1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠢᠮᠦ ᠰᠠᠢᠬᠠᠨ ᠭᠥᠯᠢᠭᠡᠷ ᠭᠥᠯᠴᠢᠭᠡᠷ ᠭᠥᠯᠲᠥᠭᠡᠷ ᠪᠠᠯᠲᠠᠭᠠᠷ ᠬᠣᠲᠣᠭᠣᠷ ᠭᠦᠳᠦᠭᠦᠷ ᠬᠣᠩᠬᠣᠷ ᠬᠥᠩᠬᠥᠷ ᠭᠠᠵᠠᠷ- ᠰᠠᠢᠬᠠᠨᠲᠠᠯᠠᠢ

ᠡᠢᠮᠦ ᠰᠠᠢᠬᠠᠨ ᠭᠥᠯᠢᠭᠡᠷ ᠭᠥᠯᠴᠢᠭᠡᠷ ᠭᠥᠯᠲᠥᠭᠡᠷ ᠪᠠᠯᠲᠠᠭᠠᠷ ᠬᠣᠲᠣᠭᠣᠷ ᠭᠦᠳᠦᠭᠦᠷ ᠬᠣᠩᠬᠣᠷ ᠬᠥᠩᠬᠥᠷ ᠭᠠᠵᠠᠷ- ᠰᠠᠢᠬᠠᠨᠲᠠᠯᠠᠢ

2023-11-30

4710

ᠭᠠᠯ ᠢ᠋ ᠭᠠᠷ ᠢ᠋ᠶ᠋ᠠᠷ ᠪᠠᠷᠢᠵᠤ ᠪᠣᠯᠬᠤ ᠦᠭᠡᠢ 
ᠭᠠᠯ ᠢ᠋ ᠭᠠᠷ ᠢ᠋ᠶ᠋ᠠᠷ ᠪᠠᠷᠢᠪᠠᠯ 
ᠭᠠᠯ ᠭᠠᠷ ᠢ᠋ ᠬᠠᠯᠠᠭᠠᠨ᠎ᠠ᠃ 
ᠭᠠᠯ ᠢ᠋ ᠭᠠᠯ ᠤ᠋ᠨ ᠬᠠᠢᠴᠢ ᠪᠠᠷ ᠬᠠᠪᠴᠢᠪᠠᠯ 
ᠭᠠᠯ ᠭᠠᠯ ᠤ᠋ᠨ ᠬᠠᠢᠴᠢ ᠶ᠋ᠢ ᠬᠠᠯᠠᠭᠠᠨ᠎ᠠ 
ᠭᠠᠯ ᠭᠠᠷ ᠢ᠋ ᠬᠠᠯᠠᠭᠠᠬᠤ ᠦᠭᠡᠢ᠃ 

ᠡᠢᠮᠦ ᠰᠠᠢᠬᠠᠨ ᠭᠥᠯᠢᠭᠡᠷ ᠭᠥᠯᠴᠢᠭᠡᠷ ᠬᠦᠯᠲᠦᠭᠡᠷ ᠪᠠᠯᠲᠠᠭᠠᠷ 
ᠬᠣᠲᠣᠭᠣᠷ ᠭᠦᠳᠦᠭᠦᠷ ᠬᠣᠩᠬᠣᠷ ᠬᠥᠩᠬᠥᠷ ᠭᠠᠵᠠᠷ ᠢ᠋ 
ᠭᠥᠯᠢᠭᠡᠷ ᠭᠥᠯᠴᠢᠭᠡᠷ ᠬᠦᠯᠲᠦᠭᠡᠷ ᠪᠠᠯᠲᠠᠭᠠᠷ ᠬᠣᠲᠣᠭᠣᠷ 
ᠭᠦᠳᠦᠭᠦᠷ ᠬᠣᠩᠬᠣᠷ ᠬᠥᠩᠬᠥᠷ ᠭᠠᠵᠠᠷ ᠭᠡᠬᠦ ᠦᠭᠡᠢ 
ᠥᠭᠡᠷ᠎ᠡ ᠶᠠᠮᠠᠷ ᠡᠢᠮᠦ ᠰᠠᠢᠬᠠᠨ ᠭᠥᠯᠢᠭᠡᠷ ᠬᠥᠯᠴᠢᠬᠡᠷ ᠬᠦᠯᠲᠦᠭᠡᠷ ᠪᠠᠯᠲᠠᠭᠠᠷ
ᠬᠣᠲᠣᠭᠣᠷ ᠭᠦᠳᠦᠭᠦᠷ ᠬᠣᠩᠬᠣᠷ ᠬᠥᠩᠬᠥᠷ ᠭᠠᠵᠠᠷ ᠢ᠋
ᠭᠥᠯᠢᠭᠡᠷ ᠬᠥᠯᠴᠢᠬᠡᠷ ᠬᠦᠯᠲᠦᠭᠡᠷ ᠪᠠᠯᠲᠠᠭᠠᠷ ᠬᠣᠲᠣᠭᠣᠷ
ᠭᠦᠳᠦᠭᠦᠷ ᠬᠣᠩᠬᠣᠷ ᠬᠥᠩᠬᠥᠷ ᠭᠠᠵᠠᠷ ᠭᠡᠬᠦ ᠪᠣᠢ

ᠮᠣᠩᠭᠣᠯ ᠤ᠋ᠨ ᠮᠣᠳᠣᠨ ᠬᠦᠷᠢᠶ᠎ᠡ
ᠬᠦᠷᠢᠶᠡᠨ ᠦ᠌ ᠬᠦᠴᠦᠨ ᠨᠠᠴᠢᠨ
ᠨᠠᠴᠢᠨ ᠤ᠋ ᠨᠠᠢ᠍ᠮᠠᠨ ᠭᠠᠯᠠᠭᠤ
ᠭᠠᠯᠠᠭᠤᠨ ᠤ᠋ ᠭᠠᠭᠴᠠ ᠥᠨᠳᠡᠭᠡ
ᠥᠨᠳᠡᠭᠡᠨ ᠦ᠌ ᠥᠪᠥᠭᠡᠷ ᠴᠢᠯᠠᠭᠤ
ᠴᠢᠯᠠᠭᠤᠨ ᠤ᠋ ᠴᠣᠪᠠᠬᠠᠢ ᠳᠡᠯᠳᠡᠭᠡ

ᠳᠡᠯᠳᠡᠭᠡᠨᠡᠨ ᠦ᠌ ᠳᠡᠯᠢᠮ ᠬᠤᠰᠤᠭᠤᠷ
ᠬᠤᠰᠤᠭᠤᠷ ᠤ᠋ᠨ ᠬᠤᠰᠤᠷ ᠪᠠᠳᠢᠷ
ᠪᠠᠳᠢᠷ ᠤ᠋ᠨ ᠪᠡᠷᠬᠡ ᠰᠠᠢᠷ
ᠰᠠᠢᠷ ᠤ᠋ᠨ ᠰᠠᠢᠬᠠᠨ ᠨᠠᠭᠤᠷ
ᠨᠠᠭᠤᠷ ᠤ᠋ᠨ ᠨᠣᠪᠠᠬᠠᠢ ᠵᠢᠭᠠᠰᠤ
ᠵᠢᠭᠠᠰᠤᠨ ᠤ᠋ ᠵᠠᠷᠢᠮ ᠬᠡᠯᠬᠢᠶ᠎ᠡ
ᠬᠡᠯᠬᠢᠶᠡᠨ ᠦ᠌ ᠬᠡᠳᠦᠨ ᠶᠠᠰᠤ

ᠮᠠᠨ ᠤ᠋ ᠮᠥᠩᠭᠥᠨ ᠬᠠᠭᠠᠨ ᠤ᠋ ᠮᠢᠩᠭ᠎ᠠ
ᠨᠢᠭᠡᠨ ᠮᠥᠩᠭᠥᠨ ᠪᠥᠮᠪᠥᠭᠡ ᠶ᠋ᠢ ᠮᠢᠩᠭ᠎ᠠ
ᠨᠢᠭᠡᠨ ᠮᠥᠩᠭᠥᠨ ᠪᠥᠮᠪᠥᠭᠡ ᠭᠡᠵᠦ ᠬᠡᠯᠡᠬᠦ ᠦᠭᠡᠢ
ᠥᠭᠡᠷ᠎ᠡ ᠶᠠᠮᠠᠷ ᠮᠥᠩᠭᠥᠨ ᠬᠠᠭᠠᠨ ᠤ᠋ ᠮᠢᠩᠭ᠎ᠠ
ᠨᠢᠭᠡᠨ ᠮᠥᠩᠭᠥᠨ ᠪᠥᠮᠪᠥᠭᠡ ᠶ᠋ᠢ ᠮᠢᠩᠭ᠎ᠠ
ᠨᠢᠭᠡᠨ ᠮᠥᠩᠭᠥᠨ ᠪᠥᠮᠪᠥᠭᠡ ᠭᠡᠵᠦ ᠬᠡᠯᠡᠬᠦ ᠪᠣᠢ

ᠮᠠᠨ ᠤ᠋ ᠮᠤᠬᠤᠷ ᠤᠯᠠᠭᠠᠨ
ᠬᠤᠴᠠᠨ ᠤ᠋ ᠡᠪᠡᠷ
ᠮᠣᠰᠬᠢᠯᠳᠤᠭᠤᠷ ᠤᠤ᠂ ᠲᠣᠰᠬᠢᠰᠳᠤᠭᠤᠷ ᠤᠤ
ᠲᠠᠨ ᠤ᠋ ᠮᠤᠬᠤᠷ ᠤᠯᠠᠭᠠᠨ
ᠬᠤᠴᠠᠨ ᠤ᠋ ᠡᠪᠡᠷ
ᠮᠤᠰᠬᠢᠯᠳᠤᠭᠤᠷ ᠤᠤ᠂ ᠲᠤᠰᠬᠢᠯᠳᠤᠭᠤᠷ ᠤᠤ

ᠬᠤᠯᠠᠨ ᠵᠢᠷᠣᠭ᠎ᠠ᠂ ᠰᠣᠷᠣᠨ ᠵᠢᠯᠣᠭᠣ
ᠬᠤᠯᠠᠨ ᠵᠢᠷᠣᠭ᠎ᠠ᠂ ᠰᠣᠷᠣᠨ ᠵᠢᠯᠣᠭᠣ

ᠡᠷᠭᠢᠨ ᠳᠡᠭᠡᠷ᠎ᠡ ᠡᠯᠢᠶ᠎ᠡ ᠬᠡᠷᠢᠶ᠎ᠡ ᠭᠠᠯᠠᠭᠤ ᠭᠤᠷᠪᠠ
ᠡᠷᠡᠦ ᠠᠮᠠ ᠪᠠᠨ ᠳᠣᠯᠢᠶᠠᠯᠴᠠᠨ᠎ᠠ
ᠬᠡᠷᠡᠮ ᠳᠡᠭᠡᠷ᠎ᠡ
ᠬᠡᠷᠢᠶ᠎ᠡ ᠡᠯᠢᠶ᠎ᠡ ᠭᠠᠯᠠᠭᠤ ᠭᠤᠷᠪᠠ ᠬᠡᠯᠡ ᠠᠮᠠ ᠪᠠᠨ ᠳᠣᠯᠢᠶᠠᠯᠴᠠᠨ᠎ᠠ

ᠠᠷᠪᠠᠨ ᠲᠠᠪᠤᠨ ᠤ᠋ ᠰᠠᠷᠠ
ᠠᠯᠤᠰ ᠢ᠋ᠶ᠋ᠠᠷ ᠬᠦᠷᠢᠶᠡᠯᠡᠪᠡ ᠤᠤ
ᠣᠢᠷ᠎ᠠ ᠪᠠᠷ ᠬᠦᠷᠢᠶᠡᠯᠡᠪᠡ ᠤᠤ
ᠬᠣᠷᠢᠨ ᠲᠠᠪᠤᠨ ᠤ᠋ ᠰᠠᠷᠠ
ᠬᠣᠯᠠᠭᠤᠷ ᠬᠦᠷᠢᠶᠡᠯᠡᠪᠡ ᠤᠤ
ᠣᠢᠷ᠎ᠠ ᠪᠠᠷ ᠬᠦᠷᠢᠶᠡᠯᠡᠪᠡ ᠤᠤ


ᠡᠨᠡ ᠣᠯᠠᠨ ᠣᠷᠢᠶᠠᠴᠠᠯᠳᠤᠭᠰᠠᠨ ᠳᠡᠭᠡᠰᠦᠨ ᠦ᠌
ᠣᠷᠢᠶᠠᠴᠠᠯᠳᠤᠭᠰᠠᠨ ᠣᠷᠢᠶᠠᠴᠠᠯᠳᠤᠯᠭ᠎ᠠ ᠶ᠋ᠢ ᠨᠢ
ᠣᠯᠤᠶ᠎ᠠ ᠭᠡᠳ ᠣᠷᠢᠶᠠᠴᠠᠯᠳᠤᠭᠰᠠᠨ ᠣᠷᠢᠶᠠᠴᠠᠯᠳᠤᠯᠭ᠎ᠠ ᠪᠠᠷ ᠨᠢ
ᠣᠷᠢᠶᠠᠴᠠᠯᠳᠤᠭᠰᠠᠨ ᠣᠷᠢᠶᠠᠴᠠᠯᠳᠤᠯᠭ᠎ᠠ ᠶ᠋ᠢ ᠨᠢ ᠣᠷᠣᠭᠤᠯᠤᠭᠠᠳ
ᠡᠨᠡ ᠣᠯᠠᠨ ᠣᠷᠢᠶᠠᠴᠠᠯᠳᠤᠭᠰᠠᠨ ᠳᠡᠭᠡᠰᠦᠨ ᠦ᠌
ᠣᠷᠢᠶᠠᠴᠠᠯᠳᠤᠭᠰᠠᠨ ᠣᠷᠢᠶᠠᠴᠠᠯᠳᠤᠯᠭ᠎ᠠ ᠶ᠋ᠢ ᠨᠢ
ᠣᠯᠵᠤ ᠡᠰᠡ ᠳᠡᠢᠯᠦᠭᠡᠳ᠂ ᠡᠨᠡ ᠣᠯᠠᠨ ᠣᠷᠢᠶᠠᠴᠠᠯᠳᠤᠭᠰᠠᠨ
ᠳᠡᠭᠡᠰᠦ ᠶ᠋ᠢ ᠣᠷᠢᠶᠠᠴᠠᠯᠳᠤᠭᠰᠠᠨ ᠣᠷᠢᠶᠠᠴᠠᠯᠳᠤᠯᠭ᠎ᠠ ᠲᠠᠢ ᠨᠢ ᠣᠷᠭᠢᠴᠢᠬᠠᠯ᠎ᠠ

ᠢᠯᠡᠦᠷ ᠬᠠᠭᠠᠷᠢᠭᠤᠯ ᠪᠠᠯᠠᠯᠤᠭᠤᠷ
ᠪᠠᠯᠠᠯᠤᠭᠤᠷ ᠢᠯᠡᠦᠷ ᠬᠠᠭᠠᠷᠢᠭᠤᠯ

ᠠᠯᠠᠭ᠎ᠠ ᠨᠢ ᠡᠨᠡ ᠪᠠᠢᠨ᠎ᠠ
ᠠᠷᠤ ᠨᠢ ᠡᠨᠡ ᠪᠠᠢᠨ᠎ᠠ
ᠠᠯᠠᠭ᠎ᠠ ᠨᠢ ᠡᠨᠡ ᠪᠠᠢᠨ᠎ᠠ

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠣᠳᠬᠠᠨᠰᠣ᠎ᠠ