ᠲᠤᠩᠭᠠᠯᠲᠠ- ᠰᠠᠢᠨᠴᠢᠨᠠᠷТунгалт-сайнчинээр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠲᠠ- ᠰᠠᠢᠨᠴᠢᠨᠠᠷТунгалт-сайнчинээр

ᠲᠤᠩᠭᠠᠯᠲᠠ- ᠰᠠᠢᠨᠴᠢᠨᠠᠷТунгалт-сайнчинээр

2023-11-30

248

ᠲᠤᠩᠭᠠᠯᠲᠠ

     ᠰᠠᠢᠨᠴᠢᠨᠠᠷ 2021᠂4᠂6 
ᠳᠠᠷᠤᠤᠬᠠᠨ ᠵᠠᠩ ᠢ᠋ ᠪᠠᠷᠢᠭᠠᠳ 
ᠳᠠᠪᠰᠢᠭᠠᠳ ᠢᠷᠡᠬᠦ ᠶ᠋ᠢᠨ ᠴᠠᠭ ᠲᠤ᠌᠂ 
ᠳᠠᠪᠰᠢᠭᠤᠷᠠᠵᠤ ᠪᠠᠢᠭᠰᠠᠨ ᠬᠥᠮᠦᠰ 
ᠳᠠᠭᠠᠭᠠᠳ ᠢᠷᠡᠬᠦ ᠴᠠᠭ ᠪᠣᠢ᠃ 

ᠤᠬᠠᠭᠠᠨ ᠲᠠᠮᠢᠷ ᠢ᠋ᠶ᠋ᠠᠨ ᠴᠢᠩᠭᠠᠯᠠᠭᠠᠳ 
ᠤᠷᠤᠭᠰᠢᠲᠠᠢ ᠪᠣᠯᠬᠤ ᠶ᠋ᠢᠨ ᠴᠠᠭ ᠲᠤ᠌᠂ 
ᠤᠷᠪᠠᠭᠠᠳ ᠶᠠᠪᠤᠭᠰᠠᠨ ᠨᠥᠬᠥᠳ ᠴᠢᠨᠢ 
ᠡᠷᠭᠢᠭᠡᠳ ᠢᠷᠡᠬᠦ ᠴᠠᠭ ᠪᠣᠢ᠃ 

ᠥᠪᠡᠷ ᠦ᠋ᠨ ᠪᠡᠶ᠎ᠡ ᠳ᠋ᠡᠭᠡᠨ ᠲᠦᠰᠢᠭᠡᠳ 
ᠥᠨᠳᠡᠢᠭᠡᠳ ᠢᠷᠡᠬᠦ ᠶ᠋ᠢᠨ ᠴᠠᠭ ᠲᠤ᠌᠂ 
ᠥᠰᠢᠯᠳᠦᠵᠦ ᠪᠠᠢᠭᠰᠠᠨ ᠳᠠᠢᠰᠤᠨ 
ᠦᠶᠡᠷᠬᠡᠭᠡᠳ ᠢᠷᠡᠬᠦ ᠴᠠᠭ ᠪᠣᠢ᠃ 

ᠬᠠᠲᠠᠭᠤᠬᠠᠨ ᠪᠣᠳᠣᠯ ᠢ᠋ ᠶ᠋ᠢ ᠪᠠᠷᠢᠭᠠᠳ
ᠬᠦᠴᠦ ᠲᠡᠢ ᠪᠣᠯᠬᠤ ᠶ᠋ᠢᠨ ᠴᠠᠭ ᠲᠤ᠌᠂
ᠬᠠᠶᠠᠭᠠᠳ ᠶᠠᠪᠤᠭᠰᠠᠨ ᠨᠥᠬᠥᠳ ᠴᠢᠨᠢ
ᠬᠦᠷᠦᠭᠡᠳ ᠢᠷᠡᠬᠦ ᠴᠠᠭ ᠪᠣᠢ᠃

ᠳᠡᠭᠡᠷᠡᠩᠭᠦᠢ ᠵᠠᠩ ᠭᠠᠷᠭᠠᠭᠠᠳ
ᠳᠡᠩᠳᠡᠭᠦᠦ ᠬᠡᠲᠦᠷᠡᠭᠡᠳ ᠢᠷᠡᠬᠦ ᠳ᠋ᠦ᠍᠂
ᠳᠡᠷᠭᠡᠳᠡ ᠪᠠᠢᠭᠰᠠᠨ ᠨᠥᠬᠥᠳ ᠴᠢᠨᠢ
ᠲᠡᠰᠬᠦ ᠦᠭᠡᠢ ᠶᠠᠪᠤᠬᠤ ᠴᠠᠭ ᠪᠣᠢ᠃

ᠲᠣᠭᠰᠢᠨ ᠬᠠᠷᠭᠢᠰ ᠬᠡᠲᠦᠷᠡᠭᠡᠳ
ᠳᠣᠷᠣᠢᠲᠠᠭᠠᠳ ᠢᠷᠡᠬᠦ ᠶ᠋ᠢᠨ ᠴᠠᠭ ᠲᠤ᠌᠂
ᠳᠣᠲᠣᠨᠣ ᠪᠠᠢᠭᠰᠠᠨ ᠨᠥᠬᠥᠳ ᠴᠢᠨᠢ
ᠳᠤᠲᠠᠭᠠᠭᠠᠳ ᠶᠠᠪᠤᠬᠤ ᠴᠠᠭ ᠪᠣᠢ᠃

ᠬᠣᠢᠭᠤᠷ ᠬᠤᠯᠵᠢᠨ ᠬᠡᠲᠦᠷᠡᠭᠡᠳ
ᠬᠣᠣᠷᠲᠠᠢ ᠶᠠᠪᠤᠬᠤ ᠶ᠋ᠢᠨ ᠴᠠᠭ ᠲᠤ᠌᠂
ᠬᠠᠯᠠᠭᠤᠬᠠᠨ ᠪᠠᠢᠭᠰᠠᠨ ᠨᠥᠬᠥᠳ ᠴᠢᠨᠢ
ᠬᠠᠶᠠᠭᠠᠳ ᠶᠠᠪᠤᠬᠤ ᠴᠠᠭ ᠪᠣᠢ᠃

ᠪᠠᠢᠭ᠎ᠠ ᠵᠢᠭᠠᠬᠠᠨ ᠳ᠋ᠠᠭᠠᠨ ᠡᠷᠳᠦᠭᠡᠳ
ᠪᠠᠷᠳᠠᠮᠨᠠᠭᠠᠳ ᠢᠷᠡᠬᠦ ᠶ᠋ᠢᠨ ᠴᠠᠭ ᠲᠤ᠌᠂
ᠪᠥᠭᠡᠮᠨᠡᠷᠡᠵᠦ ᠪᠠᠢᠭᠰᠠᠨ ᠨᠥᠬᠥᠳ ᠴᠢᠨᠢ
ᠪᠤᠲᠠᠷᠠᠭᠠᠳ ᠶᠠᠪᠤᠬᠤ ᠴᠠᠭ ᠪᠣᠢ᠃

ᠬᠦᠴᠦᠲᠡᠢ ᠪᠣᠯᠬᠤ ᠶ᠋ᠢᠨ ᠡᠮᠦᠨ᠎ᠡ
ᠬᠥᠮᠦᠨ ᠳ᠋ᠦ᠍ ᠪᠢᠲᠡᠭᠡᠢ ᠭᠣᠮᠣᠳᠠ᠂
ᠬᠦᠴᠦᠷᠬᠡᠭ ᠪᠣᠯᠤᠭᠰᠠᠨ ᠤ᠋ ᠬᠣᠢᠨ᠎ᠠ
ᠬᠥᠮᠦᠨ ᠢ᠋ ᠪᠢᠲᠡᠭᠡᠢ ᠪᠠᠰᠤᠮᠵᠢᠯᠠ᠃

ᠪᠠᠭᠤᠷᠠᠢ ᠪᠠᠢᠬᠤ ᠶ᠋ᠢᠨ ᠦᠶ᠎ᠡ ᠳ᠋ᠡᠭᠡᠨ
ᠪᠤᠰᠤᠳ ᠲᠤ᠌ ᠪᠢᠲᠡᠭᠡᠢ ᠭᠣᠮᠣᠳᠠ᠂
ᠪᠠᠭᠠᠲᠤᠷ ᠴᠢᠳᠠᠯᠲᠠᠢ ᠪᠠᠢᠭᠰᠠᠨ ᠴᠤ᠌
ᠪᠤᠰᠤᠳ ᠢ᠋ ᠪᠢᠲᠡᠭᠡᠢ ᠳᠣᠷᠣᠮᠵᠢᠯᠠ᠃

   ᠦᠰᠦᠭ ᠠᠮᠢᠯᠠᠭᠤᠯᠤᠭᠰᠠᠨ᠄ ᠪᠠᠶᠠᠨᠰᠡᠷᠡᠩ
   ᠬᠢᠨᠠᠭᠴᠢ ᠪᠠᠭᠰᠢ᠄ ᠣᠳᠬᠠᠨᠰᠣ᠎ᠠ