠢᠨ ᠮᠠᠨᠳᠤᠬᠤ ᠶ᠋ᠢᠨ ᠪᠡᠯᠭᠡ
ᠥᠪᠯᠡᠵᠦ ᠵᠠᠯᠭᠠᠬᠤ ᠶ᠋ᠢᠨ ᠢᠷᠦᠭᠡᠯ
ᠡᠳᠦᠭᠡ ᠴᠠᠭ ᠤ᠋ᠨ ᠪᠠᠶᠠᠷ
ᠥᠨᠢᠳᠡ ᠡᠭᠦᠷᠢᠳᠡ ᠮᠥᠩᠬᠡᠷᠡᠬᠦ
ᠥᠯᠵᠡᠢ ᠲᠡᠢ ᠨᠠᠢᠷ ᠢ᠋ ᠡᠭᠦᠰᠬᠡᠶᠡ !
Насны найрыг үүсгэх үг
Заь᠂ энэ өдөр
Төр улсдаа үнэлэгдсэн
Түмэн арддаа хүндлэгдсэн
Түүх шастирт нэрлэгдсэн
Нам засагтаа гавьяатай
Нийгэм олондоо нэртэй
Найз нөхдөдөө ээлтэй
Ах дүүдээ өмөг болсон
Ач гучдаа түшиг болсон
Ачит буурал аавын минь
Тавтай сайхан хөдөлмөрлөж
Тавин нас зэрэгцсэний
Тавлаг их найрыг үүсгэж байна аа︕
Жаргалангийн дээдийг эдэлж
Жаран сүүдэр зэрэгцсэний
Жавхлантай их баярыг ёсолж байна аа︕
Даамай сайхан хөдөлмөрлөж
Даяар олны ах болон
Далан сүүдэр зэрэгцсэний
Далай их найрыг үүсгэж байна аа︕
Нартын хүний ахмад нь болж
Настны их сууринд дэвшиж
Наян сүүдэр зэрэгцсэний
Налгар их найрыг үүсгэж байна аа︕
Ертөнцийн олны ахмад нь болж
Есөн хүсэл нь ханан жаргаж
Ерэн сүүдэр зэрэгцсэний
Ерөөлтэй сайхан найрыг үүсгэж байна аа︕
Өнөд үүрд мөнхрөхийн
Өлзийтэй найрыг үүсгэх учирт
Өргөн монголын ёсыг дагуулан
Ашид ямагт жаргахын
Аялуун цэнгэл эхлэхийн тухайд
Ард монголын заншлыг баримтлан
Эдийн манлай ариун хадгийг
Идээний дээж сүүний хамтаар
Ачитны тэргүүн
Аав (ах) тандаа
Энэрэлтний тэргүүн
Ээж (эгч) тандаа
Дашлуулан өргөж
Энэ өдрийн цэнгэлийг үүсгэе︕
Өнөөдөр болбоос
Өвгөн буурал аавын минь
Өлмийн лянхуа батдахын
Өлзий хутаг оршсон
Өгөөмөр зохист эрин
Өтгөс их настанаа
Өргөн дээдэлж хүндэлдэг нь
Өргөн монголын жам
Өвч олны заншил
Өнөөгийн бидний баясгалан
Өсөх хойчист үлгэр
Өрнөн мандахын бэлэг
Өвлөж залгахын ерөөл
Өдгөө цагийн баяр
Өнөд үүрд мөнхрөх
Өлзийтэй найрыг үүсгэеэ︕
