ᠬᠣᠴᠣᠷᠤᠭᠳᠠᠨᠠ ᠭᠡᠵᠦ ᠁ – ᠰ ᠂ ᠯᠤᠴᠢᠨ Хоцрогдоно гэж ᠁ – С ᠂ Лочин
ᠬᠣᠴᠣᠷᠤᠭᠳᠠᠨᠠ ᠭᠡᠵᠦ ᠁
( ᠬᠣᠱᠣᠩ ᠥᠭᠦᠯᠡᠯᠭᠡ)
ᠬᠥᠮᠦᠨ ᠬᠣᠴᠣᠷᠤᠭᠳᠠᠨᠠ ᠭᠡᠵᠦ ᠴᠠᠭ ᠢ᠋ᠶ᠋ᠠᠨ ᠪᠣᠯᠬᠤ ᠪᠠᠷ ᠮᠥᠨ ᠴᠦ᠍ ᠠᠮᠠᠷᠬᠠᠨ ᠠᠵᠢ᠃ ᠬᠣᠴᠣᠷᠤᠭᠳᠠᠯ ᠭᠡᠭᠴᠢ ᠶᠠᠭᠤ ᠪᠣᠯᠬᠤ ᠶ᠋ᠢ ᠪᠢ ᠶᠠᠰᠤ ᠮᠢᠬᠠᠨ ᠳ᠋ᠠᠭᠠᠨ ᠬᠦᠷᠲᠡᠯ᠎ᠡ ᠮᠡᠳᠡᠳᠡᠭ ᠬᠥᠮᠦᠨ ᠦ᠌ ᠨᠢᠭᠡ ᠪᠢᠯᠡ᠃ ᠶᠠᠭᠠᠬᠢᠭᠠᠳ ᠲᠡᠢᠮᠦ ᠪᠣᠯᠤᠭᠰᠠᠨ ᠶᠤᠮ ᠪᠣᠢ ᠭᠡᠪᠡᠯ ᠬᠡᠳᠦᠨ ᠵᠢᠯ ᠦ᠋ᠨ ᠡᠮᠦᠨ᠎ᠡ ᠦᠢᠯᠡᠳᠪᠦᠷᠢᠴᠢᠨ ᠦ᠌ ᠡᠪᠯᠡᠯ ᠦ᠋ᠨ ᠬᠣᠷᠢᠶᠠᠨ ᠳ᠋ᠤ᠌ ᠲᠠᠢᠯᠤᠨ ᠰᠣᠩᠭᠣᠭᠤᠯᠢ ᠶ᠋ᠢᠨ ᠬᠤᠷᠠᠯ ᠳᠡᠭᠡᠷ᠎ᠡ《 ᠭᠠᠯᠵᠠᠭᠤ》 ᠶᠠᠩᠵᠢᠨ ᠪᠣᠰᠴᠤ ᠢᠷᠡᠭᠡᠳ᠄
— ᠡᠨᠡ ᠬᠦ᠌ ᠨᠥᠬᠥᠷ ᠲᠠᠭᠪᠠ ᠪᠣᠯᠪᠠᠰᠤ ᠣᠷᠴᠢᠨ ᠦᠶ᠎ᠡ ᠶ᠋ᠢᠨ ᠬᠥᠭᠵᠢᠯ ᠡᠴᠡ ᠮᠠᠰᠢᠳᠠ ᠶᠡᠬᠡ ᠪᠡᠷ ᠬᠣᠴᠣᠷᠤᠭᠳᠠᠭᠰᠠᠨ ᠪᠥᠭᠡᠳ ᠠᠵᠢᠯ ᠤ᠋ᠨ ᠠᠷᠭ᠎ᠠ ᠪᠠᠷᠢᠯ᠂ ᠪᠤᠰᠤᠳ ᠲᠠᠢ ᠬᠠᠷᠢᠯᠴᠠᠬᠤ ᠬᠠᠷᠢᠯᠴᠠᠭ᠎ᠠ ᠨᠢ ᠪᠦᠳᠦᠭᠦᠯᠢᠭ ᠡᠲᠡᠭᠡᠳ ᠮᠥᠨ ᠪᠣᠯᠠᠢ᠃ ᠬᠣᠶᠠᠷ ᠳᠣᠯᠣᠭ᠎ᠠ ᠬᠣᠨᠣᠭ ᠤ᠋ᠨ ᠡᠮᠦᠨ᠎ᠡ ᠨᠠᠮ᠎ᠠ ᠶ᠋ᠢ ᠺᠣᠨᠲ᠋ᠣᠷ ᠲᠤ ᠨᠢ ᠣᠷᠣᠬᠤ ᠳ᠋ᠤ᠌ ᠵᠥᠪᠰᠢᠶᠡᠷᠡᠯ ᠠᠪᠤᠭᠰᠠᠨ ᠦᠭᠡᠢ᠂ ᠬᠦᠨᠳᠦᠳᠬᠡᠭᠰᠡᠨ ᠦᠭᠡᠢ ᠭᠡᠬᠦ ᠵᠡᠷᠭᠡ ᠪᠡᠷ ᠵᠠᠩᠨᠠᠭᠰᠠᠨ᠁ ᠭᠡᠳ ᠯᠡ《 ᠠᠶᠤᠩᠭ᠎ᠠ》 ᠪᠠᠭᠤᠯᠭᠠᠵᠤ ᠨᠢᠭᠤᠷ ᠢ᠋ ᠮᠢᠨᠢ ᠤᠯᠠᠢᠯᠭᠠᠨ᠂ ᠨᠢᠳᠦ ᠶ᠋ᠢ ᠮᠢᠨᠢ ᠪᠦᠯᠲᠡᠢᠯᠭᠡᠭᠰᠡᠨ ᠡᠴᠡ ᠬᠣᠢᠰᠢ《 ᠬᠣᠴᠣᠷᠤᠭᠳᠠᠭᠰᠠᠨ》 ᠭᠡᠳᠡᠭ ᠦᠭᠡ ᠶ᠋ᠢ ᠰᠣᠨᠣᠰᠬᠤ ᠲᠠᠢ ᠵᠡᠷᠭᠡ ᠥᠪᠡᠷ ᠦ᠋ᠨ ᠡᠷᠬᠡ ᠦᠭᠡᠢ ᠰᠠᠭᠤᠳᠠᠯ ᠳ᠋ᠠᠭᠠᠨ ᠬᠠᠪᠢᠴᠢᠳᠠᠭ( ᠣᠢᠷᠠᠲᠤᠵᠤ ᠣᠴᠢᠬᠤ) ᠵᠠᠩ ᠲᠠᠢ ᠪᠣᠯᠤᠭᠰᠠᠨ ᠶᠤᠮ ᠳᠠ᠃ ᠲᠡᠷᠡ ᠬᠤᠷᠠᠯ ᠤ᠋ᠨ ᠳᠠᠷᠠᠭ᠎ᠠ ᠪᠢ ᠥᠪᠡᠷ ᠦ᠋ᠨ ᠰᠢᠭᠦᠮᠵᠢᠯᠡᠯ ᠢ᠋ ᠥᠷᠨᠢᠭᠦᠯᠵᠦ《 ᠨᠥᠬᠥᠷ ᠲᠠᠭᠪᠠ ᠴᠢ ᠦᠨᠡᠬᠡᠷ ᠬᠣᠴᠣᠷᠤᠭᠳᠠᠵᠠᠢ᠂ ᠣᠳᠣᠬᠠᠨ ᠪᠡᠶ᠎ᠡ ᠪᠡᠨ ᠪᠣᠯᠪᠠᠰᠤᠷᠠᠭᠤᠯᠵᠤ( ᠡᠷᠳᠡᠮ ᠮᠡᠳᠡᠯᠭᠡ ᠡᠵᠡᠮᠰᠢᠬᠦ) ᠬᠠᠮᠲᠤ ᠠᠵᠢᠯᠯᠠᠳᠠᠭ ᠲᠡᠷᠢᠭᠦᠨ ᠦ᠌ ᠬᠥᠮᠦᠰ ᠢ᠋ᠶ᠋ᠡᠨ ᠭᠦᠢᠴᠡᠵᠦ ᠲᠡᠷᠢᠭᠦᠯᠡᠬᠦ ᠨᠢ ᠪᠠᠢᠭ ᠭᠡᠬᠦ ᠳ᠋ᠦ᠍ ᠲᠡᠳᠡᠨ ᠦ᠌ ᠪᠠᠷᠤᠭ ᠲᠤ ᠬᠦᠷᠬᠦ ᠲᠠᠯ᠎ᠠ ᠪᠠᠷ ᠲᠣᠳᠣᠷᠬᠠᠢ ᠲᠥᠯᠥᠪᠯᠡᠭᠡ ᠵᠣᠬᠢᠶᠠᠨ ᠠᠵᠢᠯᠯᠠᠰᠤᠭᠠᠢ》 ᠭᠡᠰᠡᠨ ᠬᠠᠲᠠᠭᠤ ᠲᠤᠰᠢᠶᠠᠯ ᠥᠭᠭᠦᠭᠰᠡᠨ ᠪᠢᠯᠡ᠃
ᠲᠡᠢᠨ ᠪᠡᠶ᠎ᠡ ᠪᠡᠨ ᠪᠣᠯᠪᠠᠰᠤᠷᠭᠤᠯᠬᠤ ᠶ᠋ᠢᠨ ᠲᠤᠯᠠᠳᠠ᠍ ᠡᠳᠦᠷ ᠪᠦᠷᠢ ᠶ᠋ᠢᠨ ᠰᠣᠨᠢᠨ ᠤ᠋《 ᠣᠷᠣᠨ ᠪᠦᠬᠦᠨ᠁》 ᠡᠴᠡ ᠨᠢ ᠠᠪᠤᠭᠠᠳ《 ᠢᠨᠳ᠋ᠸᠺᠡᠰ》( ᠢᠯᠡᠳᠬᠡᠭᠴᠢ ᠲᠣᠭ᠎ᠠ) ᠬᠦᠷᠲᠡᠯ᠎ᠡ ᠨᠢ ᠤᠩᠰᠢᠳᠠᠭ ᠪᠣᠯᠪᠠ᠃《 ᠮᠥᠨ ᠨᠠᠰᠤᠨ ᠳ᠋ᠤ᠌ ᠬᠦᠷᠥᠭᠴᠢᠳ ᠡᠴᠡ》 ᠣᠯᠠᠨ ᠬᠥᠮᠦᠨ ᠦ᠌ ᠭᠠᠷ ᠳᠠᠮᠵᠢᠨ ᠶᠠᠪᠤᠬᠤ ᠠᠳᠠᠯ ᠶᠠᠪᠤᠳᠠᠯᠲᠤ ᠰᠣᠨᠢᠨ ᠨᠣᠮ ᠤ᠋ᠨ ᠳᠣᠲᠣᠷ᠎ᠠ ᠶ᠋ᠢ ᠲᠡᠳᠦᠢ ᠯᠡ ᠨᠠᠷᠢᠨ ᠡᠰᠡ ᠣᠢᠯᠠᠭᠠᠪᠠᠴᠤ ᠶᠡᠬᠡ ᠠᠮᠲᠠᠷᠬᠠᠭᠰᠠᠨ ᠳᠦᠷᠢ ᠦᠵᠡᠭᠦᠯᠦᠨ ᠤᠩᠰᠢᠨ᠎ᠠ᠃ ᠪᠠᠭ᠎ᠠ ᠳ᠋ᠠᠭᠠᠨ ᠠᠯᠲᠠᠢ ᠨᠤᠲᠤᠭ ᠤ᠋ᠨ ᠴᠢᠯᠠᠭᠤᠷᠬᠠᠭ ᠭᠠᠵᠠᠷ ᠬᠥᠯ ᠨᠢᠴᠦᠭᠦᠨ ᠶᠡᠬᠡ ᠭᠦᠶᠦᠳᠡᠭ ᠪᠠᠢᠭᠰᠠᠨ ᠠ᠋ᠴᠠ ᠪᠢᠴᠠᠷᠠᠵᠤ ᠬᠡᠪ ᠠᠯᠳᠠᠭᠰᠠᠨ ᠬᠥᠯ ᠢ᠋ ᠮᠢᠨᠢ ᠬᠠᠪᠴᠢᠨ ᠵᠣᠪᠠᠭᠠᠬᠤ ᠥᠯᠮᠡᠢ ᠬᠠᠪᠴᠢᠭ ᠱᠠᠬᠠᠢ᠂ ᠨᠠᠷᠢᠨ ᠥᠮᠥᠳᠥ ᠡᠮᠦᠰᠴᠦ᠂ ᠣᠢᠷ᠎ᠠ ᠶ᠋ᠢᠨ ᠬᠠᠷᠠᠭ᠎ᠠ ᠲᠠᠢ ᠨᠢᠳᠦᠨ ᠳ᠋ᠡᠭᠡᠨ ᠵᠤᠵᠠᠭᠠᠨ ᠬᠠᠷ᠎ᠠ ᠰᠢᠯ ᠵᠡᠭᠦᠵᠦ ᠬᠣᠴᠣᠷᠤᠭᠳᠠᠯ ᠠ᠋ᠴᠠ ᠪᠡᠶ᠎ᠡ ᠪᠡᠨ《 ᠬᠠᠮᠠᠭᠠᠯᠠᠬᠤ》 ᠨᠡᠢᠲᠡ ᠶ᠋ᠢᠨ ᠵᠢᠱ᠌ᠢᠭ ᠳᠠᠭᠠᠳᠠᠭ ᠪᠣᠯᠤᠯ᠎ᠠ᠃ ᠮᠢᠨᠦ ᠪᠡᠶ᠎ᠡ ᠰᠤᠷᠭᠠᠭᠤᠯᠢ ᠲᠡᠭᠦᠰᠦᠭᠡᠳ ᠤᠳᠠᠭ᠎ᠠ ᠦᠭᠡᠢ ᠭᠢᠯ᠎ᠠ ᠴᠢᠯᠡ ᠪᠣᠯᠤᠭᠰᠠᠨ ᠵᠠᠯᠠᠭᠤ ᠲᠠᠢ ᠬᠠᠮᠲᠤ ᠠᠵᠢᠯᠯᠠᠳᠠᠭ ᠶᠤᠮ᠃ ᠥᠷᠯᠥᠭᠡ ᠨᠠᠮ᠎ᠠ ᠶ᠋ᠢ ᠣᠷᠣᠵᠤ ᠢᠷᠡᠬᠦ ᠳ᠋ᠦ᠍ ᠵᠠᠯᠠᠭᠤ ᠨᠥᠬᠥᠷ ᠮᠠᠨᠢ ᠪᠢᠴᠢᠨ᠎ᠡ ᠭᠡᠵᠦ ᠴᠤ᠌ ᠵᠡᠷᠡᠢᠯᠭᠡᠵᠦ ᠪᠠᠢᠪᠠ᠃ ᠲᠠᠨᠢᠳᠠᠭ ᠬᠥᠮᠦᠨ ᠲᠡᠢ ᠪᠡᠨ ᠠᠭᠤᠯᠵᠠᠬᠤ ᠪᠦᠷᠢ ᠮᠡᠨᠳᠦᠯᠡᠵᠦ ᠬᠠᠵᠠᠭᠤ ᠪᠠᠷ ᠨᠢ ᠥᠩᠭᠡᠷᠡᠬᠦ ᠳ᠋ᠡᠭᠡᠨ《 ᠪᠠᠶᠠᠷᠯᠠᠯ᠎ᠠ᠂ ᠲᠠᠨ ᠳ᠋ᠤ᠌》᠂《 ᠠᠭᠤᠴᠢᠯᠠᠭᠠᠷᠠᠢ᠂ ᠨᠠᠮ᠎ᠠ ᠶ᠋ᠢ》 ᠮᠡᠲᠦ ᠶ᠋ᠢᠨ ᠦᠭᠡ ᠬᠡᠯᠡᠵᠦ ᠮᠡᠬᠦᠢᠨ ᠲᠣᠩᠭᠣᠯᠵᠠᠵᠤ ᠪᠠᠢᠬᠤ ᠨᠢ ᠬᠣᠴᠣᠷᠤᠭᠳᠠᠭᠠ ᠦᠭᠡᠢ ᠬᠥᠮᠦᠨ ᠦ᠌ ᠰᠢᠨᠵᠢ ᠭᠡᠵᠦ ᠪᠣᠳᠣᠳᠠᠭ ᠤᠴᠢᠷ ᠡᠨᠡ ᠤᠳᠠᠭ᠎ᠠ ᠴᠤ᠌ ᠬᠡᠳᠦᠢᠪᠡᠷ ᠵᠠᠯᠠᠭᠤ ᠨᠥᠬᠥᠷ ᠡᠴᠡ ᠬᠣᠷᠢ ᠭᠠᠷᠤᠢ ᠠᠬ᠎ᠠ ᠪᠣᠯᠪᠠᠴᠤ᠄
— ᠰᠠᠢᠬᠠᠨ ᠨᠣᠢᠷᠰᠤᠪᠠ ᠤᠤ ᠳᠠ ᠭᠡᠵᠦ ᠬᠢᠷᠢ ᠳ᠋ᠡᠭᠡᠨ ᠴᠣᠪᠣᠭᠣ ᠳᠤᠤᠭᠠᠷᠴᠤ ᠨᠠᠬᠢᠯᠵᠠᠪᠠ᠃
ᠵᠠᠯᠠᠭᠤ ᠨᠥᠬᠥᠷ ᠮᠢᠨᠦ ᠵᠦᠭ ᠲᠣᠯᠣᠭᠠᠢ ᠪᠠᠨ ᠦᠯᠦ ᠮᠡᠳᠡᠭ ᠳᠣᠬᠢᠭᠠᠳ ᠦᠷᠭᠦᠯᠵᠢᠯᠡᠭᠦᠯᠦᠨ ᠪᠢᠴᠢᠵᠦ ᠡᠬᠢᠯᠡᠪᠡ᠃ ᠲᠡᠭᠦᠨ ᠳ᠋ᠡᠭᠡᠨ ᠶᠡᠬᠡ ᠤᠯᠠᠢᠷᠠᠭᠰᠠᠨ ᠪᠣᠯᠤᠯᠲᠠᠢ ᠵᠠᠯᠠᠭᠤ ᠨᠥᠬᠥᠷ ᠢ᠋ᠶ᠋ᠡᠨ ᠠᠵᠢᠭᠯᠠᠪᠠᠯ ᠨᠢᠳᠦ ᠭᠢᠯᠪᠠᠭᠤᠯᠤᠭᠰᠠᠨ ᠡᠷᠢᠶᠡᠨ ᠫᠢᠳ᠋ᠵᠠᠺ ① ᠤᠨ ᠬᠢᠨᠢ ᠵᠠᠬ᠎ᠠ ᠡᠷᠭᠢᠭᠰᠡᠨ ᠬᠠᠷᠠᠭᠳᠠᠪᠠ᠃ ᠥᠴᠥᠭᠡᠳᠦᠷ ᠪᠠᠰᠠ ᠵᠠᠬ᠎ᠠ ᠨᠢ ᠡᠷᠭᠢᠭᠰᠡᠨ ᠪᠠᠢᠬᠤ ᠶ᠋ᠢ ᠬᠠᠷᠠᠭᠰᠠᠨ ᠢ᠋ᠶ᠋ᠠᠨ ᠭᠡᠨᠡᠳᠲᠡ ᠰᠠᠨᠠᠭᠠᠳ ᠮᠠᠨ ᠤ᠋ ᠦᠢᠯᠡᠳᠪᠦᠷᠢ ᠶ᠋ᠢᠨ ᠡᠳ᠋ ᠪᠢᠵᠡ ᠳᠡ᠂ ᠭᠠᠳᠠᠭᠠᠳᠤ ᠶ᠋ᠢᠨ ᠪᠣᠯ ᠢᠩᠭᠢᠵᠦ ᠪᠣᠰᠤᠭᠠᠳ ᠪᠠᠢᠬᠤ ᠦᠭᠡᠢ ᠭᠡᠵᠦ ᠪᠣᠳᠣᠨ᠄
— ᠠᠭᠤᠴᠢᠯᠠᠭᠠᠷᠠᠢ᠂ ᠠᠨᠳᠠ ᠠ᠋! ᠭᠡᠪᠡᠯ ᠲᠡᠷᠡ ᠪᠢᠴᠢᠵᠦ ᠪᠠᠢᠭᠰᠠᠨ ᠶᠠᠭᠤᠮ᠎ᠠ ᠪᠠᠨ ᠲᠦᠷ ᠣᠷᠬᠢᠨ ᠨᠢᠳᠦ ᠪᠡᠨ ᠳᠦᠷᠯᠡᠢᠯᠭᠡᠨ ᠨᠠᠳᠠ ᠤᠷᠤᠭᠤ ᠬᠠᠷᠠᠪᠠ᠃ ᠡᠨᠡ ᠵᠠᠯᠠᠭᠤ ᠳ᠋ᠤ᠌ ᠪᠠᠭ᠎ᠠ ᠪᠣᠯᠪᠠᠴᠤ ᠲᠤᠰᠠ ᠪᠣᠯᠬᠤ ᠭᠡᠵᠦ ᠪᠣᠢ ᠳ᠋ᠠᠭᠠᠨ ᠶᠡᠬᠡ ᠯᠡ ᠳᠣᠳᠢᠭᠠᠷ᠄
— ᠠᠭᠤᠴᠢᠯᠠᠭᠠᠷᠠᠢ ᠠᠨᠳᠠ ᠠ᠋᠂ ᠫᠢᠳ᠋ᠵᠠᠺ ᠤ᠋ᠨ ᠴᠢᠨᠢ ᠵᠠᠬ᠎ᠠ ᠡᠷᠭᠢᠴᠡᠭᠰᠡᠨ ᠪᠠᠢᠨ᠎ᠠ ᠭᠡᠵᠦ ᠶᠡᠬᠡ ᠪᠣᠯᠪᠠᠰᠤᠨ ᠬᠡᠯᠡᠭᠡᠳ《 ᠡᠨᠡ ᠨᠥᠬᠥᠷ ᠨᠠᠳᠠ ᠪᠠᠶᠠᠷᠯᠠᠯ᠎ᠠ ᠭᠡᠵᠦ ᠬᠡᠯᠡᠭᠡᠳ ᠡᠷᠭᠢᠭᠰᠡᠨ ᠵᠠᠬ᠎ᠠ ᠪᠠᠨ ᠵᠠᠰᠠᠨ᠎ᠠ ᠪᠠᠢᠬ᠎ᠠ》 ᠭᠡᠵᠦ ᠪᠣᠳᠣᠨ ᠰᠡᠳᠬᠢᠯ ᠶᠠᠯᠢᠭᠦᠢ ᠳᠣᠭᠳᠣᠯᠣᠰᠬᠢᠪᠡ᠃ ᠭᠡᠲᠡᠯ᠎ᠡ ᠵᠠᠯᠠᠭᠤ ᠨᠥᠬᠥᠷ ᠮᠢᠨᠢ᠄
— ᠠ ᠲᠡᠷᠡ ᠶᠠᠭᠠᠬᠢᠬᠤ ᠪᠣᠢ ᠭᠡᠳ ᠶᠡᠷᠦ ᠲᠣᠭᠣᠭᠰᠠᠨ ᠰᠢᠨᠵᠢ ᠦᠭᠡᠢ ᠪᠠᠢᠪᠠ᠃ ᠪᠢ ᠮᠠᠯ ᠭᠠᠢᠬᠠᠵᠤ ᠵᠠᠯᠠᠭᠤ ᠨᠥᠬᠥᠷ ᠮᠠᠨᠢ ᠨᠠᠮ᠎ᠠ ᠶ᠋ᠢ ᠬᠥᠯ ᠡᠴᠡ ᠲᠣᠯᠣᠭᠠᠢ ᠬᠦᠷᠲᠡᠯ᠎ᠡ ᠬᠠᠷᠠᠭᠠᠳ᠄
— ᠲᠠ ᠭᠠᠢᠬᠠᠬᠤ ᠶᠠᠪᠤᠳᠠᠯ ᠦᠭᠡᠢ᠂ ᠫᠢᠳ᠋ᠵᠠᠺ ᠤ᠋ᠨ ᠵᠠᠬ᠎ᠠ ᠪᠣᠰᠬᠠᠬᠤ ᠴᠢᠨᠢ ᠰᠢᠨ᠎ᠡ ᠮᠣᠣᠳ᠋ ᠪᠣᠯᠤᠭᠠᠳ ᠪᠠᠢᠭ᠎ᠠ ᠶᠤᠮ ᠰᠢᠦ ᠬᠢᠳᠡᠭ ᠪᠠᠢᠨ᠎ᠠ᠃
— ᠠ᠋ ᠲᠠ ᠮᠢᠨᠢ! ᠬᠣᠴᠣᠷᠤᠭᠳᠠᠬᠤ ᠦᠭᠡᠢ ᠶ᠋ᠢ ᠬᠢᠴᠢᠶᠡᠭᠰᠡᠭᠡᠷ ᠪᠠᠢᠭᠰᠠᠨ ᠬᠢᠷᠢᠨ᠎ᠡ ᠪᠡᠨ ᠶᠠᠭᠠᠬᠢᠬᠤᠯᠠᠷ ᠢᠩᠭᠢᠵᠦ ᠭᠠᠭᠴᠠᠬᠠᠨ ᠥᠷᠯᠥᠭᠡ ᠪᠣᠯᠬᠤ ᠳ᠋ᠤ᠌ ᠪᠦᠷ ᠬᠣᠴᠣᠷᠣᠭᠳᠠᠴᠢᠬᠠᠳᠠᠭ ᠪᠠᠢᠨ᠎ᠠ ᠠ᠋?
– – – –
① ᠡᠸᠦ᠋ᠷᠦᠫᠡ ᠬᠤᠪᠴᠠᠰᠤᠨ ᠤ ᠴᠠᠮᠴᠠ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭ᠍ᠴᠢ ᠰᠠᠷᠠᠨ᠎ᠠ
2023᠂ 11᠂ 28 ᠤ᠋ ᠡᠳᠦᠷ
