ᠠᠪᠠᠭ᠎ᠠ ᠡᠵᠢ ᠮᠢᠨᠢ ᠭᠣᠶᠣᠬᠠᠨ᠂ ᠵᠠᠯᠠᠭᠤᠬᠠᠨ ᠪᠠᠢᠭᠰᠠᠨ- ᠳᠤᠯᠭᠠᠷᠮ᠎ᠡАбага ээж минь гоёхон, залуухан байсан-Дулгармаа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠠᠭ᠎ᠠ ᠡᠵᠢ ᠮᠢᠨᠢ ᠭᠣᠶᠣᠬᠠᠨ᠂ ᠵᠠᠯᠠᠭᠤᠬᠠᠨ ᠪᠠᠢᠭᠰᠠᠨ- ᠳᠤᠯᠭᠠᠷᠮ᠎ᠡАбага ээж минь гоёхон, залуухан байсан-Дулгармаа

ᠠᠪᠠᠭ᠎ᠠ ᠡᠵᠢ ᠮᠢᠨᠢ ᠭᠣᠶᠣᠬᠠᠨ᠂ ᠵᠠᠯᠠᠭᠤᠬᠠᠨ ᠪᠠᠢᠭᠰᠠᠨ- ᠳᠤᠯᠭᠠᠷᠮ᠎ᠡАбага ээж минь гоёхон, залуухан байсан-Дулгармаа

2023-12-01

321

ᠠᠪᠠᠭ᠎ᠠ ᠡᠵᠢ ᠮᠢᠨᠢ ᠭᠣᠶᠣᠬᠠᠨ᠂ ᠵᠠᠯᠠᠭᠤᠬᠠᠨ ᠪᠠᠢᠭᠰᠠᠨ

             ᠳᠤᠯᠭᠠᠷᠮ᠎ᠡ 
ᠰᠦᠷᠦᠭ ᠪᠣᠷᠣ ᠶ᠋ᠢᠨ ᠵᠡᠭᠡᠷ᠎ᠡ ᠰᠣᠷᠲᠣᠯᠵᠠᠨ ᠲᠠᠭᠰᠢᠵᠤ ᠪᠠᠢᠬᠤ ᠳ᠋ᠤ᠌ 
ᠰᠦᠷᠯᠢᠭ ᠥᠨᠳᠥᠷ ᠠᠭᠤᠯᠠᠰ ᠨᠢ ᠤᠨᠢᠶᠠᠷ ᠲᠡᠳᠡᠨ ᠬᠥᠬᠡᠷᠡᠵᠦ ᠪᠠᠢᠬᠤ ᠳ᠋ᠤ᠌ 
ᠰᠢᠷᠡᠭᠡ ᠤᠯᠠᠭᠠᠨ ᠲᠡᠮᠡᠭᠡ ᠨᠢ ᠭᠣᠪᠢ ᠪᠠᠷ ᠳᠦᠭᠦᠷᠡᠩ ᠪᠡᠯᠴᠢᠵᠦ ᠪᠠᠢᠬᠤ ᠳ᠋ᠤ᠌ 
ᠰᠦ ᠲᠡᠢ ᠪᠤᠷᠬᠠᠨ ᠡᠵᠢ ᠮᠢᠨᠢ ᠵᠠᠯᠠᠭᠤᠬᠠᠨ ᠰᠠᠢᠬᠠᠨ ᠭᠢᠯᠠᠷᠠᠵᠤ ᠪᠠᠢᠭᠰᠠᠨ! 
ᠴᠡᠯᠡᠭᠡᠷ ᠰᠠᠢᠬᠠᠨ ᠨᠤᠲᠤᠭ ᠮᠢᠨᠢ ᠵᠢᠯ ᠦ᠋ᠨ ᠵᠢᠯ ᠢ᠋ᠶ᠋ᠡᠷ ᠨᠣᠭᠣᠭᠠᠷᠠᠵᠤ ᠪᠠᠢᠬᠤ ᠳ᠋ᠤ᠌ 
ᠴᠠᠢᠷᠠᠬᠤ ᠪᠣᠷᠣᠭᠠᠨ ᠤ᠋ ᠮᠠᠨᠠᠨ ᠥᠷᠯᠥᠭᠡ ᠪᠣᠯᠭᠠᠨ ᠪᠠᠭᠤᠳᠠᠭ ᠪᠠᠢᠬᠤ ᠳ᠋ᠤ᠌ 
ᠴᠡᠴᠡᠭ ᠬᠤᠸᠠᠷ ᠲᠠᠢ ᠤᠷᠭᠤᠮᠠᠯ ᠨᠢ ᠲᠠᠯ᠎ᠠ ᠶ᠋ᠢ ᠪᠦᠷᠬᠦᠨ ᠤᠷᠭᠤᠳᠠᠭ ᠪᠠᠢᠬᠤ ᠳ᠋ᠤ᠌ 
ᠴᠡᠭᠡᠯᠬᠡᠨ ᠬᠣᠭᠣᠯᠠᠢ ᠲᠠᠢ ᠡᠵᠢ ᠮᠢᠨᠢ ᠳᠠᠩᠴᠤ ᠰᠠᠢᠬᠠᠨ ᠳᠠᠭᠤᠯᠠᠳᠠᠭ ᠪᠠᠢᠭᠰᠠᠨ!
ᠦᠷ ᠦ᠋ᠨ ᠭᠡᠭᠡ ᠶ᠋ᠢ ᠤᠭᠲᠤᠵᠤ ᠡᠷᠦᠬᠡ ᠪᠡᠨ ᠲᠠᠲᠠᠭᠰᠠᠨ ᠡᠵᠢ ᠮᠢᠨᠢ!
ᠥᠭᠡᠳᠡᠯᠡᠬᠦ ᠭᠠᠯ ᠢ᠋ᠶ᠋ᠠᠨ ᠬᠥᠭᠵᠢᠭᠡᠵᠦ ᠭᠣᠯᠣᠮᠲᠠ ᠪᠠᠨ ᠪᠠᠳᠠᠷᠠᠭᠠᠭ᠍ᠰᠠᠨ ᠡᠵᠢ ᠮᠢᠨᠢ
ᠦᠳᠡᠯᠦᠭᠡ ᠪᠤᠭᠤᠷᠤᠯ ᠢ᠋ᠶ᠋ᠠᠨ ᠠᠰᠠᠷᠠᠵᠤ ᠠᠴᠢᠯᠠᠯ ᠢ᠋ᠶ᠋ᠠᠨ ᠳᠡᠭᠡᠳᠦᠯᠡᠭᠰᠡᠨ ᠡᠵᠢ ᠮᠢᠨᠢ!
ᠦᠷᠭᠦᠯᠵᠢ ᠡᠨᠡᠷᠢᠬᠦ ᠪᠤᠶᠠᠨ ᠢ᠋ᠶ᠋ᠠᠷ ᠢ᠋ᠶ᠋ᠠᠨ ᠥᠭᠡᠳᠡᠯᠡᠬᠦ ᠶ᠋ᠢᠨ ᠵᠠᠶᠠᠭ᠎ᠠ ᠲᠡᠭᠰᠢᠯᠡᠵᠦ
ᠥᠩᠭᠡᠲᠦ ᠡᠨᠡ ᠬᠤᠸ᠎ᠠ ᠳ᠋ᠠᠭᠠᠨ ᠥᠨᠳᠥᠷ ᠨᠠᠰᠤᠯᠠᠨ ᠵᠢᠷᠭᠠᠭᠰᠠᠨ
ᠥᠷᠥᠰᠢᠶᠡᠯᠲᠦ ᠪᠤᠭᠤᠷᠤᠯ ᠡᠵᠢ ᠶ᠋ᠢᠨ ᠢ᠋ᠶ᠋ᠡᠨ
ᠡᠭᠦᠷᠢᠳᠡ ᠶ᠋ᠢᠨ ᠵᠢᠷᠭᠠᠯ ᠢ᠋ ᠵᠥᠩᠨᠡᠵᠦ
ᠥᠨᠢᠳᠡ ᠶ᠋ᠢᠨ ᠪᠤᠶᠠᠨ ᠢ᠋ ᠨᠢ ᠬᠤᠷᠤᠢᠯᠠᠵᠤ ᠦᠰᠦᠭ ᠬᠡᠳᠦ ᠶ᠋ᠢ ᠬᠡᠯᠬᠢᠯ᠎ᠡ!
ᠬᠤᠷᠤᠢ ᠬᠤᠷᠤᠢ! ᠬᠤᠷᠤᠢ ᠬᠤᠷᠤᠢ!
ᠡᠭᠦᠷᠢᠳᠡ ᠠᠮᠤᠭᠤᠯᠠᠩ ᠵᠢᠷᠭᠠᠭᠠᠰᠠᠢ!
ᠬᠤᠷᠤᠢ ᠬᠤᠷᠤᠢ! ᠬᠤᠷᠤᠢ ᠬᠤᠷᠤᠢ!
ᠤᠷᠲᠤ ᠨᠠᠰᠤᠯᠠᠵᠤ᠂ ᠤᠳᠠᠭᠠᠨ ᠵᠢᠷᠭᠠᠬᠤ ᠪᠣᠯᠲᠤᠭᠠᠢ!

   ᠦᠰᠦᠭ ᠠᠮᠢᠯᠠᠭᠤᠯᠤᠭᠴᠢ ᠄ ᠣᠳᠬᠠᠨᠴᠡᠴᠡᠭ
   ᠬᠢᠨᠠᠭᠴᠢ ᠪᠠᠭᠰᠢ᠄ ᠭᠠᠷᠮ᠎ᠠ᠂ ᠣᠳᠬᠠᠨᠰᠣ᠎ᠠ