ᠴᠣᠢᠨᠣᠮ 《ᠵᠡᠭᠦᠳᠦ》Чойном “зүүд”
《ᠵᠡᠭᠦᠳᠦ》 ᠰᠢᠯᠦᠭ
ᠴᠣᠢᠨᠣᠮ
ᠤᠷᠢᠳᠤ ᠰᠥᠨᠢ ᠪᠢ
ᠨᠢᠭᠡ ᠭᠤᠶᠤᠯᠭᠠᠴᠢᠨ ᠡᠪᠦᠭᠡᠨ ᠵᠡᠭᠦᠳᠦᠯᠡᠯ᠎ᠡ᠂
ᠤᠷᠠᠩᠬᠠᠢ ᠨᠣᠣᠷᠬᠠᠢ ᠬᠤᠪᠴᠠᠰᠤ ᠲᠠᠢ᠂
ᠤᠷᠤᠭᠤ ᠳᠣᠷᠣᠢ ᠴᠢᠷᠠᠢ ᠲᠠᠢ᠂
ᠤᠷᠲᠤ ᠰᠢᠷ᠎ᠠ ᠰᠠᠬᠠᠯ ᠲᠠᠢ᠂
ᠤᠬᠢᠯᠠᠭᠰᠠᠨ ᠡᠪᠦᠭᠡᠨ ᠶᠠᠪᠤᠵᠤ ᠪᠠᠢᠬᠤ ᠶᠤᠮ
ᠰᠠᠢᠨ ᠪᠠᠢᠨ᠎ᠠ ᠤᠤ? ᠲᠠ ᠶᠠᠭᠤᠨ ᠳ᠋ᠤ᠌ ᠣᠬᠢᠯᠠᠭ᠎ᠠ ᠪᠣᠢ?
ᠭᠡᠪᠡᠯ
ᠰᠠᠢᠨ ᠢ᠋ᠶ᠋ᠠᠨ ᠴᠤ᠌ ᠠᠯᠲᠠ᠂ ᠨᠣᠬᠠᠢ ᠳᠣᠯᠢᠶᠠ ᠂
ᠰᠠᠯᠵᠤ ᠪᠦᠬᠦᠨ ᠡᠴᠡ ᠪᠡᠨ ᠰᠠᠯᠤᠭᠠᠳ᠂
ᠰᠠᠨᠠᠭ᠎ᠠ ᠰᠡᠳᠬᠢᠯ ᠢ᠋ᠶ᠋ᠡᠨ ᠬᠦᠷᠲᠡᠯ᠎ᠡ ᠬᠤᠳᠠᠯᠳᠤᠭᠠᠳ
ᠰᠠᠯᠭᠠᠯᠠᠵᠤ ᠶᠠᠪᠤᠨ᠎ᠠ ᠳᠠ ᠬᠦᠦ ᠮᠢᠨᠢ᠃
ᠶᠠᠭᠠᠬᠢᠴᠢᠬᠠᠭᠰᠠᠨ ᠶᠤᠮ ᠪᠣᠯ ᠳᠠ?
ᠵᠠᠢᠯᠠᠭᠤᠯ᠂ ᠶᠠᠳᠠᠷᠠᠵᠤ ᠮᠤᠩᠭᠠᠨᠢᠭᠠᠳ ᠯᠠ
ᠲᠡᠷᠡ ᠪᠠᠢᠬᠤ ᠳᠠ᠂ ᠬᠥᠭᠡᠷᠦᠬᠦᠢ᠃
ᠶᠠᠭᠤᠮ᠎ᠠ ᠪᠠᠨ ᠬᠥᠮᠦᠨ ᠳ᠋ᠦ᠍ ᠪᠤᠯᠢᠶᠠᠯᠭᠠᠭᠠ ᠶᠤᠮ ᠪᠣᠯᠪᠠ ᠤᠤ?
ᠶᠠᠭᠤ ᠯᠠ ᠪᠠᠵᠠᠭᠠᠭᠠ ᠪᠣᠯ ᠭᠡᠵᠦ ᠳᠡ᠂ ᠭᠡᠵᠦ
ᠦᠷᠦ ᠡᠪᠡᠳᠴᠦ ᠪᠢ ᠳᠣᠲᠣᠷ᠎ᠠ ᠪᠠᠨ ᠪᠣᠳᠣᠭᠠᠳ
ᠡᠪᠦᠭᠡᠨ ᠢ᠋ ᠳᠠᠭᠤ ᠦᠭᠡᠢᠬᠡᠨ ᠰᠢᠷᠳᠡᠯ᠎ᠡ
ᠥᠴᠥᠢᠵᠦ ᠰᠠᠯᠭᠠᠯᠠᠭᠰᠠᠨ ᠲᠤᠷᠠᠩᠬᠠᠢ ᠡᠪᠦᠭᠡᠨ
ᠥᠭᠡᠳᠡ ᠡᠴᠡ ᠬᠠᠷᠠᠵᠤ᠂
ᠤᠷᠢᠳᠤ ᠪᠢ ᠡᠵᠡᠨ ᠬᠠᠭᠠᠨ ᠪᠠᠢᠯ᠎ᠠ᠂
ᠤᠯᠤᠰ ᠭᠦᠷᠦᠨ ᠲᠡᠢ᠂ ᠨᠡᠷ᠎ᠡ ᠲᠥᠷᠥ ᠲᠡᠢ
ᠲᠦᠮᠡᠨ ᠭᠠᠵᠠᠷ ᠢ᠋ ᠡᠵᠡᠯᠡᠭᠰᠡᠨ ᠨᠤᠲᠤᠭ ᠲᠠᠢ
ᠲᠡᠦᠬᠡ ᠶ᠋ᠢ ᠳᠣᠩᠰᠣᠯᠭᠠᠭᠰᠠᠨ ᠮᠣᠷᠢᠨ ᠴᠡᠷᠢᠭ ᠲᠡᠢ ᠪᠠᠢᠯ᠎ᠠ
ᠣᠳᠣ ᠶᠠᠭᠤ ᠴᠤ᠌ ᠪᠠᠢᠬᠤ ᠦᠭᠡᠢ
ᠣᠷᠴᠢᠯᠠᠩ ᠤ᠋ᠨ ᠡᠯᠡᠭ ᠳᠣᠭᠣᠭᠢ ᠪᠣᠯᠵᠤ᠂
ᠤᠯᠠ ᠪᠠᠨ ᠱᠠᠭᠠᠢᠭᠰᠠᠨ ᠬᠡᠳᠦᠨ ᠬᠡᠦᠬᠡᠳ
ᠤᠯᠤᠰ ᠪᠣᠯᠵᠤ ᠲᠣᠭᠯᠠᠵᠤ ᠪᠠᠢᠨ᠎ᠠ
ᠬᠠᠷᠠᠭᠠᠳ ᠨᠢᠳᠦ ᠮᠢᠨᠢ ᠡᠪᠡᠳᠬᠦ ᠰᠢᠭ᠂
ᠬᠠᠷᠠᠮᠰᠠᠭᠠᠳ ᠡᠯᠢᠭᠡ ᠵᠢᠷᠦᠬᠡ ᠮᠢᠨᠢ ᠡᠪᠡᠳᠬᠦ ᠰᠢᠭ᠂
ᠠᠯᠢ ᠮᠠᠭᠤ ᠶ᠋ᠢ ᠪᠡᠨ ᠦᠵᠡᠵᠦ ᠪᠠᠷᠠᠬᠤ ᠠ᠋ᠴᠠ ᠪᠠᠨ ᠨᠠᠭᠠᠨ᠎ᠠ᠂
ᠠᠪᠰᠠᠨ ᠳ᠋ᠤ᠌ ᠪᠠᠨ ᠣᠴᠢᠵᠤ ᠨᠢᠳᠦ ᠳᠠᠯᠳᠠ ᠬᠡᠪᠲᠡᠶ᠎ᠡ
ᠭᠤᠶᠤᠯᠭᠠᠴᠢᠨ ᠡᠪᠦᠭᠡᠨ ᠢᠩᠭᠢᠵᠦ
ᠭᠤᠳᠢᠭ ᠦᠭᠡᠢ ᠳᠣᠩᠭᠣᠰᠬᠤ ᠶ᠋ᠢ ᠦᠵᠡᠪᠡᠯ᠂
ᠤᠬᠠᠭᠠᠨ ᠨᠢ ᠪᠠᠰᠠ ᠬᠤᠪᠴᠠᠰᠤ ᠰᠢᠭ᠋ ᠢ᠋ᠶ᠋ᠡᠨ
ᠤᠷᠠᠭᠳᠠᠵᠤ ᠪᠣᠯᠢᠭᠰᠠᠨ ᠪᠣᠯᠤᠯᠲᠠᠢ᠃
ᠲᠡᠰᠬᠡᠯ ᠦᠭᠡᠢ ᠪᠢ ᠰᠡᠭᠦᠷᠡᠰᠦ ᠠᠯᠳᠠᠭᠠᠳ
ᠲᠡᠭᠡ ᠳᠡ ᠲᠠ᠂ ᠳᠠᠯᠳᠠ ᠣᠷᠣᠵᠤ ᠦᠵᠡ
ᠬᠡᠴᠡᠭᠦᠦ ᠭᠠᠯᠵᠠᠭᠤ ᠲᠣᠰᠴᠤ ᠳᠠ ᠲᠠᠨ ᠳ᠋ᠤ᠌
ᠬᠡᠵᠢᠶ᠎ᠡ ᠡᠳᠡᠭᠡᠨ᠎ᠡ ᠭᠡᠵᠦ ᠶᠠᠪᠤᠬᠤ ᠪᠣᠢ ᠳᠠ᠂ ᠭᠡᠲᠡᠯ᠎ᠡ
ᠠᠭᠤᠷᠰᠠᠭᠰᠠᠨ ᠡᠪᠦᠭᠡᠨ ᠨᠣᠭᠣᠭᠠᠨ ᠨᠢᠳᠦ ᠪᠡᠷ ᠢ᠋ᠶ᠋ᠡᠨ
ᠣᠯᠠᠨ ᠠ᠋ᠴᠠ ᠣᠷᠣᠢ ᠬᠦᠷᠲᠡᠯ᠎ᠡ ᠬᠠᠷᠠᠭᠠᠳ
ᠦ ᠦᠬᠦᠵᠦ ᠬᠡᠪᠲᠡᠭᠰᠡᠨ ᠮᠠᠭᠤ ᠰᠦᠭ ᠠ᠋᠂
ᠥᠯᠪᠡᠷᠴᠦ ᠦᠬᠦᠬᠦ ᠳ᠋ᠡᠭᠡᠨ ᠲᠠᠭᠠᠷᠠᠭᠰᠠᠨ ᠮᠠᠯ ᠠ᠋
ᠡᠷᠲᠡᠨ ᠡᠴᠡ ᠮᠣᠩᠭᠣᠯᠴᠤᠳ ᠲᠡᠨᠡᠭ ᠪᠠᠢᠭᠰᠠᠨ ᠶᠤᠮ᠂
ᠡᠳᠦᠭᠡ ᠪᠦᠷ ᠰᠣᠯᠢᠶᠠᠷᠠᠵᠠᠭᠠᠵᠤ ᠭᠡᠮ᠂
ᠡᠬᠡ ᠡᠴᠢᠭᠡ ᠦᠭᠡᠢ ᠬᠡᠦᠬᠡᠳ ᠰᠢᠭ ᠴᠢᠷᠠᠢ ᠠᠯᠳᠠᠴᠢᠬᠠᠭᠠᠳ᠃
ᠡᠵᠡᠨ ᠬᠠᠭᠠᠨ ᠢ᠋ᠶ᠋ᠠᠨ ᠴᠤ᠌ ᠲᠠᠨᠢᠬᠤ ᠪᠠᠨ ᠪᠣᠯᠢᠵᠠᠢ ᠭᠡᠮ᠃
ᠲᠠ ᠴᠢᠨᠢ ᠮᠠᠨ ᠤ᠋ ᠡᠵᠡᠨ ᠬᠠᠭᠠᠨ ᠢ᠋ᠶ᠋ᠠᠷ·
ᠪᠠᠢᠭᠰᠠᠨ ᠶᠤᠮ ᠤᠤ
ᠥᠭᠡᠷ᠎ᠡ ᠬᠡᠨ ᠦ᠌ ᠬᠢ ᠪᠠᠢᠬᠤ ᠶᠤᠮ ᠮᠠᠯ ᠮᠢᠨᠢ᠂
ᠲᠠ ᠨᠠᠷ ᠠ᠋ᠴᠠ ᠪᠤᠰᠤᠳ ᠤᠯᠤᠰ
ᠡᠪᠦᠭᠡ ᠳᠡᠭᠡᠳᠦᠰ ᠢ᠋ᠶ᠋ᠡᠨ ᠲᠠᠨᠢᠬᠤ ᠲᠠᠢ ᠪᠠᠨ ᠪᠠᠢᠬᠤ ᠳ᠋ᠤ᠌᠂
ᠭᠡᠵᠦ ᠢᠷᠡᠭᠡᠳ ᠯᠡ ᠭᠤᠳᠢᠭ ᠦᠭᠡᠢ ᠠᠢᠯᠠᠳᠤᠭᠠᠳ ᠥᠭᠡᠳᠡ ᠡᠴᠡ ᠰᠢᠷᠳᠡᠯ᠎ᠡ᠃
ᠭᠤᠶᠤᠯᠭᠠᠴᠢᠨ ᠬᠢᠷᠢ ᠨᠢ ᠪᠡᠨ᠂ ᠣᠮᠣᠭᠲᠠᠢ ᠭᠡᠳᠡᠭ ᠨᠢ᠃
ᠵᠠ ᠲᠡᠢᠮᠦ ᠪᠣᠯᠲᠤᠭᠠᠢ᠂ ᠲᠡᠢᠮᠦ ᠪᠣᠯᠲᠤᠭᠠᠢ᠃
ᠠᠶ᠎ᠠ ᠪᠠᠷ ᠨᠢ ᠶ᠋ᠢᠨ ᠪᠠᠢᠶ᠎ᠠ
ᠪᠢᠳᠡᠨ ᠦ᠌ ᠠᠮᠠ ᠪᠠᠷ ᠶᠢᠷᠲᠢᠨᠴᠦ ᠬᠤᠪᠢᠷᠠᠬᠤ ᠪᠢᠰᠢ ᠳᠡ᠃
ᠲᠠ ᠬᠠᠭᠠᠨ ᠪᠠᠢᠭᠰᠠᠨ ᠪᠠᠢᠵᠤ ᠪᠣᠯᠤᠨ᠎ᠠ᠂
ᠲᠠᠩᠰᠤᠭ ᠰᠠᠢᠬᠠᠨ ᠬᠤᠪᠴᠠᠰᠤᠨ ᠤ᠋ ᠪᠠᠨ ᠣᠷᠣᠨ ᠳ᠋ᠤ᠌ ᠂
ᠲᠠᠭᠠᠷ ᠨᠠᠪᠲᠠᠰᠤ ᠨᠥᠮᠥᠷᠴᠢᠬᠡᠭᠰᠡᠨ ᠪᠣᠯᠬᠤᠯᠠᠷ ᠴᠢᠨᠢ ᠯᠡ
ᠲᠠᠨᠢᠭᠰᠠᠨ ᠦᠭᠡᠢ ᠰᠢᠦ ᠥᠷᠥᠰᠢᠶᠡᠭᠡᠷᠡᠢ
ᠥᠷᠥᠰᠢᠶᠡᠯ ᠮᠢᠨᠢ ᠴᠤ᠌ ᠶᠠᠭᠠᠮᠠᠢ ᠬᠦᠦ ᠮᠢᠨᠢ
ᠡᠮᠦᠰᠬᠡᠯ ᠵᠡᠭᠦᠯᠲᠡ ᠬᠠᠮᠤᠭ ᠪᠦᠬᠦᠨ ᠢ᠋ ᠮᠢᠨᠢ
ᠪᠤᠯᠠᠰᠢᠨ ᠳ᠋ᠤ᠌ ᠪᠠᠢᠬᠤ ᠳ᠋ᠤ᠌ ᠮᠢᠨᠢ ᠬᠡᠭᠦᠷ ᠲᠣᠨᠣᠭᠠᠴᠢᠨ ᠨᠤᠭᠤᠳ
ᠪᠤᠯᠲᠤ ᠶ᠋ᠢ ᠨᠢ ᠠᠪᠤᠭᠠᠳ ᠬᠤᠳᠠᠯᠳᠤᠴᠢᠬᠠᠭᠰᠠᠨ ᠶᠤᠮ
ᠣᠳᠣ ᠯᠸᠨᠢᠨᠭᠷᠠᠲ ᠲᠤ᠌ ᠪᠠᠢᠳᠠᠭ ᠶᠤᠮ᠃ᠣᠴᠢᠭ᠎ᠠ ᠦᠭᠡᠢ ᠪᠢᠵᠡ ᠳᠡ᠂
ᠴᠢ ᠶᠠᠭᠤ ᠶ᠋ᠢ ᠪᠡᠨ ᠦᠵᠡᠬᠦ ᠪᠣᠢ ᠳᠠ᠂
ᠴᠢ ᠦᠵᠡᠭᠰᠡᠨ ᠴᠢᠨᠢ ᠵᠥᠪᠬᠡᠨ
ᠡᠷᠢᠶᠡᠨ ᠴᠠᠭᠠᠰᠤ ᠦᠰᠦᠭ ᠡᠴᠡ ᠪᠡᠨ ᠴᠠᠭᠠᠰᠢ ᠦᠭᠡᠢ᠃
ᠴᠥᠮ ᠬᠤᠳᠠᠯ ᠠ᠋ ᠭᠠᠭᠴᠠ ᠦᠨᠡᠨ ᠶᠠᠭᠤᠮ᠎ᠠ ᠭᠡᠪᠡᠯ
ᠲᠠ ᠨᠠᠷ ᠤ᠋ᠨ ᠭᠠᠷ ᠮᠤᠬᠤᠷ᠂ ᠨᠢᠳᠦ ᠰᠣᠬᠣᠷ ᠪᠠᠢᠨ᠎ᠠ ᠃
ᠬᠦᠵᠦᠭᠦᠨ ᠳ᠋ᠦ᠍ ᠪᠡᠨ ᠳᠥᠩᠭᠡ ᠲᠡᠢ ᠪᠠᠢᠬᠤ ᠳ᠋ᠤ᠌ ᠪᠠᠨ ᠴᠤ᠌ ᠪᠢ ᠴᠤ᠌ ᠢᠩᠭᠢᠵᠦ
ᠬᠥᠮᠦᠨ ᠦ᠌ ᠡᠷᠬᠡᠨ ᠳ᠋ᠦ᠍ ᠰᠥᠭᠥᠳᠴᠦ ᠶᠠᠪᠤᠭ᠎ᠠ ᠦᠭᠡᠢ ᠶᠦᠮ
ᠵᠠ ᠵᠠ ᠴᠢᠮ᠎ᠠ ᠲᠠᠢ ᠶᠠᠷᠢᠭᠠᠳ ᠴᠤ᠌ ᠶᠠᠭᠠᠬᠢᠬᠤ ᠶᠤᠮ᠃
ᠵᠠᠰᠠᠭ ᠵᠠᠶᠠᠭ᠎ᠠ ᠬᠣᠶᠠᠷ ᠲᠤ ᠪᠠᠨ ᠭᠣᠮᠣᠳᠠ ᠂ ᠭᠡᠵᠦ ᠬᠡᠯᠡᠭᠡᠳ
ᠵᠠᠳᠠᠷᠠᠭᠰᠠᠨ ᠡᠪᠦᠭᠡᠨ ᠴᠠᠭᠠᠰᠢ ᠪᠠᠨ ᠡᠷᠭᠢᠭᠡᠳ
ᠵᠠᠮ ᠢ᠋ᠶ᠋ᠠᠨ ᠳᠠᠭᠠᠭᠠᠳ ᠬᠡᠯᠲᠦᠷᠢᠵᠦ ᠣᠳᠤᠯ᠎ᠠ᠃
ᠬᠥᠮᠦᠨ ᠲᠥᠷᠥᠯᠬᠢᠲᠡᠨ ᠢ᠋ ᠠᠶᠤᠯᠭᠠᠬᠤ ᠶ᠋ᠢ ᠨᠢ ᠪᠢᠲᠡᠭᠡᠢ ᠬᠡᠯᠡ᠂
ᠬᠡᠦᠬᠡᠳ ᠨᠣᠬᠠᠢ ᠶ᠋ᠢᠨ ᠲᠣᠭᠯᠠᠭᠠᠮ ᠪᠣᠯᠤᠮᠠᠷ
ᠬᠠᠳᠤᠭᠰᠠᠨ ᠨᠠᠪᠴᠢ ᠰᠢᠭ᠋ ᠥᠴᠦᠬᠡᠨ ᠡᠨᠡ ᠡᠪᠦᠭᠡᠨ
ᠬᠠᠵᠠᠭᠠᠨᠠᠭᠰᠠᠭᠠᠷ ᠪᠠᠷ᠎ᠠ ᠲᠠᠰᠤᠷᠠᠯ᠎ᠠ
ᠡᠵᠡᠨ ᠴᠢᠩᠭᠢᠰ᠂ ᠡᠵᠡᠨ ᠴᠢᠩᠭᠢᠰ ᠡᠨᠡ ᠤᠤ? ᠭᠡᠭᠰᠡᠭᠡᠷ
ᠡᠯᠢᠭᠡ ᠪᠡᠨ ᠬᠥᠰᠢᠲᠡᠯ᠎ᠡ ᠬᠥᠬᠥᠷᠡᠪᠡ ᠠ᠋᠃
ᠳᠡᠩᠳᠡᠭᠦᠦ ᠢᠨᠢᠶᠡᠯ᠎ᠡ ᠭᠡᠳ ᠰᠡᠷᠡᠭᠰᠡᠨ ᠴᠢᠨᠢ
ᠳᠡᠷᠡ ᠪᠡᠨ ᠨᠡᠪᠲᠡᠷᠡᠲᠡᠯ᠎ᠡ ᠤᠬᠢᠯᠠᠭᠰᠠᠨ ᠪᠠᠢᠯ᠎ᠠ᠃
