ᠥᠨᠭᠭᠡᠷᠡᠭᠰᠡᠨ ᠦᠶ᠎ᠡ ᠶᠢᠨ ᠪᠠᠭᠠᠲᠤᠷ ᠤᠨ ᠥᠨᠥ᠍ ᠦᠶ᠎ᠡ ᠶᠢᠨ ᠶᠠᠪᠤᠳᠠᠯ – ᠴ ᠂ ᠯᠣᠳᠣᠢᠳᠠᠮᠪᠠ Өнгөрсөн үеийн баатрын өнөө үеийн явдал – Ч ᠂ Лодойдамба ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠭᠭᠡᠷᠡᠭᠰᠡᠨ ᠦᠶ᠎ᠡ ᠶᠢᠨ ᠪᠠᠭᠠᠲᠤᠷ ᠤᠨ ᠥᠨᠥ᠍ ᠦᠶ᠎ᠡ ᠶᠢᠨ ᠶᠠᠪᠤᠳᠠᠯ – ᠴ ᠂ ᠯᠣᠳᠣᠢᠳᠠᠮᠪᠠ Өнгөрсөн үеийн баатрын өнөө үеийн явдал – Ч ᠂ Лодойдамба

ᠥᠨᠭᠭᠡᠷᠡᠭᠰᠡᠨ ᠦᠶ᠎ᠡ ᠶᠢᠨ ᠪᠠᠭᠠᠲᠤᠷ ᠤᠨ ᠥᠨᠥ᠍ ᠦᠶ᠎ᠡ ᠶᠢᠨ ᠶᠠᠪᠤᠳᠠᠯ – ᠴ ᠂ ᠯᠣᠳᠣᠢᠳᠠᠮᠪᠠ Өнгөрсөн үеийн баатрын өнөө үеийн явдал – Ч ᠂ Лодойдамба

ᠠᠩᠭᠢᠯᠠᠯ:ᠬᠣᠱᠣᠩ ᠱᠣᠭ
2023-11-27

272

ᠥᠨᠭᠭᠡᠷᠡᠭᠰᠡᠨ ᠦᠶ᠎ᠡ ᠶᠢᠨ ᠪᠠᠭᠠᠲᠤᠷ ᠤᠨ ᠥᠨᠥ᠍ ᠦᠶ᠎ᠡ ᠶᠢᠨ ᠶᠠᠪᠤᠳᠠᠯ


                                 ᠴ᠂ ᠯᠣᠳᠤᠢᠳᠠᠮᠪᠠ    
                                           ( ᠬᠣᠱᠣᠩ ᠥᠭᠦᠯᠡᠯᠭᠡ) 

         ᠬᠠᠪᠤᠷ ᠤ᠋ᠨ ᠰᠠᠯᠬᠢ ᠦᠭᠡᠢ ᠳᠤᠯᠠᠭᠠᠨ ᠣᠷᠣᠢ ᠲᠠᠯ᠎ᠠ ᠨᠤᠲᠤᠭ ᠬᠡᠴᠢᠨᠡᠨ ᠰᠠᠢᠬᠠᠨ ᠪᠠᠢᠳᠠᠭ ᠢ᠋ ᠤᠩᠰᠢᠭᠴᠢ ᠲᠠ ᠯᠠᠪ ᠮᠡᠳᠡᠬᠦ ᠪᠢᠵᠡ᠃ ᠰᠣᠶᠣᠭᠠᠯᠠᠵᠤ ᠪᠠᠢᠭ᠎ᠠ ᠨᠢᠯᠬ᠎ᠠ ᠨᠣᠭᠣᠭᠠᠨ ᠤ᠋ ᠬᠤᠷᠴᠠ ᠦᠨᠦᠷ  ᠠᠩᠭᠢᠯᠦᠭᠠᠳ ᠬᠣᠯᠠ ᠣᠢᠷ᠎ᠠ ᠶ᠋ᠢᠨ ᠶᠠᠭᠤᠮ᠎ᠠ ᠬᠥᠬᠡᠮᠳᠦᠭ ᠤᠨᠢᠶᠠᠷ ᠤ᠋ᠨ ᠳᠤᠮᠳᠠ ᠵᠢᠷᠪᠢᠯᠵᠡᠨ᠂ ᠵᠡᠷᠭᠡᠯᠡᠵᠦ ᠰᠡᠷᠭᠦᠨ ᠪᠠᠢᠭ᠎ᠠ ᠪᠠᠢᠭᠠᠯᠢ ᠤᠷᠢᠬᠠᠨ ᠴᠠᠭ ᠤ᠋ᠨ ᠰᠢᠨᠡᠬᠡᠨ ᠠᠮᠢᠳᠤᠷᠠᠯ ᠢ᠋ᠶ᠋ᠠᠷ ᠠᠮᠢᠰᠬᠤᠯᠠᠵᠦ ᠪᠠᠢᠳᠠᠭ ᠪᠢᠯᠡ᠃ ᠰᠤᠪᠠᠭ ᠬᠣᠩᠬᠣᠷ ᠢ᠋ ᠳᠠᠭᠠᠵᠤ ᠬᠠᠲᠠᠭᠤ ᠡᠪᠦᠯ ᠦ᠋ᠨ ᠴᠠᠭ ᠤ᠋ᠨ ᠲᠡᠮᠳᠡᠭ ᠪᠣᠯᠤᠨ ᠦᠯᠡᠳᠡᠭᠰᠡᠨ ᠴᠣᠬᠣᠷ ᠴᠠᠰᠤ ᠨᠠᠷᠠᠨ ᠤ᠋ ᠭᠡᠷᠡᠯ ᠳ᠋ᠦ᠍ ᠭᠢᠯᠲᠠᠭᠠᠨᠠᠨ᠂ ᠴᠠᠭᠠᠨ ᠰᠢᠷ᠎ᠠ ᠲᠤᠶᠠᠭ᠎ᠠ ᠰᠠᠴᠤᠷᠠᠭᠤᠯᠵᠤ ᠰᠢᠪᠲᠤᠷᠴᠤ ᠪᠠᠢᠭ᠎ᠠ ᠦᠵᠡᠰᠭᠦᠯᠡᠩ ᠢ᠋ᠶ᠋ᠡᠷ ᠢ᠋ᠶ᠋ᠡᠨ ᠵᠣᠭᠰᠣᠯ ᠦᠭᠡᠢ ᠳᠣᠪᠲᠣᠯᠤᠨ ᠢᠷᠡᠵᠦ ᠪᠠᠢᠭ᠎ᠠ ᠬᠠᠪᠤᠷ ᠤ᠋ᠨ ᠶᠡᠬᠡᠮᠰᠦᠭ ᠶᠣᠰᠣᠯᠠᠯ ᠲᠠᠢ ᠲᠡᠮᠡᠴᠡᠯᠳᠦᠪᠡᠴᠦ ᠴᠥᠮ ᠬᠠᠪᠤᠷ ᠤ᠋ᠨ ᠪᠠᠢᠭᠠᠯᠢ ᠶ᠋ᠢᠨ ᠶᠡᠬᠡᠮᠰᠦᠭ ᠠᠮᠢᠰᠬᠤᠯ ᠳ᠋ᠤ᠌ ᠲᠠᠲᠠᠭᠳᠠᠨ ᠣᠷᠣᠵᠠᠢ᠃ 
        ᠥᠷᠭᠡᠨ ᠲᠠᠯ᠎ᠠ ᠶ᠋ᠢᠨ ᠪᠠᠷᠠᠭᠤᠨ ᠬᠢᠵᠠᠭᠠᠷ ᠨᠢ ᠪᠣᠯᠵᠤ ᠦᠷᠭᠦᠯᠵᠢᠯᠡᠭᠰᠡᠨ ᠤᠷᠲᠤ ᠬᠥᠪᠡᠭᠡ ᠶ᠋ᠢ ᠣᠭᠲᠣᠯᠤᠨ ᠭᠠᠷᠤᠭᠰᠠᠨ ᠨᠠᠷᠢᠬᠠᠨ ᠵᠠᠮ ᠢ᠋ ᠤᠷᠤᠭᠤᠳᠠᠨ ᠮᠣᠷᠢᠲᠠᠢ ᠬᠣᠶᠠᠷ ᠬᠥᠮᠦᠨ ᠵᠡᠷᠭᠡᠴᠡᠨ ᠶᠠᠷᠢᠯᠴᠠᠭᠰᠠᠭᠠᠷ ᠶᠠᠪᠤᠯ᠎ᠠ᠃ ᠵᠥᠪ ᠲᠠᠯ᠎ᠠ ᠳ᠋ᠤᠨᠢ ᠶᠠᠪᠤᠭ᠎ᠠ ᠭᠤᠴᠢ ᠣᠷᠴᠢᠮ ᠨᠠᠰᠤᠲᠠᠢ ᠬᠥᠮᠦᠨ ᠢ᠋ ᠳ᠋ᠡᠮᠢᠳ ᠭᠡᠳᠡᠭ᠂ ᠬᠠᠭᠤᠴᠢᠪᠲᠤᠷ ᠬᠦᠷᠡᠩ ᠳᠠᠯᠢᠩᠪᠤᠨ( ᠶᠣᠷᠣᠭ) ᠳᠡᠪᠡᠯ ᠰᠢᠭᠤᠵᠤ ᠪᠦᠰᠡᠯᠡᠭᠡᠳ ᠨᠡᠯᠢᠶᠡᠳ ᠬᠠᠭᠤᠴᠢᠷᠠᠵᠤ ᠬᠥᠯᠥᠰᠥ ᠪᠣᠯᠤᠭᠰᠠᠨ ᠬᠠᠷ᠎ᠠ ᠢᠰᠡᠭᠡᠢ ᠮᠠᠯᠠᠭᠠᠢ ᠶ᠋ᠢ ᠭᠡᠳᠡᠷᠭᠦ ᠳᠠᠷᠤᠨ ᠡᠮᠦᠰᠴᠡᠢ᠃ ᠡᠮᠡᠭᠡᠯ ᠳᠡᠭᠡᠷ᠎ᠡ ᠪᠡᠨ ᠬᠠᠵᠠᠭᠠᠢ ᠰᠠᠭᠤᠭᠠᠳ ᠮᠠᠰᠢ ᠪᠦᠳᠦᠭᠦᠨ ᠶᠠᠷᠭᠠᠢ ᠲᠠᠰᠢᠭᠤᠷ ᠢ᠋ ᠮᠣᠷᠢᠨ ᠤ᠋ ᠪᠠᠨ ᠳᠡᠯ ᠳᠡᠭᠡᠭᠦᠷ ᠬᠥᠨᠳᠡᠯᠡᠨ ᠲᠠᠯᠪᠢᠵᠠᠢ᠃ 
       ᠪᠤᠷᠤᠭᠤ ᠲᠠᠯ᠎ᠠ ᠳ᠋ᠤᠨᠢ ᠶᠠᠪᠤᠭ᠎ᠠ ᠬᠣᠷᠢ ᠭᠠᠷᠤᠢ ᠨᠠᠰᠤᠲᠠᠢ ᠵᠠᠯᠠᠭᠤ ᠶ᠋ᠢ ᠪᠠᠳᠠᠷᠴᠢ ᠭᠡᠳᠡᠭ᠃ ᠵᠠᠬ᠎ᠠ ᠡᠩᠭᠡᠷ ᠢ᠋ ᠨᠢ ᠭᠤᠷᠪᠠᠯᠠᠨ ᠡᠮᠵᠢᠭᠰᠡᠨ ᠴᠡᠩᠬᠡᠷ ᠲᠣᠷᠭᠠᠨ ᠳᠡᠪᠡᠯ ᠡᠮᠦᠰᠴᠦ ᠰᠢᠨ᠎ᠡ ᠰᠠᠭᠠᠷᠠᠯ ᠮᠠᠯᠠᠭᠠᠢ ᠳᠣᠬᠣᠳᠠᠭᠤᠯᠤᠨ ᠲᠠᠯᠪᠢᠵᠠᠢ᠃ ᠳᠡᠪᠡᠯ ᠦ᠋ᠨ ᠬᠣᠷᠮᠣᠢ ᠪᠠᠷ ᠢ᠋ᠶ᠋ᠠᠨ ᠭᠤᠶ᠎ᠠ ᠪᠠᠨ ᠵᠢᠪᠬᠡᠢᠲᠡᠯ᠎ᠡ ᠣᠷᠢᠶᠠᠭᠰᠠᠨ ᠲᠤᠯᠠ ᠪᠡᠶ᠎ᠡ ᠶ᠋ᠢ ᠨᠢ ᠪᠠᠷᠢᠭᠰᠠᠨ ᠬᠤᠸᠠ ᠲᠣᠷᠭᠠᠨ ᠥᠮᠥᠳᠥ ᠨᠢ ᠢᠯᠡ ᠬᠠᠷᠠᠭᠳᠠᠬᠤ ᠪᠥᠭᠡᠳ ᠰᠢᠨ᠎ᠡ ᠲᠣᠷᠭᠠᠨ ᠰᠠᠪᠬᠢᠨ ᠭᠤᠲᠤᠯ ᠤ᠋ᠨ ᠲᠦᠷᠡᠢᠨ ᠡᠴᠡ ᠮᠤᠬᠤᠷ ᠰᠥᠭᠥᠮ ᠬᠢᠷᠢ ᠭᠠᠷᠤᠭᠰᠠᠨ ᠨᠣᠭᠣᠭᠠᠨ ᠹᠸᠢᠢᠼᠥ᠋ᠢ( ᠬᠠᠰ) ᠰᠣᠷᠣᠭᠤᠯ ᠨᠢ ᠵᠢᠷᠭᠠᠬᠤ ᠨᠠᠷᠠᠨ ᠤ᠋ ᠭᠡᠷᠡᠯ ᠢ᠋ᠶ᠋ᠡᠷ ᠲᠤᠶᠠᠭᠠᠷᠠᠨ᠂ ᠬᠤᠸᠠ ᠥᠮᠥᠳᠦᠨ ᠦ᠌ ᠬᠢᠨᠢ ᠬᠡᠰᠡᠭ ᠭᠠᠵᠠᠷ ᠢ᠋ ᠨᠣᠭᠣᠭᠠᠨ ᠲᠤᠶᠠᠭ᠎ᠠ ᠪᠠᠷ ᠭᠡᠢᠭᠦᠯᠵᠡᠢ᠃  ᠪᠠᠳᠠᠷᠴᠢ ᠶ᠋ᠢᠨ ᠤᠨᠤᠭᠰᠠᠨ ᠥᠨᠳᠥᠷ ᠰᠡᠷᠪᠡᠭᠡ ᠲᠡᠢ᠂ ᠪᠥᠬᠥᠩ ᠲᠡᠢ ᠵᠠᠰᠠᠭᠰᠠᠨ ᠳᠡᠯ ᠲᠡᠢ ᠭᠤᠸᠠᠯᠢᠭ ᠵᠡᠭᠡᠷᠳᠡ ᠮᠣᠷᠢ ᠴᠢᠬᠢ ᠪᠡᠨ ᠰᠣᠯᠪᠢᠨ᠂ ᠤᠰᠤᠨ ᠬᠠᠷ᠎ᠠ ᠠᠯᠬᠤᠭ᠎ᠠ ᠪᠠᠷ ᠵᠢᠷᠢᠯᠵᠡᠨ ᠶᠠᠪᠤᠬᠤ ᠳ᠋ᠤ᠌᠂ ᠳ᠋ᠡᠮᠢᠳ ᠦ᠋ᠨ ᠤᠨᠤᠭᠰᠠᠨ ᠨᠠᠮᠬᠠᠨ ᠪᠥᠭᠡᠳ ᠵᠤᠵᠠᠭᠠᠨ ᠬᠡᠭᠡᠷ᠎ᠡ ᠮᠣᠷᠢ ᠫᠣᠭ ᠫᠣᠭ ᠱᠣᠭᠰᠢᠵᠤ ᠪᠠᠢᠯ᠎ᠠ᠃ 
       ᠳ᠋ᠡᠮᠢᠳ ᠠᠮᠠᠨ ᠠ᠋ᠴᠠ ᠪᠠᠨ ᠮᠣᠳᠣ ᠲᠣᠯᠣᠭᠠᠢ ᠪᠠᠨ ᠦᠯᠦ ᠰᠠᠯᠠᠭᠠᠨ᠂ ᠲᠠᠮᠠᠬᠢ ᠤᠭᠰᠠᠷᠠᠨ ᠲᠠᠲᠠᠬᠤ ᠪᠣᠯᠪᠠᠴᠤ ᠥᠪᠡᠷ ᠢ᠋ᠶ᠋ᠡᠨ ᠦᠷᠭᠦᠯᠵᠢ ᠲᠠᠮᠠᠬᠢ ᠱᠦᠳᠡᠨᠵᠡ ᠦᠭᠡᠢ ᠲᠡᠭᠦᠨ ᠦ᠌ ᠣᠷᠣᠨ ᠳ᠋ᠤ᠌《 ᠠᠯᠢᠪ ᠲᠠᠮᠠᠬᠢ》᠂《 ᠱᠦᠳᠡᠨᠵᠡ ᠪᠡᠨ ᠠᠯᠢ》 ᠭᠡᠳᠡᠭ ᠳᠠᠷᠬᠠᠨ ᠦᠭᠡ ᠲᠡᠢ ᠶᠠᠪᠤᠳᠠᠭ ᠲᠤᠯᠠ ᠪᠠᠳᠠᠷᠴᠢ ᠶ᠋ᠢᠨ ᠪᠦᠳᠦᠭᠦᠨ ᠮᠥᠩᠭᠥᠨ ᠬᠡᠷᠡᠭᠯᠡᠯ ᠲᠡᠢ ᠤᠭᠤᠲᠠᠨ ᠳ᠋ᠤ᠌ ᠬᠢᠭᠰᠡᠨ ᠲᠠᠮᠠᠬᠢ ᠰᠡᠢᠯᠪᠦᠷᠢ ᠲᠡᠢ ᠮᠥᠩᠭᠥᠨ ᠬᠠᠢᠷᠴᠠᠭ ᠲᠠᠢ ᠱᠦᠳᠡᠨᠵᠡ ᠶ᠋ᠢ ᠠᠪᠴᠤ ᠬᠡᠷᠡᠭᠯᠡᠨ ᠶᠠᠪᠤᠯ᠎ᠠ᠃ ᠡᠨᠡ ᠬᠣᠶᠠᠷ ᠪᠠᠭ ᠤ᠋ᠨ ᠬᠤᠷᠠᠯ ᠳ᠋ᠤ᠌ ᠣᠴᠢᠭᠠᠳ ᠪᠤᠴᠠᠵᠤ ᠶᠠᠪᠤᠭ᠎ᠠ ᠪᠥᠭᠡᠳ ᠵᠠᠮ ᠳ᠋ᠠᠭᠠᠨ ᠳ᠋ᠡᠮᠢᠳ ᠦ᠋ᠨ ᠦᠭᠡ ᠪᠡᠷ ᠶᠡᠬᠡ ᠢᠳᠡᠪᠬᠢᠲᠡᠢ ᠬᠥᠮᠦᠨ ᠪᠣᠯᠬᠤ ᠭᠡᠵᠦ ᠦᠷᠭᠦᠯᠵᠢ ᠬᠠᠵᠠᠭᠤ ᠬᠠᠪᠢᠷᠭ᠎ᠠ ᠪᠠᠨ ᠬᠠᠳᠤᠷᠴᠤ ᠪᠠᠢᠳᠠᠭ ᠲᠠᠮᠪᠠ ᠶ᠋ᠢᠨ ᠲᠤᠬᠠᠢ ᠯᠠ ᠶᠠᠷᠢᠯᠴᠠᠪᠠ᠃ 
        — ᠥᠪᠡᠷ ᠦ᠋ᠨ ᠢ᠋ᠶ᠋ᠡᠨ ᠮᠠᠯ ᠢ᠋ ᠲᠠᠨᠢᠳᠠᠭ ᠦᠭᠡᠢ ᠭᠡᠨ᠎ᠡ ᠰᠢᠦ᠂ ᠪᠢ ᠬᠡᠳᠦ ᠶ᠋ᠢ ᠪᠡᠨ ᠲᠠᠨᠢᠵᠤ ᠴᠤ᠌ ᠪᠠᠢᠨ᠎ᠠ ᠤᠤ᠂ ᠦᠭᠡᠢ ᠴᠤ᠌ ᠪᠠᠢᠨ᠎ᠠ ᠤᠤ? ᠲᠡᠭᠦᠨ ᠳ᠋ᠦ᠍ ᠶᠠᠮᠠᠷ ᠬᠦᠷᠲᠡᠭᠡᠯ ᠲᠡᠢ ᠶᠦᠮ ᠪᠣᠢ ᠭᠡᠵᠦ ᠪᠠᠳᠠᠷᠴᠢ᠎ ᠶ᠋ᠢᠨ ᠬᠡᠯᠡᠬᠦ ᠳ᠋ᠦ᠍ ᠬᠠᠮᠠᠷ ᠤ᠋ᠨ ᠬᠢᠨᠢ ᠠᠷᠠᠰᠤ ᠨᠢ ᠬᠢᠩᠭᠠᠨ ᠨᠢᠷᠤᠭᠤᠨ ᠳᠡᠭᠡᠷ᠎ᠡ ᠪᠡᠨ ᠲᠠᠲᠠᠯᠳᠤᠨ ᠬᠣᠨᠢᠷᠠᠯᠳᠦᠪᠠ᠃   
       — ᠴᠣᠬᠣᠮ ᠳᠠ᠂ ᠲᠡᠷᠡ ᠪᠠᠷᠠᠮ ᠳ᠋ᠤ᠌ ᠫᠠᠳ ᠦᠭᠡᠢ ᠬᠡᠷᠡᠭ᠃ ᠥᠪᠡᠷ ᠦ᠋ᠨ ᠢ᠋ᠶ᠋ᠡᠨ ᠬᠡᠳᠦ ᠰᠢᠭ ᠯᠡ ᠪᠣᠳᠣᠵᠤ ᠪᠠᠢᠬᠤ ᠦᠭᠡᠢ ᠤᠤ᠂ ᠬᠠᠷ᠎ᠠ ᠵᠣᠯᠢᠭ ᠢ᠋ ᠪᠢ ᠳᠠᠭᠵᠠ ᠶ᠋ᠢ ᠨᠢ ᠢᠷᠠᠭᠠᠳ ᠨᠠᠷᠮᠠᠢ ᠶ᠋ᠢ ᠨᠢ ᠴᠢᠬᠢᠭᠡᠳ ᠥᠭᠭᠦᠶ᠎ᠡ ᠭᠡᠵᠦ ᠬᠡᠯᠡᠭᠡᠳ ᠳ᠋ᠡᠮᠢᠳ ᠢᠷᠪᠠᠢᠨ ᠬᠠᠩᠬᠠᠯᠵᠠᠪᠠ᠃ 
       ᠳ᠋ᠡᠮᠢᠳ᠂ ᠪᠡᠳᠡᠷᠴᠢ ᠬᠣᠶᠠᠷ ᠬᠡᠳᠦᠢᠪᠡᠷ ᠭᠤᠷᠪᠠᠨ ᠵᠢᠯ ᠨᠠᠢᠵᠠᠯᠠᠵᠤ ᠪᠠᠢᠭ᠎ᠠ ᠪᠣᠯᠪᠠᠴᠤ ᠠᠯᠢ ᠴᠤ᠌ ᠲᠠᠯ᠎ᠠ ᠪᠠᠷ ᠢ᠋ᠶ᠋ᠠᠨ ᠥᠭᠡᠷ᠎ᠡ ᠬᠥᠮᠦᠰ᠂ ᠬᠡᠷᠪᠡ ᠪᠠᠳᠠᠷᠴᠢ ᠭᠤᠶᠤᠵᠤ ᠭᠠᠩᠭᠠᠯᠠᠬᠤ ᠳᠤᠷᠠᠲᠠᠢ᠂ ᠡᠮᠦᠰᠪᠡᠯ ᠲᠣᠷᠭ᠎ᠠ᠂ ᠡᠳ᠋ᠯᠡᠪᠡᠯ ᠡᠷᠳᠡᠨᠢ ᠭᠡᠳᠡᠭ ᠪᠣᠯ ᠳ᠋ᠡᠮᠢᠳ ᠲᠡᠯᠢᠩᠫᠦᠨ ᠳᠡᠪᠡᠯ ᠡᠴᠡ ᠥᠭᠡᠷ᠎ᠡ ᠶᠠᠭᠤᠮ᠎ᠠ ᠡᠮᠦᠰᠳᠡᠭ ᠦᠭᠡᠢ ᠪᠠ ᠮᠤᠳᠤ ᠲᠣᠯᠣᠭᠠᠢ ᠠ᠋ᠴᠠ ᠥᠭᠡᠷ᠎ᠡ ᠶᠠᠭᠤᠮᠠᠨ ᠳ᠋ᠤ᠌ ᠲᠠᠮᠠᠬᠢ ᠲᠠᠲᠠᠳᠠᠭ ᠦᠭᠡᠢ᠃ ᠬᠡᠷᠪᠡ ᠪᠠᠳᠠᠷᠴᠢ ᠮᠠᠢᠮᠠᠢ ᠬᠢᠪᠡᠯ ᠠᠯᠳᠠᠵᠤ ᠪᠠᠢᠳᠠᠭ ᠪᠣᠯ ᠳ᠋ᠠᠮᠢᠳ ᠬᠣᠨᠵᠢᠶ᠎ᠠ ᠦᠭᠡᠢ ᠮᠠᠢᠮᠠᠢ ᠬᠢᠭᠰᠡᠨ ᠡᠴᠡ ᠬᠣᠶᠠᠷ ᠨᠢᠳᠦ ᠪᠡᠨ ᠬᠣᠩ ᠬᠡᠷᠢᠶᠡᠨ ᠳ᠋ᠦ᠍ ᠤᠬᠤᠭᠤᠯᠤᠭᠰᠠᠨ ᠨᠢ ᠳᠡᠭᠡᠷ᠎ᠡ ᠭᠡᠵᠦ ᠦᠵᠡᠳᠡᠭ ᠶᠦᠮ ᠃ ᠬᠡᠷᠪᠡ ᠪᠡᠳᠡᠷᠴᠢ ᠣᠮᠣᠭᠲᠠᠢ ᠪᠣᠯᠪᠠᠴᠤ ᠴᠢᠳᠠᠯ ᠦᠭᠡᠢ ᠤᠪ ᠵᠠᠯᠢ ᠪᠠᠷ ᠰᠤᠯᠠᠬᠠᠨ ᠪᠣᠯ ᠳ᠋ᠡᠮᠢᠳ ᠴᠢᠳᠠᠯ ᠢ᠋ᠶ᠋ᠠᠷ ᠴᠢᠮᠡᠵᠦ ᠴᠢᠳᠠᠭᠰᠠᠨ ᠢ᠋ᠶ᠋ᠠᠷ ᠪᠠᠷᠠᠬᠤ ᠦᠭᠡᠢ ᠤᠪ ᠵᠠᠯᠢ ᠶᠡᠬᠡᠲᠡᠢ ᠪᠥᠭᠡᠳ ᠬᠡᠨ ᠳ᠋ᠦ᠍ ᠣᠮᠣᠭ ᠴᠢᠳᠠᠯ ᠢ᠋ᠶ᠋ᠠᠨ ᠭᠠᠷᠭᠠᠬᠤ᠂ ᠬᠡᠨ ᠳ᠋ᠦ᠍ ᠤᠪ ᠵᠠᠯᠢ ᠪᠠᠨ ᠭᠠᠷᠭᠠᠬᠤ ᠶ᠋ᠢ ᠣᠯᠵᠤ ᠴᠢᠳᠠᠳᠠᠭ ᠪᠠᠢᠯ᠎ᠠ ᠃  
       ᠪᠡᠳᠡᠷᠴᠢ ᠪᠣᠯ ᠰᠤᠮᠤ ᠲᠡᠷᠢᠭᠦᠯᠡᠭᠰᠡᠨ ᠪᠠᠶᠠᠨ ᠬᠥᠮᠦᠨ ᠦ᠌ ᠬᠦᠦ ᠪᠥᠭᠡᠳ ᠬᠠᠷᠢᠨ ᠳ᠋ᠡᠮᠢᠳ ᠪᠣᠯ ᠵᠠᠭᠤ ᠭᠠᠷᠤᠢ ᠮᠠᠯ ᠲᠠᠢ ᠳᠤᠮᠳᠠ ᠴᠢᠳᠠᠯ ᠲᠠᠢ ᠪᠠ ᠡᠷᠦᠬᠡ ᠲᠡᠷᠢᠭᠦᠯᠡᠵᠦ ᠪᠠᠢᠭ᠎ᠠ ᠬᠥᠮᠦᠨ ᠶᠦᠮ᠃ ᠤᠪ ᠵᠠᠯᠢ ᠴᠢᠳᠠᠯ ᠲᠡᠩᠬᠡᠭᠡ ᠦᠭᠡᠢ ᠪᠠᠳᠠᠷᠴᠢ ᠳ᠋ᠦ᠍ ᠤᠪ ᠵᠠᠯᠢ ᠪᠠᠷ ᠢ᠋ᠶ᠋ᠠᠨ ᠣᠭᠣᠲᠣᠨ᠎ᠠ ᠶ᠋ᠢᠨ ᠨᠦᠬᠡᠨ ᠳ᠋ᠦ᠍ ᠣᠷᠣᠴᠢᠬᠠᠵᠤ ᠴᠢᠳᠠᠮᠠᠷ᠂ ᠣᠮᠣᠭ ᠴᠢᠳᠠᠯ ᠢ᠋ᠶ᠋ᠠᠷ ᠢ᠋ᠶ᠋ᠠᠨ ᠣᠯᠠᠨ ᠤ᠋ ᠡᠮᠦᠨ᠎ᠡ ᠬᠤᠷᠳᠤᠯᠠᠵᠤ ᠴᠢᠳᠠᠮᠠᠷ ᠳ᠋ᠠᠮᠢᠳ ᠲᠦᠰᠢᠭ ᠪᠣᠯᠳᠠᠭ ᠤ᠋ᠨ ᠠᠳᠠᠯᠢ ᠮᠠᠢᠮᠠᠢ ᠳ᠋ᠤ᠌ ᠣᠪᠵᠢᠩ᠂ ᠣᠯᠵᠠᠨ ᠳ᠋ᠤ᠌ ᠢᠳᠡᠪᠬᠢᠲᠡᠢ ᠳ᠋ᠡᠮᠢᠳ ᠬᠥᠷᠥᠩᠭᠡ ᠲᠡᠢ ᠪᠣᠯᠪᠠᠴᠤ ᠬᠥᠩᠭᠡᠨ ᠭᠠᠷ ᠲᠠᠢ ᠪᠡᠳᠡᠷᠴᠢ ᠣᠯᠳᠠᠰᠢ ᠦᠭᠡᠢ ᠨᠥᠬᠥᠷ ᠪᠣᠯᠳᠠᠭ ᠪᠠᠢᠵᠠᠢ᠃ ᠬᠡᠷᠡᠯᠳᠦᠬᠦ ᠳᠤᠷᠠᠲᠠᠢ ᠪᠣᠯᠪᠠᠴᠤ ᠬᠠᠷᠢᠶᠠᠯ ᠠ᠋ᠴᠠ ᠥᠭᠡᠷ᠎ᠡ ᠶᠠᠭᠤᠮ᠎ᠠ ᠬᠡᠯᠡᠵᠦ ᠴᠢᠳᠠᠳᠠᠭ ᠦᠭᠡᠢ᠂ ᠦᠭᠡ ᠬᠡᠯᠡᠬᠦ ᠭᠡᠳ ᠳᠦᠯᠢᠵᠦ ᠣᠷᠬᠢᠳᠠᠭ ᠪᠠᠳᠠᠷᠴᠢ ᠳ᠋ᠤ᠌ ᠬᠡᠷᠡᠭᠦᠯ ᠳᠣᠷᠣᠮᠵᠢᠯᠠᠯ ᠤ᠋ᠨ ᠦᠭᠡ ᠶ᠋ᠢ ᠬᠡᠲᠡᠪᠴᠢ ᠪᠡᠨ ᠡᠴᠡ ᠬᠠᠢᠳᠠᠭ ᠦᠭᠡᠢ ᠳ᠋ᠡᠮᠢᠳ ᠡᠴᠡ ᠥᠭᠡᠷ᠎ᠡ ᠬᠡᠷᠡᠭᠲᠡᠢ ᠶᠠᠭᠤ ᠪᠠᠢᠬᠤ ᠪᠢᠯᠡ ᠳᠠ ? ᠳ᠋ᠡᠮᠢᠳ ᠢ ᠨᠠᠢᠳᠠᠪᠤᠷᠢᠲᠠᠢ ᠲᠦᠰᠢᠭ ᠪᠣᠯᠭᠠᠨ ᠠᠰᠢᠭᠯᠠᠵᠤ ᠪᠠᠢᠬᠤ ᠶ᠋ᠢᠨ ᠲᠤᠯᠠ ᠪᠠᠳᠠᠷᠴᠢ ᠲᠡᠭᠦᠨ ᠳ᠋ᠦ᠍ ᠪᠠᠭ᠎ᠠ ᠰᠠᠭ᠎ᠠ ᠶᠠᠭᠤᠮ᠎ᠠ ᠵᠦᠭᠡᠷ ᠥᠭᠬᠦ᠂ ᠬᠢᠮᠳᠠ ᠦᠨ᠎ᠡ ᠪᠡᠷ ᠮᠣᠷᠢ ᠮᠠᠯ ᠬᠤᠳᠠᠯᠳᠤᠬᠤ᠂ ᠬᠡᠷᠡᠭᠲᠡᠢ ᠦᠶ᠎ᠡ ᠳ᠋ᠦ᠍ᠨᠢ ᠶᠠᠭᠤᠮ᠎ᠠ ᠵᠢᠭᠡᠯᠡᠳᠦᠭᠦᠯᠬᠦ᠂ ᠲᠡᠭᠦᠨ ᠢ᠋ ᠠᠷᠢᠬᠢ ᠪᠠᠷ ᠲᠠᠢᠯᠵᠤ ᠪᠠᠢᠳᠠᠭ ᠪᠣᠯ ᠬᠠᠷᠢᠭᠤ ᠳ᠋ᠤᠨᠢ ᠪᠦᠬᠦᠨ ᠳ᠋ᠦ᠍ ᠵᠡᠷᠯᠢᠭ ᠳ᠋ᠠᠮᠢᠳ᠂  ᠪᠠᠳᠠᠷᠴᠢ ᠳ᠋ᠤ᠌ ᠵᠥᠭᠡᠯᠡᠨ ᠡᠶᠡᠯᠳᠡᠭ ᠪᠠᠢᠳᠠᠭ ᠪᠠ ᠦᠨᠡᠲᠡᠢ ᠵᠦᠢᠯ ᠢ᠋ ᠡᠳ᠋ᠯᠡᠬᠦ ᠳᠤᠷᠠᠲᠠᠢ ᠪᠣᠯᠪᠠᠴᠤ ᠣᠯᠵᠤ ᠴᠢᠳᠠᠳᠠᠭ ᠦᠭᠡᠢ ᠪᠠᠳᠠᠷᠴᠢ ᠳ᠋ᠤ᠌ ᠬᠡᠷᠡᠭᠲᠡᠢ ᠵᠦᠢᠯ ᠢ᠋ ᠨᠢ ᠥᠪᠡᠷ ᠦ᠋ᠨ ᠠᠰᠢᠭ ᠢ᠋ ᠮᠠᠷᠲᠠᠯ ᠦᠭᠡᠢ ᠣᠯᠵᠤ ᠥᠭᠳᠡᠭ ᠶᠦᠮ᠃  
       ᠪᠡᠳᠡᠷᠴᠢ ᠶ᠋ᠢᠨ ᠡᠴᠢᠭᠡ ᠪᠣᠯ ᠬᠠᠰᠢᠷ ᠴᠤ᠌ ᠬᠥᠮᠦᠨ᠂ ᠬᠠᠷᠠᠮᠴᠢ ᠴᠤ᠌ ᠬᠥᠮᠦᠨ᠃ ᠭᠡᠪᠡᠴᠦ ᠭᠤᠷᠪᠠ ᠠ᠋ᠴᠠ ᠦᠯᠡᠳᠡᠭᠰᠡᠨ ᠭᠠᠭᠴᠠ ᠡᠷᠬᠡ ᠬᠦᠦ ᠪᠡᠨ ᠭᠤᠶᠤᠵᠤ ᠭᠣᠣᠳᠠᠬᠤ ᠭᠡᠰᠡᠨ ᠰᠡᠳᠬᠢᠯ᠂ ᠪᠠᠰᠠ ᠪᠡᠳᠡᠷᠴᠢ ᠶ᠋ᠢᠨ ᠰᠢᠷᠦᠭᠦᠨ ᠱᠠᠭᠠᠷᠳᠠᠯᠭ᠎ᠠ ᠬᠣᠶᠠᠷ ᠲᠤ᠌ ᠲᠦᠯᠬᠢᠭᠳᠡᠨ ᠳ᠋ᠡᠮᠢᠳ ᠦ᠋ᠨ ᠤᠷᠠᠬᠠᠨ ᠳ᠋ᠤ᠌ ᠵᠠᠷᠢᠮ ᠳ᠋ᠠᠭᠠᠨ ᠣᠷᠣᠳᠠᠭ ᠶᠤᠮ᠃ ᠭᠡᠪᠡᠴᠦ ᠡᠭᠦᠨ ᠢ᠋ ᠪᠡᠨ ᠰᠠᠢᠨ ᠮᠡᠳᠡᠵᠦ ᠪᠠᠢᠳᠠᠭ ᠤᠴᠢᠷ ᠠ᠋ᠴᠠ ᠳ᠋ᠡᠮᠢᠳ ᠦᠨ ᠤᠷᠠᠬ᠎ᠠ ᠪᠦᠷᠢ ᠳ᠋ᠦ᠍ ᠣᠷᠣᠳᠠᠭ ᠦᠭᠡᠢ ᠪᠠᠷ᠎ ᠪᠠᠷᠠᠬᠤ ᠦᠭᠡᠢ ᠠᠷᠭ᠎ᠠ ᠦᠭᠡᠢ ᠪᠣᠯᠵᠤ ᠣᠷᠣᠪᠠᠯ ᠳ᠋ᠡᠮᠢᠳ ᠦ᠋ᠨ ᠬᠦᠰᠡᠭᠰᠡᠨ ᠲᠠᠯ᠎ᠠ ᠠ᠋ᠴᠠ ᠪᠢᠰᠢ ᠬᠠᠷᠢᠨ ᠠᠯᠢ ᠬᠦᠰᠡᠭᠡ ᠦᠭᠡᠢ ᠲᠠᠯ᠎ᠠ ᠠ᠋ᠴᠠ ᠨᠢ ᠣᠷᠣᠳᠠᠭ ᠶᠤᠮ᠃ ᠳ᠋ᠡᠮᠢᠳ ᠴᠤ᠌ ᠡᠨᠡ ᠪᠦᠬᠦᠨ ᠢ᠋ ᠲᠣᠳᠣᠷᠬᠠᠢ ᠮᠡᠳᠡᠵᠦ ᠪᠠᠢᠳᠠᠭ᠂ ᠡᠨᠡ ᠤᠴᠢᠷ ᠠ᠋ᠴᠠ ᠬᠡᠷᠪᠡ ᠪᠡᠳᠡᠷᠴᠢ ᠳ᠋ᠡᠮᠢᠳ ᠲᠡᠢ ᠨᠥᠬᠥᠷᠯᠡᠬᠦ ᠶᠠᠪᠤᠳᠠᠯ ᠢ᠋ᠶ᠋ᠠᠨ ᠥᠨᠥᠳᠥᠷ ᠦ᠋ᠨ ᠣᠯᠵᠠ ᠭᠡᠵᠦ ᠪᠣᠳᠣᠳᠠᠭ ᠪᠣᠯ ᠳ᠋ᠡᠮᠢᠳ ᠪᠡᠳᠡᠷᠴᠢ ᠲᠡᠢ ᠨᠥᠬᠥᠷᠯᠡᠭᠰᠡᠨ ᠢ᠋ᠶ᠋ᠡᠨ ᠠᠰᠢᠭ ᠪᠢᠰᠢ ᠬᠠᠷᠢᠨ ᠢᠷᠡᠭᠡᠳᠦᠢ ᠶ᠋ᠢᠨ ᠤᠯᠠᠮ ᠶᠡᠬᠡ ᠠᠰᠢᠭ ᠭᠡᠵᠦ ᠦᠵᠡᠳᠡᠭ ᠶᠦᠮ᠃ ᠪᠠᠰᠠ ᠲᠡᠭᠡᠭᠡᠳ ᠪᠠᠳᠠᠷᠴᠢ ᠶ᠋ᠢᠨ ᠡᠴᠢᠭᠡ ᠭᠡᠳᠡᠰᠦ ᠳᠣᠲᠣᠷ᠎ᠠ ᠶ᠋ᠢᠨ ᠠᠷᠬᠠᠭ ᠡᠪᠡᠳᠴᠢᠨ ᠲᠡᠢ ᠲᠤᠯᠠ ᠶᠢᠷᠲᠢᠨᠴᠦ ᠳᠡᠭᠡᠷ᠎ᠡ ᠤᠳᠠᠭᠠᠨ ᠬᠡᠯᠲᠦᠷᠢᠬᠦ ᠦᠭᠡᠢ ᠭᠡᠵᠦ ᠳ᠋ᠡᠮᠢᠳ ᠨᠠᠢᠳᠠᠵᠤ ᠶᠠᠪᠤᠳᠠᠭ ᠪᠥᠭᠡᠳ ᠡᠨᠡ ᠨᠠᠢᠳᠠᠪᠤᠷᠢ ᠨᠢ ᠪᠡᠶᠡᠯᠡᠬᠦ ᠴᠠᠭ ᠲᠤ᠌ ᠪᠡᠳᠡᠷᠴᠢ ᠶ᠋ᠢᠨ ᠬᠣᠲᠠᠨ ᠳ᠋ᠤ᠌ ᠪᠠᠢᠭ᠎ᠠ ᠮᠠᠯ᠂ ᠪᠡᠳᠡᠷᠴᠢ ᠶ᠋ᠢᠨ ᠠᠪᠳᠠᠷ᠎ᠠ ᠳ᠋ᠤ᠌ ᠪᠠᠢᠭ᠎ᠠ ᠡᠳ᠋ᠯᠡᠯ᠂ ᠥᠪᠡᠷ ᠦ᠋ᠨ ᠬᠣᠲᠠ᠂ ᠥᠪᠡᠷ ᠦ᠋ᠨ ᠠᠪᠳᠠᠷ᠎ᠠ ᠳ᠋ᠤᠨᠢ ᠢᠷᠡᠨ᠎ᠡ ᠭᠡᠵᠦ ᠢᠲᠡᠭᠡᠵᠦ ᠶᠠᠪᠤᠳᠠᠭ ᠶᠤᠮ᠃  
       — ᠠᠵᠠ ᠦᠭᠡᠢ ᠵᠣᠯᠢᠭ᠂ ᠪᠠᠳᠠᠷᠴᠢ ᠳ᠋ᠤ᠌ ᠡᠭᠡᠴᠢ ᠪᠠᠢᠬᠤ ᠦᠭᠡᠢ ᠶᠠᠭᠠᠬᠢᠬᠤᠪ ᠳᠠ᠃ ᠡᠵᠢ ᠨᠢ ᠴᠤ᠌ ᠠᠷᠠᠢ ᠬᠥᠭᠰᠢᠨ ᠪᠠᠷᠠᠮ ᠳᠡᠮᠡᠢ ᠪᠠᠢᠬ᠎ᠠ ᠭᠡᠳ ᠠᠮᠠ ᠪᠠᠨ ᠪᠠᠷᠢᠳᠠᠭ ᠤᠳᠠᠭ᠎ᠠ ᠳ᠋ᠡᠮᠢᠳ ᠲᠦ ᠣᠯᠠᠨ ᠲᠣᠬᠢᠶᠠᠯᠳᠤᠭᠰᠠᠨ ᠪᠢᠯᠡ᠃ ᠭᠡᠪᠡᠴᠦ ᠡᠨᠡ ᠨᠥᠬᠥᠷᠯᠡᠯ ᠦ᠋ᠨ ᠠᠴᠢ ᠪᠠᠷ ᠣᠪᠣᠭ᠎ᠠ ᠶᠠᠭᠤᠮ᠎ᠠ ᠣᠯᠵᠤ ᠠᠪᠤᠭᠰᠠᠨ ᠲᠤᠯᠠ ᠡᠨᠡ ᠬᠦ᠌ ᠨᠠᠢᠵᠠᠯᠠᠯ ᠳ᠋ᠠᠭᠠᠨ ᠬᠠᠷᠠᠮᠰᠠᠳᠠᠭ ᠦᠭᠡᠢ᠃  
       ᠳ᠋ᠡᠮᠢᠳ᠂  ᠪᠠᠳᠠᠷᠴᠢ ᠶ᠋ᠢᠨ ᠭᠠᠷ ᠲᠤ᠌ ᠮᠤᠨᠠ ᠪᠥᠭᠡᠳ ᠬᠣᠪᠣᠷ ᠶᠠᠭᠤᠮ᠎ᠠ ᠣᠯᠬᠤ ᠵᠠᠮ ᠪᠣᠯᠤᠭᠰᠠᠨ ᠪᠣᠯ᠂  ᠪᠠᠳᠠᠷᠴᠢ᠂ ᠳ᠋ᠠᠮᠢᠳ ᠦᠨ ᠭᠠᠷ ᠲᠤ᠌ ᠡᠦᠲᠦ ᠪᠠ ᠢᠷᠡᠭᠡᠳᠦᠢ ᠳ᠋ᠦ᠍ ᠶᠡᠬᠡ ᠶᠠᠭᠤᠮ᠎ᠠ ᠣᠯᠬᠤ ᠶ᠋ᠢᠨ ᠰᠤᠷᠪᠤᠯᠵᠢ ᠪᠣᠯᠤᠭᠰᠠᠨ ᠶᠤᠮ᠃ ᠡᠨᠡ ᠬᠣᠶᠠᠷ ᠪᠠᠭ ᠤ᠋ᠨ ᠬᠤᠷᠠᠯ ᠳᠡᠭᠡᠷ᠎ᠡ ᠥᠪᠡᠷᠰᠡᠳ ᠢ᠋ ᠨᠢ ᠵᠠᠳᠠ ᠰᠢᠭᠦᠮᠵᠢᠯᠡᠭᠰᠡᠨ ᠳᠠᠮᠪᠠ ᠶ᠋ᠢ ᠠᠯᠢ ᠮᠠᠭᠤ ᠦᠭᠡ ᠪᠡᠷ ᠮᠠᠭᠤᠴᠢᠯᠠᠨ ᠶᠠᠷᠢᠵᠤ ᠲᠡᠭᠦᠨ ᠳ᠋ᠡᠭᠡᠨ ᠰᠡᠳᠬᠢᠯ ᠨᠢ ᠬᠠᠨᠤᠨ ᠰᠦᠷᠡᠬᠡᠢ ᠬᠥᠭᠵᠢᠯᠲᠡᠢ ᠢᠨᠢᠶᠡᠯᠳᠦᠵᠦ ᠶᠠᠪᠤᠯ᠎ᠠ᠃ ᠬᠡᠳᠦᠢᠪᠡᠷ ᠴᠢᠩᠭ᠎ᠠ ᠢᠨᠢᠶᠡᠪᠡᠴᠦ ᠳᠡᠮᠵᠢᠵᠦ ᠳᠤᠤᠭᠠᠷᠬᠤ ᠬᠠᠷᠢᠭᠤ ᠴᠢᠮᠡᠭᠡ ᠤᠭᠲᠤ ᠦᠭᠡᠢ ᠪᠦᠭᠡᠳ ᠳᠠᠭᠤ ᠨᠢ ᠦᠷᠭᠡᠨ ᠲᠠᠯ᠎ᠠ  ᠳ᠋ᠦ᠍ ᠣᠭᠲᠤ ᠰᠤᠷᠠᠭ ᠦᠭᠡᠢ ᠵᠠᠮᠠᠭᠷᠠᠵᠤ  ᠪᠠᠢᠪᠠ᠃ ᠪᠠᠷᠠᠭᠤᠨ ᠬᠥᠲᠥᠯ ᠦ᠋ᠨ ᠴᠠᠭᠠᠳᠤ ᠤᠷᠤᠭᠤ ᠳᠠᠯᠳᠠ ᠣᠷᠣᠬᠤ ᠭᠡᠵᠦ ᠪᠠᠢᠭ᠎ᠠ ᠨᠠᠷᠠ ᠡᠨᠡ ᠬᠣᠶᠠᠷ ᠤ᠋ᠨ ᠠᠷᠤ ᠠ᠋ᠴᠠ ᠠᠯᠲᠠᠨ ᠰᠢᠷ᠎ᠠ ᠭᠡᠷᠡᠯ ᠢᠶᠡᠨ ᠭᠢᠯᠠᠯᠵᠠᠭᠤᠯᠤᠨ ᠠᠨᠢᠪᠴᠢᠯᠠᠵᠤ ᠪᠠᠢᠯ᠎ᠠ᠃ ᠲᠠᠮᠪᠠ ᠳᠡᠭᠦᠦ ᠪᠡᠨ ᠴᠢᠮ᠎ᠠ ᠲᠠᠢ ᠰᠠᠭᠤᠯᠭᠠᠬᠤ ᠦᠭᠡᠢ ᠶᠦᠮ ᠭᠡᠵᠦ ᠳ᠋ᠡᠮᠢᠳ ᠬᠡᠯᠡᠬᠦ ᠳ᠋ᠦ᠍ ᠪᠠᠳᠠᠷᠴᠢ ᠢᠷᠪᠠᠢᠨ  ᠢᠨᠢᠶᠡᠬᠦ ᠮᠡᠲᠦ ᠪᠣᠯᠤᠯ᠎ᠠ᠃ 
       — ᠵᠠ ᠭᠠᠢᠭᠤᠢ᠂ ᠪᠠᠳᠠᠷᠴᠢ ᠬᠡᠴᠡᠭᠦᠦ ᠭᠡᠳᠡᠭ ᠢ ᠳᠠᠮᠪᠠ ᠠᠴᠢ ᠲᠠᠢ ᠪᠣᠯᠣᠭᠰᠠᠨ ᠬᠣᠢᠨ᠎ᠠ ᠮᠡᠳᠡᠨ᠎ᠡ  ᠭᠡᠵᠦ ᠬᠡᠯᠡᠭᠡᠳ ᠰᠢᠲᠦ ᠪᠡᠨ ᠵᠠᠭᠤᠪᠠ᠃ 
         ᠳᠠᠮᠪᠠ ᠶ᠋ᠢᠨ ᠳᠡᠭᠦᠦ ᠭᠡᠳᠡᠭ ᠡᠨᠡ ᠵᠢᠯ ᠠᠷᠪᠠᠨ ᠨᠠᠢ᠍ᠮᠠ ᠬᠦᠷᠦᠭᠰᠡᠨ ᠳᠤᠯᠮ᠎ᠠ ᠭᠡᠵᠦ ᠥᠬᠢᠨ ᠪᠠᠢᠳᠠᠭ  ᠪᠦᠭᠡᠳ ᠲᠡᠭᠦᠨ ᠳ᠋ᠦ᠍ ᠰᠠᠨᠠᠭ᠎ᠠ ᠲᠠᠢ ᠶᠠᠪᠤᠳᠠᠭ  ᠬᠥᠮᠦᠰ ᠦᠨ ᠨᠢᠭᠡ ᠪᠣᠯ  ᠪᠠᠳᠠᠷᠴᠢ ᠶᠤᠮ᠃  ᠳᠤᠯᠮ᠎ᠠ ᠶ᠋ᠢᠨ  ᠥᠳᠬᠡᠨ ᠬᠠᠷ᠎ᠠ ᠰᠤᠷᠮᠤᠤᠰᠤᠨ ᠤ ᠴᠠᠭᠠᠨ᠎ᠠ ᠡᠷᠭᠢᠯᠳᠦᠭᠰᠡᠨ ᠪᠣᠲᠣᠭᠣᠨ ᠬᠣᠶᠠᠷ ᠨᠢᠳᠦ᠂ ᠵᠢᠵᠢᠭᠬᠡᠨ ᠤᠯᠠᠭᠠᠨ ᠤᠷᠤᠭᠤᠯ ᠤ᠋ᠨ ᠴᠠᠭᠠᠨ᠎ᠠ ᠭᠢᠯᠠᠯᠵᠠᠭᠰᠠᠨ ᠲᠣᠮᠣ ᠴᠠᠭᠠᠨ ᠰᠢᠲᠦ ᠂ ᠶᠠᠭᠠᠷᠠᠨ  ᠲᠤᠶᠠᠭᠠᠷᠠᠭᠰᠠᠨ ᠬᠠᠴᠠᠷ᠂ ᠨᠠᠷᠢᠬᠠᠨ ᠭᠣᠸᠠᠯᠢᠭ᠋ ᠪᠡᠶ᠎ᠡ ᠪᠣᠯ ᠥᠪᠡᠷ ᠡᠴᠡ ᠨᠢ ᠪᠤᠰᠤᠳ ᠲᠤ᠌ ᠬᠡᠨ ᠳ᠋ᠦ᠍ ᠴᠤ᠌ ᠣᠯᠳᠠᠵᠤ ᠪᠣᠯᠤᠮ᠎ᠠ ᠦᠭᠡᠢ ᠵᠦᠢᠯ ᠭᠡᠵᠦ ᠪᠠᠳᠠᠷᠴᠢ ᠳ᠋ᠤ᠌ ᠦᠷᠭᠦᠯᠵᠢ ᠪᠣᠳᠣᠭᠳᠠᠳᠠᠭ ᠶᠤᠮ᠃ ᠪᠠᠳᠠᠷᠴᠢ ᠶ᠋ᠢ ᠠᠢᠯᠴᠢᠯᠠᠨ ᠣᠴᠢᠬᠤ ᠳ᠋ᠤ᠌ ᠳᠤᠯᠮ᠎ᠠ ᠰᠦᠢᠳ ᠪᠣᠯᠵᠤ ᠪᠠᠶᠠᠷᠯᠠᠳᠠᠭ ᠦᠭᠡᠢ᠂ ᠭᠡᠪᠡᠴᠦ ᠠᠭᠤᠷᠯᠠᠵᠤ ᠠᠳᠠ ᠦᠵᠡᠳᠡᠭ ᠦᠭᠡᠢ᠃ ᠥᠩᠭᠡᠷᠡᠭᠰᠡᠨ ᠡᠪᠦᠯ ᠰᠤᠮᠤ ᠶ᠋ᠢᠨ ᠲᠥᠪ ᠳᠡᠭᠡᠷ᠎ᠡ ᠺᠢᠨᠣ᠋ ᠦᠵᠡᠭᠡᠳ ᠬᠠᠷᠢᠬᠤ ᠳ᠋ᠠᠭᠠᠨ ᠳᠤᠯᠮ᠎ᠠ ᠳᠥᠷᠪᠡᠨ ᠤᠳᠠᠭ᠎ᠠ ᠪᠠᠳᠠᠷᠴᠢ ᠪᠠᠷ ᠭᠡᠷ ᠲᠡᠭᠡᠨ ᠬᠦᠷᠭᠡᠭᠦᠯᠦᠭᠰᠡᠨ ᠢ᠋ ᠪᠠᠳᠠᠷᠴᠢ ᠡᠩ ᠦ᠋ᠨ ᠶᠠᠪᠤᠳᠠᠯ ᠪᠢᠰᠢ ᠭᠡᠵᠦ ᠪᠣᠳᠣᠳᠠᠭ᠃ 
       — ᠰᠠᠨᠠᠭ᠎ᠠ ᠲᠠᠢ ᠪᠠᠢᠳᠠᠭ ᠣᠯᠠᠨ ᠤ᠋ ᠲᠣᠲᠣᠷ᠎ᠠ ᠡᠴᠡ ᠴᠢᠮ᠎ᠠ ᠳ᠋ᠤ᠌ ᠳᠣᠲᠣᠨᠣ ᠪᠠᠢᠳᠠᠭ ᠶᠤᠮ᠃ ᠭᠠᠭᠴᠠ ᠬᠦ᠌ ᠪᠦᠬᠦ ᠶᠠᠪᠤᠳᠠᠯ ᠳ᠋ᠤ᠌ ᠳᠠᠮᠪᠠ ᠯᠠ ᠰᠠᠭᠠᠳ ᠪᠣᠯᠵᠤ ᠪᠠᠢᠨ᠎ᠠ ᠭᠡᠵᠦ ᠳ᠋ᠡᠮᠢᠳ ᠦᠨ ᠦᠷᠭᠦᠯᠵᠢ ᠬᠡᠯᠡᠳᠡᠭ ᠦᠭᠡ ᠶ᠋ᠢ ᠪᠠᠳᠠᠷᠴᠢ ᠶᠡᠬᠡ ᠯᠡ ᠢᠲᠡᠭᠡᠵᠦ ᠲᠠᠮᠪᠠ ᠳ᠋ᠤ᠌ ᠤᠯᠠᠮ ᠪᠦᠷ ᠬᠣᠷᠣᠰᠤᠨ ᠶᠠᠪᠤᠳᠠᠭ ᠪᠢᠯᠡ᠃ 
       — ᠭᠡᠲᠡᠯ᠎ᠡ ᠥᠨᠥᠳᠥᠷ  ᠪᠠᠭ ᠤᠨ ᠬᠤᠷᠠᠯ ᠳᠡᠭᠡᠷ᠎ᠡ ᠣᠯᠠᠨ ᠤ᠋ ᠡᠮᠦᠨ᠎ᠡ ᠰᠢᠭᠦᠮᠵᠢᠯᠡᠪᠡ᠃ ᠡᠨᠡ ᠪᠣᠯ ᠨᠡᠷ᠎ᠡ ᠶ᠋ᠢ ᠮᠢᠨᠢ ᠬᠣᠣᠷᠯᠠᠵᠤ ᠪᠠᠢᠭ᠎ᠠ ᠬᠡᠷᠡᠭ᠂ ᠡᠨᠡ ᠪᠣᠯ ᠳᠤᠯᠮ᠎ᠠ ᠲᠠᠢ ᠰᠠᠭᠤᠯᠭᠠᠬᠤ ᠦᠭᠡᠢ ᠭᠡᠰᠡᠨ ᠬᠡᠷᠡᠭ ᠭᠡᠵᠦ ᠪᠠᠳᠠᠷᠴᠢ ᠪᠣᠳᠣᠬᠤ ᠲᠣᠰᠤᠮ ᠲᠠᠮᠪᠠ ᠳ᠋ᠤ᠌ ᠬᠣᠷᠣᠰᠬᠤ ᠰᠡᠳᠬᠢᠯ ᠨᠢ ᠤᠯᠠᠮ ᠣᠷᠭᠢᠯᠤᠨ ᠶᠠᠪᠤᠯ᠎ᠠ᠃           — ᠠᠵᠢᠯ ᠬᠢᠳᠡᠭ ᠦᠭᠡᠢ ᠂ ᠬᠥᠮᠦᠨ ᠵᠠᠷᠤᠵᠤ ᠮᠥᠯᠵᠢᠳᠡᠭ ᠭᠡᠨ᠎ᠡ ᠰᠢᠦ᠂ ᠭᠤᠶᠤᠬᠤ ᠠ᠋ᠴᠠ ᠪᠤᠰᠤᠳ ᠢ᠋ ᠮᠡᠳᠡᠳᠡᠭ ᠦᠭᠡᠢ ᠭᠡᠨ᠎ᠡ ᠰᠢᠦ ᠂ ᠪᠢ ᠲᠡᠭᠦᠨ ᠢ᠋ᠶ᠋ᠡᠷ ᠵᠢᠭᠠᠯᠭᠠᠬᠤ ᠦᠭᠡᠢ ᠂ ᠶᠠᠭᠤ ᠰᠠᠢᠬᠠᠨ ᠪᠣᠢ ? ᠳᠤᠷ᠎ᠠ ᠰᠠᠢᠬᠠᠨ ᠭᠡᠳᠡᠭ ᠮᠡᠷᠭᠡᠨ ᠦᠭᠡ ᠶ᠋ᠢ ᠲᠡᠨᠡᠭ ᠲᠣᠯᠣᠭᠠᠢ ᠳ᠋ᠤᠨᠢ ᠣᠷᠣᠭᠤᠯᠵᠤ ᠥᠭᠭᠥ ᠶᠤᠮᠰᠠᠨ ᠭᠡᠵᠦ  ᠪᠠᠳᠠᠷᠴᠢ ᠶ᠋ᠢᠨ ᠬᠡᠯᠡᠬᠦ ᠳ᠋ᠦ᠍ ᠳ᠋ᠡᠮᠢᠳ ᠬᠣᠶᠠᠷ ᠳᠠᠯᠤ ᠪᠠᠨ ᠡᠭᠡᠯᠵᠢᠯᠡᠨ ᠬᠥᠳᠡᠯᠭᠡᠵᠦ ᠬᠠᠩᠬᠠᠯᠵᠠᠭᠰᠠᠨ ᠢ᠋ᠶ᠋ᠠᠨ ᠵᠣᠷᠢᠭᠤᠳᠠ ᠰᠢᠬᠠᠭᠰᠠᠨ ᠪᠦᠳᠦᠭᠦᠨ ᠳᠠᠭᠤ ᠪᠠᠷ ᠄  
       — ᠬᠣᠭ ᠲᠤ᠌ ᠪᠢ ᠦᠵᠡᠭᠦᠯᠦᠭᠡᠳ ᠥᠭᠭᠦᠨ᠎ᠡ ᠭᠡᠵᠦ ᠬᠡᠯᠡᠪᠡ᠃
       — ᠮᠣᠷᠢᠳ ᠤ᠋ᠨ ᠢ᠋ᠶ᠋ᠠᠨ ᠳᠡᠯ ᠢ᠋ ᠡᠪᠦᠯ ᠵᠤᠨ ᠦᠭᠡᠢ ᠵᠠᠰᠠᠵᠤ ᠶᠡᠬᠡ ᠬᠢᠯᠭᠠᠰᠤ ᠦᠷᠡᠭᠳᠡᠭᠦᠯᠵᠦ ᠪᠠᠢᠨ᠎ᠠ ᠭᠡᠨ᠎ᠡ ᠰᠢᠦ ᠃ ᠲᠠᠮᠪᠠ ᠥᠩᠭᠡᠷᠡᠭᠰᠡᠨ ᠵᠢᠯ ᠬᠡᠳᠦᠨ ᠤᠳᠠᠭ᠎ᠠ ᠳᠡᠯ ᠰᠡᠭᠦᠯ ᠦᠭᠡᠢ ᠬᠢᠷᠭᠠᠵᠤ ᠪᠠᠢᠭᠠᠳ ᠬᠣᠷᠢᠶᠠᠨ ᠳ᠋ᠤ᠌ ᠲᠤᠰᠢᠶᠠᠵᠤ ᠠᠳᠤᠭᠤ ᠪᠦᠷᠢ ᠡᠴᠡ ᠠᠪᠤᠭᠰᠠᠨ ᠬᠢᠯᠭᠠᠰᠤ ᠪᠠᠷ ᠢ᠋ᠶ᠋ᠠᠨ ᠪᠠᠭ ᠤ᠋ᠨ ᠬᠡᠮᠵᠢᠶᠡᠨ ᠳ᠋ᠦ᠍ ᠲᠡᠷᠢᠭᠦᠯᠡᠭᠰᠡᠨ ᠭᠡᠵᠦ ᠡᠪᠯᠡᠯ ᠦ᠋ᠨ ᠡᠭᠦᠷ ᠦ᠋ᠨ ᠢᠯᠡᠳᠬᠡᠯ ᠳ᠋ᠦ᠍ ᠣᠷᠣᠭᠰᠠᠨ ᠭᠡᠨ᠎ᠡ ᠪᠢᠯᠡ᠃ ᠲᠡᠭᠡᠭᠡᠳ ᠰᠠᠭᠰᠠᠢᠵᠤ ᠪᠠᠢᠬᠤ ᠦᠭᠡᠢ ᠤᠤ᠃ ᠬᠡᠳᠦᠨ ᠠᠳᠤᠭᠤᠨ ᠤ᠋ ᠬᠢ ᠨᠢ ᠳᠡᠯ ᠰᠡᠭᠦᠯ ᠢ᠋ ᠨᠢᠭᠡ ᠰᠥᠨᠢ ᠨᠢᠭᠤᠵᠤ ᠬᠢᠷᠭᠠᠴᠢᠬᠠᠭᠠᠳ ᠶᠠᠭᠤ ᠬᠣᠷᠢᠶᠠᠨ ᠳ᠋ᠤ᠌ ᠥᠭᠬᠦ ᠶ᠋ᠢ ᠨᠢ ᠦᠵᠡᠶ᠎ᠡ᠂ ᠮᠠᠭᠤ ᠭᠤᠶᠤᠯᠭᠠᠴᠢᠨ ᠢ᠋ ᠭᠡᠵᠦ  ᠪᠠᠳᠠᠷᠴᠢ ᠶ᠋ᠢᠨ ᠬᠡᠯᠡᠬᠦ ᠳ᠋ᠦ᠍ ᠲᠠᠮᠠᠬᠢ ᠪᠠᠨ ᠲᠡᠳᠡᠨ ᠬᠡᠨᠡᠭ ᠦᠭᠡᠢ ᠶᠠᠪᠤᠭᠰᠠᠨ ᠳ᠋ᠡᠮᠢᠳ ᠪᠠᠳᠠᠷᠴᠢ ᠤᠷᠤᠭᠤ ᠬᠠᠷᠠᠭᠰᠠᠨ ᠢ᠋ᠶ᠋ᠠᠨ ᠭᠥᠯᠥᠭᠡᠨᠡᠨ ᠳᠣᠭᠣᠭᠰᠢ ᠬᠠᠷᠠᠯ᠎ᠠ ᠃  
       ᠭᠡᠮᠲᠦ ᠬᠥᠮᠦᠨ ᠬᠡᠯᠪᠡᠯᠵᠡᠨ᠎ᠡ᠂ ᠳᠠᠭᠠᠷᠢᠲᠤ ① ᠮᠣᠷᠢ ᠳᠠᠯᠪᠢᠯᠵᠠᠨ᠎ᠠ ᠭᠡᠳᠡᠭ ᠦᠭᠡ ᠲᠤᠢᠯ ᠤ᠋ᠨ ᠦᠨᠡᠨ ᠦᠭᠡ ᠶᠦᠮ ᠰᠢᠦ᠃ ᠳ᠋ᠡᠮᠢᠳ ᠭᠠᠭᠴᠠ ᠨᠢᠭᠡ ᠪᠡᠷ ᠢ᠋ᠶ᠋ᠡᠨ ᠶᠠᠪᠤᠭ᠎ᠠ ᠮᠠᠯ ᠤ᠋ᠨ ᠨᠣᠣᠰᠣ ᠬᠢᠯᠭᠠᠰᠤ ᠶ᠋ᠢ ᠬᠠᠢᠴᠢᠯᠠᠵᠤ ᠬᠢᠷᠭᠠᠬᠤ ᠠᠵᠢᠯ ᠢ᠋ ᠮᠡᠷᠭᠡᠵᠢᠯ ᠲᠡᠢ ᠬᠢᠳᠡᠭ ᠢ᠋ᠶ᠋ᠡᠷ ᠪᠠᠷᠠᠬᠤ ᠦᠭᠡᠢ ᠥᠩᠭᠡᠷᠡᠭᠰᠡᠨ ᠵᠢᠯ ᠠᠢᠯ ᠤ᠋ᠨ ᠲᠠᠪᠢ ᠭᠠᠷᠤᠢ ᠲᠡᠮᠡᠭᠡᠨ ᠦ᠌ ᠨᠣᠣᠰᠣ ᠶ᠋ᠢ ᠭᠡᠭᠡᠨ ᠴᠠᠭᠠᠨ ᠡᠳᠦᠷ ᠪᠡᠯᠴᠢᠭᠡᠷ ᠲᠦ᠍ ᠶᠠᠪᠤᠬᠤ ᠳ᠋ᠤᠨᠢ ᠨᠢᠭᠤᠨ ᠬᠢᠷᠭᠠᠵᠤ ᠠᠪᠤᠭᠠᠳ ᠪᠠᠷᠢᠭᠳᠠᠬᠤ ᠦᠭᠡᠢ ᠥᠩᠭᠡᠷᠡᠭᠰᠡᠨ ᠪᠠ ᠬᠥᠮᠦᠰ ᠲᠦ᠍ ᠬᠤᠳᠠᠯᠳᠤᠵᠤ ᠣᠪᠣᠭ᠎ᠠ ᠶᠠᠭᠤᠮ᠎ᠠ ᠣᠯᠤᠭᠰᠠᠨ ᠲᠤᠯᠠ ᠠᠮᠲᠠᠰᠢᠭᠰᠠᠨ ᠬᠡᠷᠢᠶ᠎ᠡ ᠠᠷᠪᠠᠨ ᠭᠤᠷᠪᠠ ᠳᠠᠬᠢᠨ᠎ᠠ ᠭᠡᠭᠴᠢ ᠪᠡᠷ ᠡᠨᠡ ᠵᠢᠯ ᠤᠭ ᠠᠵᠢᠯ ᠢ᠋ᠶ᠋ᠠᠨ ᠤᠯᠠᠮ ᠴᠤ᠌ ᠢᠳᠡᠪᠬᠢᠲᠡᠢ ᠬᠢᠬᠦ᠎ ᠪᠠᠷ ᠰᠢᠢᠳᠦᠭᠰᠡᠨ ᠪᠥᠭᠡᠳ ᠥᠪᠡᠷ ᠢ᠋ ᠨᠢ ᠦᠷᠭᠦᠯᠵᠢ ᠴᠢᠴᠢᠯᠡᠵᠦ ᠰᠢᠭᠦᠮᠵᠢᠯᠡᠵᠦ ᠠᠳᠠ ᠦᠵᠡᠵᠦ ᠪᠠᠢᠳᠠᠭ ᠲᠠᠮᠪᠠ ᠶ᠋ᠢᠨ ᠠᠳᠤᠭᠤ ᠶ᠋ᠢ ᠪᠡᠯᠴᠢᠭᠡᠷ ᠲᠤᠨᠢ ᠰᠥᠨᠢ ᠳᠡᠯᠯᠡᠬᠦ ᠪᠣᠳᠣᠯ ᠲᠥᠷᠥᠭᠰᠡᠭᠡᠷ ᠬᠡᠳᠦ ᠬᠣᠨᠣᠵᠤ ᠪᠠᠢᠭ᠎ᠠ ᠶᠤᠮ ᠃ ᠡᠢᠮᠦ ᠳ᠋ᠦ᠍ ᠪᠠᠳᠠᠷᠴᠢ ᠶ᠋ᠢᠨ ᠦᠭᠡ ᠥᠪᠡᠷ ᠢ᠋ ᠨᠢ ᠰᠣᠷᠢᠨ ᠴᠣᠬᠢᠵᠤ ᠪᠠᠢᠭ᠎ᠠ ᠰᠦᠷᠡᠬᠡᠢ ᠦᠭᠡ ᠮᠡᠲᠦ ᠰᠠᠨᠠᠭᠳᠠᠭᠠᠳ ᠵᠠᠢᠯᠠᠵᠤ ᠭᠠᠷᠬᠤ ᠶ᠋ᠢᠨ ᠲᠤᠯᠠ ᠄  
       — ᠪᠣᠯᠬᠤ ᠦᠭᠡᠢ᠂ ᠲᠡᠷᠡ ᠴᠤ᠌ ᠠᠷᠠᠢ ᠳᠡᠩᠳᠡᠨ᠎ᠡ ᠭᠡᠳ ᠪᠠᠳᠠᠷᠴᠢ ᠤᠷᠤᠭᠤ ᠬᠠᠷᠠᠯ᠎ᠠ᠃ 
       ᠪᠠᠳᠠᠷᠴᠢ ᠲᠠᠮᠪᠠ ᠶ᠋ᠢ ᠴᠢᠳᠠᠬᠤ ᠠᠷᠭ᠎ᠠ ᠪᠠᠨ ᠣᠯᠬᠤ ᠭᠡᠵᠦ ᠤᠳᠠᠲᠠᠯ᠎ᠠ ᠪᠣᠳᠣᠭᠰᠠᠨ ᠃ ᠲᠡᠭᠡᠭᠡᠳ ᠠᠳᠤᠭᠤ ᠶ᠋ᠢ ᠨᠢ ᠨᠢᠭᠤᠵᠤ ᠳᠡᠯᠯᠡᠬᠦ ᠠᠷᠭ᠎ᠠ ᠣᠯᠵᠠᠢ ᠃ ᠡᠨᠡ ᠠᠷᠭ᠎ᠠ ᠪᠣᠯ ᠰᠢᠭᠦᠮᠵᠢᠯᠡᠭᠰᠡᠨ ᠦ᠌ ᠬᠠᠷᠢᠭᠤ ᠲᠠᠮᠪᠠ ᠶ᠋ᠢ ᠰᠠᠢᠨ ᠬᠣᠣᠷᠯᠠᠬᠤ ᠶ᠋ᠢᠨ ᠬᠠᠮᠲᠤ ᠂ ᠶᠡᠬᠡ ᠬᠡᠮᠵᠢᠶᠡᠨ ᠦ᠌ ᠳᠡᠯ ᠢ᠋ ᠲᠠᠯᠠᠭᠠᠷ ᠣᠯᠬᠤ ᠠᠷᠭ᠎ᠠ ᠪᠠᠢᠯ᠎ᠠ ᠃ ᠡᠭᠦᠨ ᠡᠴᠡ ᠭᠠᠳᠠᠨ᠎ᠠ᠂ ᠲᠠᠮᠪᠠ ᠪᠠᠭ ᠤ᠋ᠨ ᠬᠤᠷᠠᠯ ᠳᠡᠭᠡᠷ᠎ᠡ ᠠᠳᠤᠭᠤ ᠪᠦᠷᠢ ᠡᠴᠡ ᠪᠡᠨ ᠲᠠᠪᠤᠨ ᠵᠠᠭᠤᠨ ᠭᠷᠠᠮ ᠳᠡᠯ ᠬᠢᠯᠭᠠᠰᠤ ᠠᠪᠴᠤ ᠬᠣᠷᠰᠢᠶᠠᠨ ᠳ᠋ᠤ᠌ ᠥᠭᠭᠦᠨ᠎ᠡ ᠭᠡᠵᠦ ᠠᠮᠠ ᠥᠭᠴᠦ ᠬᠥᠮᠦᠰ ᠢ᠋ ᠤᠷᠢᠶᠠᠯᠠᠭᠰᠠᠨ ᠲᠤᠯᠠ ᠠᠳᠤᠭᠤᠨ ᠤ᠋ ᠳᠡᠯ ᠬᠢᠯᠭᠠᠰᠤ ᠶ᠋ᠢ ᠠᠯᠳᠠᠭᠠᠳ ᠠᠷᠭ᠎ᠠ ᠦᠭᠡᠢ ᠪᠣᠯᠵᠤ ᠪᠤᠰᠤᠳ ᠠ᠋ᠴᠠ ᠳᠡᠯ ᠬᠢᠯᠭᠠᠰᠤ ᠭᠤᠶᠤᠬᠤ ᠳ᠋ᠤᠨᠢ ᠥᠪᠡᠷ ᠦ᠋ᠨ ᠬᠢᠨᠢ ᠠᠳᠤᠭᠤᠨ ᠤ᠋ ᠳᠡᠯ ᠢ᠋ ᠬᠢᠮᠳᠠ ᠦᠨ᠎ᠡ ᠪᠡᠷ ᠥᠭᠴᠦ ᠰᠠᠢᠨ ᠨᠡᠷ᠎ᠡ ᠣᠯᠬᠤ ᠭᠠᠷᠴᠠᠭ᠎ᠠ ᠦᠭᠡᠢ ᠮᠡᠷᠭᠡᠨ ᠠᠷᠭ᠎ᠠ ᠰᠠᠨᠠᠭᠳᠠᠪᠠ᠃ ᠭᠡᠪᠡᠴᠦ ᠡᠭᠦᠨ ᠢ᠋ ᠭᠠᠭᠴᠠᠭᠠᠷ ᠬᠢᠬᠦ ᠳ᠋ᠦ᠍ ᠬᠡᠴᠡᠭᠦᠦ ᠠᠵᠢᠯ ᠮᠡᠲᠦ ᠪᠣᠳᠣᠭᠳᠠᠭᠰᠠᠨ ᠲᠤᠯᠠ ᠳ᠋ᠡᠮᠢᠳ ᠢ ᠬᠠᠨᠢ ᠪᠣᠯᠭᠠᠨ ᠲᠠᠲᠠᠬᠤ ᠭᠡᠵᠦ ᠡᠨᠡ ᠦᠭᠡ ᠶ᠋ᠢ ᠬᠡᠯᠡᠵᠡᠢ᠃ ᠭᠡᠲᠡᠯ᠎ᠡ ᠳ᠋ᠡᠮᠢᠳ ᠳᠡᠮᠵᠢᠭᠰᠡᠨ ᠦᠭᠡᠢ ᠪᠡᠷ ᠪᠠᠷᠠᠬᠤ ᠦᠭᠡᠢ ᠰᠦᠷᠡᠬᠡᠢ ᠰᠡᠵᠢᠭ ᠲᠡᠢ᠎ ᠪᠠᠷ ᠰᠢᠷᠳᠡᠨ ᠬᠠᠷᠠᠭᠠᠳ  ᠰᠡᠵᠢᠭᠯᠡᠭᠰᠡᠨ ᠢᠶᠡᠨ ᠮᠡᠳᠡᠭᠳᠡᠬᠦ ᠦᠭᠡᠢ ᠭᠡᠰᠡᠨ ᠪᠣᠯᠣᠯᠲᠠᠢ ᠬᠠᠷᠠᠴᠠ ᠎ᠪᠠᠨ ᠪᠤᠷᠤᠭᠤᠯᠤᠭᠰᠠᠨ ᠲᠤᠯᠠ ᠲᠡᠷᠡ ᠦᠭᠡ᠎ ᠪᠡᠨ ᠡᠩ᠎ ᠤᠨ ᠲᠤᠭᠯᠠᠭᠠᠮ  ᠪᠣᠯᠭᠠᠨ ᠥᠩᠭᠡᠷᠡᠭᠦᠯᠬᠦ᠎ ᠪᠡᠷ ᠰᠢᠢᠳᠴᠦ : 
       — ᠲᠣᠭᠯᠠᠵᠤ ᠪᠠᠢᠨ᠎ᠠ᠂ ᠵᠣᠯᠢᠭ᠋ ᠮᠢᠨᠢ᠃ ᠡᠦᠲᠦ ᠬᠢᠷᠢ ᠳ᠋ᠡᠭᠡᠨ ᠴᠤ᠌ ᠡᠴᠢᠭᠡ ᠶ᠋ᠢᠨ ᠪᠤᠶᠠᠨ ᠢᠶᠠᠷ ᠪᠠᠷᠲᠠᠬᠤ ᠨᠢ ᠪᠢᠰᠢ ᠬᠣᠶᠠᠷ ᠮᠢᠩᠭᠠᠭᠠᠳ ᠮᠠᠯ ᠪᠠᠢᠨ᠎ᠠ᠃ ᠲᠡᠷᠡ ᠵᠡᠷᠭᠡ ᠶ᠋ᠢᠨ ᠭᠤᠶᠤᠯᠭᠠᠴᠢᠨ ᠤ᠋ ᠴᠢᠳᠥᠷ ᠦ᠋ᠨ ᠬᠡᠳᠦ ᠲᠡᠢ ᠤᠷᠤᠯᠳᠤᠵᠤ ᠭᠠᠷ ᠢ᠋ᠶ᠋ᠠᠨ ᠪᠤᠵᠠᠷᠯᠠᠬᠤ ᠬᠡᠷᠡᠭ ᠣᠭᠲᠣ ᠠᠯᠠᠭ᠎ᠠ ᠭᠡᠳ ᠠᠯᠤᠰ ᠢ ᠰᠢᠷᠲᠡᠪᠡ᠃
        ᠳ᠋ᠡᠮᠢᠳ ᠴᠤ᠌ ᠨᠢᠭᠡᠳᠦᠭᠡᠷ ᠲᠦ᠍ ᠪᠠᠳᠠᠷᠴᠢ ᠶ᠋ᠢᠨ ᠳᠡᠮᠡᠢ ᠦᠭᠡᠨ ᠳ᠋ᠦ᠍ ᠰᠠᠨᠳᠤᠷᠤᠨ ᠴᠣᠴᠢᠵᠤ᠂  ᠪᠠᠳᠠᠷᠴᠢ ᠠ᠋ᠴᠠ ᠪᠤᠰᠤᠳ ᠬᠥᠮᠦᠨ ᠳ᠋ᠦ᠍ ᠰᠡᠵᠢᠭ ᠠᠪᠬᠠᠭᠤᠯᠬᠤ ᠪᠣᠯᠤᠭᠰᠠᠨ ᠪᠠᠢᠳᠠᠯ ᠢ᠋ᠶ᠋ᠠᠨ ᠪᠠᠯᠠᠯᠬᠤ᠂ ᠬᠣᠶᠠᠳᠤᠭᠠᠷ ᠲᠤ᠌ ᠡᠨᠡ ᠮᠡᠲᠦ ᠶ᠋ᠢᠨ ᠶᠣᠵᠣ ᠦᠭᠡᠢ ᠠᠵᠢᠯ ᠢ᠋ ᠬᠢᠵᠦ ᠦᠵᠡᠭᠡ ᠦᠭᠡᠢ ᠭᠡᠰᠡᠨ ᠪᠥᠭᠡᠳ  ᠠᠷᠢᠭᠤᠬᠠᠨ ᠪᠣᠯᠬᠤ ᠭᠡᠵᠦ :
       — ᠨᠢᠳᠣᠨᠣᠨ ᠵᠢᠯ ᠪᠡᠯᠴᠢᠭᠡᠷ ᠲᠦ᠍ ᠪᠠᠢᠭ᠎ᠠ ᠠᠢᠯ ᠤ᠋ᠨ ᠲᠡᠮᠡᠭᠡ᠂  ᠮᠠᠯ ᠤ᠋ᠨ ᠨᠣᠣᠰᠣ ᠶ᠋ᠢ ᠨᠢᠭᠤᠭᠠᠳ ᠬᠢᠷᠭᠠᠴᠢᠬᠠᠭᠰᠠᠨ ᠶᠠᠪᠤᠳᠠᠯ ᠰᠣᠨᠣᠰᠳᠠᠵᠤ ᠯᠠ ᠪᠠᠢᠭᠰᠠᠨ᠂ ᠶᠣᠵᠣ ᠦᠭᠡᠢ ᠬᠡᠷᠡᠭ ᠰᠢᠦ᠂ ᠪᠢ ᠶᠠᠭᠤᠮ᠎ᠠ ᠭᠤᠶᠤᠵᠤ ᠪᠣᠯᠤᠨ᠎ᠠ ᠃ ᠬᠠᠷᠢᠨ ᠬᠡᠴᠢᠨᠡᠭᠡᠨ ᠶᠠᠳᠠᠷᠠᠪᠠᠴᠤ ᠬᠤᠯᠠᠭᠠᠢ ᠬᠢᠵᠦ ᠴᠢᠳᠠᠬᠤ ᠦᠭᠡᠢ ᠭᠡᠵᠦ ᠪᠣᠳᠣᠳᠠᠭ ᠰᠢᠦ᠂ ᠶᠣᠰᠣᠲᠠᠢ ᠵᠠᠪᠠᠭᠠᠨ ᠶᠠᠭᠤᠮ᠎ᠠ ᠭᠡᠳᠡᠭ ᠴᠢᠨᠢ ᠬᠤᠯᠠᠭᠠᠢ ᠲᠡᠢᠮᠦ ᠠ᠋ ? ᠡᠪᠦᠭᠡᠨ ᠮᠢᠨᠢ ᠭᠡᠵᠦ ᠨᠢᠳᠦ ᠪᠡᠷ ᠢ᠋ᠶ᠋ᠡᠨ ᠠᠵᠢᠭᠯᠠᠨ ᠬᠠᠷᠠᠯ᠎ᠠ᠃
        ᠪᠤᠵᠠᠷ ᠠᠵᠢᠯ ᠂ ᠡᠪᠦᠭᠡᠨ ᠮᠢᠨᠢ ᠬᠤᠯᠠᠭᠠᠢ ᠭᠡᠳᠡᠭ ᠦᠭᠡ ᠶ᠋ᠢ ᠰᠣᠨᠣᠰᠤᠭᠠᠳ ᠪᠥᠭᠡᠯᠵᠢᠰᠦ ᠴᠢᠳᠬᠤᠳᠠᠭ ᠶᠤᠮ ᠭᠡᠵᠦ ᠪᠠᠳᠠᠷᠴᠢ ᠠᠵᠢᠭ ᠴᠤ᠌ ᠦᠭᠡᠢ ᠬᠡᠯᠡᠭᠡᠳ ᠦᠨᠡᠬᠡᠷ ᠪᠥᠭᠡᠯᠵᠢᠰᠦ ᠨᠢ ᠴᠢᠳᠬᠤᠭᠰᠠᠨ ᠪᠣᠯᠤᠯᠲᠠᠢ ᠬᠡᠰᠡᠭ ᠰᠢᠯᠦᠰᠦ ᠬᠠᠶᠠᠪᠠ᠃ ᠡᠨᠡ ᠬᠣᠶᠠᠷ ᠢᠩᠭᠢᠵᠦ ᠶᠠᠷᠢᠯᠴᠠᠭᠰᠠᠨ ᠪᠣᠯᠪᠠᠴᠤ ᠲᠠᠮᠪᠠ ᠶ᠋ᠢᠨ ᠠᠳᠤᠭᠤ ᠶ᠋ᠢ ᠨᠢᠭᠤᠵᠤ ᠳᠡᠯᠯᠡᠬᠦ ᠪᠣᠳᠣᠯ ᠠ᠋ᠴᠠ ᠬᠡᠨ ᠬᠡᠨ ᠨᠢ ᠲᠠᠲᠠᠭᠠᠯᠵᠠᠭᠰᠠᠨ ᠦᠭᠡᠢ᠃ ᠬᠠᠷᠢᠨ ᠪᠣᠳᠣᠬᠤ ᠳᠣᠳᠣᠮ ᠠᠯᠢ ᠴᠤ᠌ ᠲᠠᠯ᠎ᠠ ᠪᠠᠷ ᠠᠰᠢᠭᠲᠠᠢ ᠵᠦᠢᠯ ᠮᠡᠲᠦ ᠰᠠᠨᠠᠭᠳᠠᠵᠤ ᠰᠢᠨᠤᠯ ᠤ᠋ᠨ ᠭᠠᠯ ᠨᠢ ᠥᠪᠡᠷ ᠦ᠋ᠨ ᠡᠷᠬᠡ ᠦᠭᠡᠢ ᠣᠪᠣᠯᠵᠠᠵᠤ ᠪᠠᠢᠯ᠎ᠠ᠃ ᠰᠢᠨᠤᠯ ᠭᠡᠳᠡᠭ ᠪᠣᠯ ᠠᠶᠤᠯᠲᠠᠢ ᠪᠥᠭᠡᠳ ᠬᠦᠴᠦᠳᠡᠶ᠎ ᠵᠦᠢᠯ ᠂ ᠡᠭᠦᠨ ᠡᠴᠡ ᠪᠣᠯᠵᠤ ᠣᠯᠠᠨ ᠴᠤ᠌ ᠬᠥᠮᠦᠨ ᠦᠬᠦᠭᠰᠡᠨ᠂ ᠣᠯᠠᠨ ᠴᠤ᠌ ᠬᠥᠮᠦᠨ ᠪᠤᠵᠠᠷᠯᠠᠭᠳᠠᠭᠰᠠᠨ᠂ ᠣᠯᠠᠨ ᠴᠤ᠌ ᠬᠥᠮᠦᠨ ᠠᠷᠢᠶᠠᠲᠠᠨ ᠪᠣᠯᠵᠤ ᠬᠤᠪᠢᠷᠠᠭᠰᠠᠨ᠃ ᠢᠯᠠᠩᠭᠤᠶ᠎ᠠ ᠰᠢᠨᠤᠯ ᠨᠢ ᠠᠲᠠᠭ᠎ᠠ ᠲᠠᠢ ᠬᠣᠣᠰᠯᠠᠬᠤ ᠳ᠋ᠤ᠌ ᠬᠠᠳᠠ ᠶ᠋ᠢ ᠬᠠᠭᠠᠯᠬᠤ ᠬᠣᠣᠷ ᠢ᠋ ᠭᠠᠷᠭᠠᠳᠠᠭ᠂ ᠭᠡᠪᠡᠴᠦ ᠬᠡᠵᠢᠶ᠎ᠡ ᠴᠤ᠌ ᠬᠠᠮᠢᠭ᠎ᠠ ᠴᠤ᠌ ᠰᠢᠨᠤᠯ ᠬᠡᠪ ᠢ᠋ᠶ᠋ᠡᠷ ᠭᠠᠷᠴᠤ ᠪᠠᠢᠭ᠎ᠠ ᠦᠭᠡᠢ᠂ ᠰᠢᠨᠤᠯ ᠦᠷᠭᠦᠯᠵᠢ ᠶᠠᠮᠠᠷ ᠨᠢᠭᠡᠨ ᠰᠢᠯᠲᠠᠭᠠᠨ ᠢ᠋ᠶ᠋ᠠᠷ ᠬᠠᠯᠬᠠᠪᠴᠢ ᠬᠢᠵᠦ ᠣᠪᠣᠯᠵᠠᠨ ᠭᠠᠷᠳᠠᠭ  ᠪᠢᠯᠡ ᠃ ᠪᠢ ᠰᠢᠨᠤᠯ ᠲᠠᠢ ᠤᠴᠢᠷ ᠠ᠋ᠴᠠ ᠡᠭᠦᠨ ᠢ᠋ ᠠᠪᠬᠤ ᠭᠡᠵᠦ ᠪᠠᠢᠨ᠎ᠠ᠂ ᠲᠡᠭᠦᠨ ᠢ᠋ ᠣᠯᠬᠤ ᠭᠡᠵᠦ ᠪᠠᠢᠨ᠎ᠠ ᠭᠡᠵᠦ ᠬᠡᠯᠡᠬᠦ ᠶ᠋ᠢ ᠬᠡᠨ ᠴᠤ᠌ ᠰᠣᠨᠣᠰᠤᠭ᠎ᠠ ᠦᠭᠡᠢ ᠪᠢᠵᠡ ᠠ᠋᠃ 
       ᠪᠠᠳᠠᠷᠴᠢ᠂ ᠳ᠋ᠡᠮᠢᠳ ᠠᠯᠢ ᠠᠯᠢ ᠨᠢ ᠴᠤ᠌ ᠰᠢᠨᠤᠯ ᠲᠠᠢ ᠤᠴᠢᠷ ᠠ᠋ᠴᠠ ᠲᠠᠮᠪᠠ ᠶ᠋ᠢᠨ ᠠᠳᠤᠭᠤ ᠶ᠋ᠢ ᠳᠡᠯᠯᠡᠬᠦ ᠭᠡᠵᠦ ᠪᠠᠢᠨ᠎ᠠ ᠭᠡᠵᠦ ᠬᠡᠯᠡᠬᠦ ᠦᠭᠡᠢ᠂ ᠲᠡᠷᠡ ᠬᠣᠶᠠᠷ ᠲᠤ᠌ ᠲᠠᠮᠪᠠ ᠶ᠋ᠢᠨ ᠠᠳᠤᠭᠤᠨ ᠤ ᠳᠡᠯ ᠢ ᠠᠪᠬᠤ ᠰᠢᠨᠤᠯ ᠢ᠋ᠶ᠋ᠠᠨ ᠵᠥᠪᠲᠥᠭᠡᠬᠦ ᠭᠡᠰᠡᠨ ᠰᠢᠯᠲᠠᠭᠠᠨ ᠪᠠᠢᠭ᠎ᠠ ᠨᠢ ᠮᠡᠳᠡᠭᠡᠵᠢ ᠶ᠋ᠢᠨ ᠬᠡᠷᠡᠭ᠃ ᠰᠢᠨᠤᠯ ᠢ᠋ ᠤᠬᠠᠭᠠᠨ ᠢ᠋ᠶ᠋ᠠᠷ ᠬᠠᠵᠠᠭᠠᠷᠯᠠᠵᠤ ᠪᠣᠯᠳᠠᠭ᠃ ᠭᠡᠪᠡᠴᠦ ᠳ᠋ᠡᠮᠢᠳ ᠪᠠᠳᠠᠷᠴᠢ ᠬᠣᠶᠠᠷ ᠪᠣᠯ ᠲᠡᠢᠮᠦ ᠪᠢᠰᠢ᠂ ᠬᠠᠷᠢᠨ ᠰᠢᠨᠤᠯ ᠢ᠋ ᠠᠲᠠᠭ᠎ᠠ ᠲᠠᠢ ᠬᠣᠯᠪᠣᠵᠤ ᠪᠠᠢᠳᠠᠭ ᠪᠠᠢᠯ᠎ᠠ᠃ ᠢᠩᠭᠢᠭᠡᠳ ᠲᠠᠮᠪᠠ ᠶ᠋ᠢᠨ ᠠᠳᠤᠭᠤᠨ ᠤ᠋ ᠳᠡᠯ ᠬᠢᠭᠰᠡᠨ ᠰᠠᠪᠠ ᠭᠡᠷ ᠦ᠋ᠨ ᠬᠢᠨᠢ ᠬᠠᠲᠠᠪᠴᠢᠨ ᠳ᠋ᠤ᠌ ᠪᠠᠢᠬᠤ ᠶᠡᠬᠡ ᠣᠯᠵᠠ ᠪᠠᠷ ᠮᠠᠩᠰᠢᠭᠤᠷᠠᠨ᠂ ᠰᠢᠢᠳᠦᠭᠰᠡᠨ ᠰᠢᠨᠤᠯ ᠳ᠋ᠤ᠌ ᠳᠥᠷᠦᠯᠡᠭᠦᠯᠦᠨ ᠬᠥᠲᠥᠯᠦᠭᠦᠯᠦᠭᠰᠡᠨ ᠳ᠋ᠠᠮᠢᠳ᠂ ᠪᠠᠳᠠᠷᠴᠢ ᠬᠣᠶᠠᠷ ᠥᠨᠳᠡᠢᠵᠦ ᠬᠤᠷᠳᠤᠯᠠᠪᠠ᠃ 
       ᠨᠠᠷᠠ ᠬᠡᠳᠦᠢᠨ ᠵᠢᠷᠭᠠᠭᠠᠳ ᠶᠠᠭᠤᠮ᠎ᠠ ᠪᠦᠬᠦᠨ ᠪᠦᠳᠡᠭᠢ ᠰᠡᠭᠦᠳᠡᠷ ᠲᠦ᠍ ᠳᠠᠷᠤᠭᠳᠠᠵᠠᠢ᠃ ᠲᠡᠭᠷᠢ ᠳ᠋ᠦ᠍ ᠡᠩᠬᠡ ᠶ᠋ᠢᠨ ᠣᠳᠣᠳ ᠠᠨᠢᠪᠴᠢᠨ ᠮᠢᠷᠠᠯᠵᠠᠵᠤ ᠡᠮᠦᠨ᠎ᠡ ᠡᠴᠡ ᠨᠢ ᠦᠳᠡᠰᠢ ᠶ᠋ᠢᠨ ᠰᠡᠷᠢᠭᠦᠨ ᠰᠠᠯᠬᠢ ᠦᠯᠢᠶᠡᠵᠦ ᠪᠠᠢᠯ᠎ᠠ ᠃ ᠲᠡᠷᠲᠡᠭᠡ ᠨᠢᠳᠦᠨ ᠦ᠌ ᠦᠵᠦᠭᠦᠷ ᠲᠦ᠍ ᠪᠠᠢᠭ᠎ᠠ ᠴᠠᠭᠠᠨ ᠲᠣᠯᠣᠭᠠᠢ ᠪᠦᠷᠦᠯᠵᠡᠨ ᠬᠠᠷᠠᠭᠳᠠᠭᠠᠳ ᠲᠡᠭᠦᠨ ᠦ᠌ ᠠᠯᠢ ᠨᠢᠭᠡ ᠰᠤᠭᠤᠨ ᠳ᠋ᠤᠨᠢ ᠲᠠᠮᠪᠠ ᠶ᠋ᠢᠨ ᠠᠳᠤᠭᠤ ᠪᠠᠢᠭ᠎ᠠ ᠰᠢᠦ ᠳᠡ ᠭᠡᠵᠦ ᠪᠣᠳᠣᠬᠤ ᠳ᠋ᠤ᠌ ᠡᠦᠲᠦ ᠲᠦᠷᠭᠡᠨ ᠶᠠᠪᠤᠵᠤ ᠣᠴᠢᠭᠠᠳ ᠤᠨᠠᠭ᠎ᠠ ᠲᠠᠢ᠂ ᠳᠠᠭ᠎ᠠ ᠲᠠᠢ᠂ ᠭᠡᠭᠦᠦ ᠲᠡᠢ᠂ ᠠᠵᠢᠷᠭ᠎ᠠ ᠲᠠᠢ ᠨᠢ ᠴᠥᠮ ᠢ᠋ ᠪᠠᠷᠢᠵᠤ ᠠᠪᠤᠭᠠᠳ ᠳᠡᠯ ᠢ᠋ ᠨᠢ ᠬᠤᠢᠬ᠎ᠠ ᠲᠠᠢ ᠨᠢ᠂ ᠰᠡᠭᠦᠯ ᠢ᠋ ᠨᠢ ᠶᠠᠰᠤᠨ ᠤ᠋ ᠬᠢᠨᠢ ᠦᠵᠦᠭᠦᠷ ᠢ᠋ᠶ᠋ᠡᠷ ᠬᠢᠷᠭᠠᠨ ᠠᠪᠤᠮᠠᠷ ᠰᠠᠨᠠᠭᠳᠠᠨ ᠮᠣᠷᠢ ᠪᠠᠨ ᠲᠠᠰᠢᠭᠤᠷᠳᠠᠵᠤ ᠪᠠᠢᠯ᠎ᠠ᠃ 

       ᠶᠠᠭᠠᠬᠢᠭᠰᠠᠨ ᠬᠠᠷᠠᠩᠭᠤᠢ ᠰᠥᠨᠢ ᠪᠣᠢ ? ᠲᠡᠭᠷᠢ ᠳ᠋ᠦ᠍ ᠪᠢᠲᠡᠭᠦᠦ ᠬᠠᠷ᠎ᠠ ᠡᠭᠦᠯᠡ ᠪᠦᠷᠬᠦᠭᠡᠳ ᠭᠠᠭᠴᠠ ᠴᠤ᠌ ᠡᠦᠲᠦ ᠬᠠᠷᠠᠭᠳᠠᠬᠤ ᠦᠭᠡᠢ ᠠᠵᠢ᠃  ᠤᠨᠤᠵᠤ ᠶᠠᠪᠤᠭ᠎ᠠ ᠮᠣᠷᠢᠨ ᠤ᠋ ᠴᠢᠬᠢ ᠠᠷᠠᠢ ᠴᠢᠷᠠᠢ ᠭᠡᠵᠦ ᠬᠠᠷᠠᠭᠳᠠᠭᠠᠳ ᠲᠡᠭᠦᠨ ᠦ᠌ ᠴᠠᠭᠠᠨ᠎ᠠ ᠮᠠᠨᠠᠷᠠᠭᠰᠠᠨ ᠭᠦᠨ ᠬᠠᠷᠠᠩᠭᠤᠢ ᠦᠷᠭᠦᠯᠵᠢᠯᠡᠨ ᠪᠠᠢᠯ᠎ᠠ᠃ ᠡᠨᠡ ᠬᠠᠷᠠᠩᠭᠤᠢ ᠰᠥᠨᠢ ᠴᠠᠭᠠᠨ ᠲᠣᠯᠣᠭᠠᠢ ᠶ᠋ᠢᠨ ᠪᠠᠷᠠᠭᠤᠨ ᠡᠮᠦᠨ᠎ᠡ ᠲᠠᠯ᠎ᠠ ᠳ᠋ᠤ᠌ ᠬᠡᠰᠡᠭ ᠠᠳᠤᠭᠤ ᠪᠡᠯᠴᠢᠭᠡᠷᠯᠡᠨ ᠢᠳᠡᠵᠦ ᠪᠠᠢᠭᠰᠠᠨ ᠪᠢᠯᠡ᠃ ᠨᠣᠭᠣᠭᠠᠨ ᠳ᠋ᠤ᠌ ᠴᠠᠳᠴᠤ ᠡᠬᠢᠯᠡᠭᠰᠡᠨ ᠠᠳᠤᠭᠤ ᠪᠣᠯ ᠶᠡᠬᠡ ᠴᠢᠮᠡᠭᠡ ᠦᠭᠡᠢ ᠪᠠᠢᠳᠠᠭ᠃ ᠲᠡᠭᠡᠭᠡᠳ ᠠᠳᠤᠭᠤᠨ ᠤ᠋ ᠦᠷᠭᠦᠯᠵᠢᠯᠡᠨ ᠲᠤᠷᠭᠢᠬᠤ ᠳᠠᠭᠤ ᠪᠠᠷ ᠲᠠᠮᠪᠠ ᠢᠳᠡᠵᠦ ᠪᠠᠢᠭ᠎ᠠ ᠠᠳᠤᠭᠤᠨ ᠤ᠋ ᠪᠠᠨ ᠪᠠᠷᠢᠮᠵᠢᠶ᠎ᠠ ᠶ᠋ᠢ ᠣᠯᠤᠨ ᠲᠣᠭᠣᠷᠢᠵᠤ ᠪᠠᠢᠯ᠎ᠠ᠃ ᠲᠠᠮᠪᠠ ᠦᠶ᠎ᠡ ᠦᠶ᠎ᠡ ᠬᠠᠰᠬᠢᠷᠬᠤ ᠪᠤᠶᠤ ᠢᠰᠬᠡᠷᠬᠦ᠂ ᠦᠶ᠎ᠡ ᠦᠶ᠎ᠡ ᠴᠢᠩᠭ᠎ᠠ ᠬᠣᠭᠣᠯᠠᠢ ᠪᠠᠷ ᠳᠠᠭᠤᠯᠠᠵᠤ ᠶᠡᠬᠡ ᠯᠡ ᠴᠢᠮᠡᠭᠡ ᠲᠡᠢ ᠶᠠᠪᠤᠭᠰᠠᠨ ᠲᠤᠯᠠ ᠭᠦᠨ ᠬᠠᠷᠠᠩᠭᠤᠢ ᠳ᠋ᠤ᠌ ᠳᠠᠷᠤᠭᠳᠠᠭᠰᠠᠨ ᠣᠢᠷ᠎ᠠ ᠣᠷᠴᠢᠨ ᠢ᠋ ᠰᠡᠷᠡᠭᠡᠵᠦ ᠪᠠᠢᠯ᠎ᠠ᠃ ᠲᠠᠮᠪᠠ ᠶ᠋ᠢᠨ ᠢᠩᠭᠢᠵᠦ ᠶᠠᠪᠤᠬᠤ ᠳ᠋ᠤ᠌ ᠲᠡᠭᠦᠨ ᠡᠴᠡ ᠲᠡᠳᠦᠢᠯᠡᠨ ᠬᠣᠯᠠ ᠪᠢᠰᠢ ᠭᠠᠵᠠᠷ ᠡᠮᠡᠭᠡᠯ ᠲᠡᠢ ᠮᠣᠷᠢ ᠬᠥᠲᠥᠯᠵᠦ ᠤᠷᠲᠤ ᠤᠷᠭ᠎ᠠ ᠪᠠᠷᠢᠭᠰᠠᠨ ᠨᠢᠭᠡ ᠬᠥᠮᠦᠨ ᠴᠢᠩᠬ᠎ᠠ ᠴᠤ᠌ ᠠᠮᠢᠰᠬᠤᠯᠠᠬᠤ ᠦᠭᠡᠢ ᠲᠠᠮᠪᠠ ᠶ᠋ᠢᠨ ᠶᠠᠪᠤᠬᠤ ᠶ᠋ᠢ ᠬᠦᠯᠢᠶᠡᠵᠦ ᠶᠠᠪᠤᠵᠠᠢ᠃ ᠬᠤᠷᠴᠠ ᠭᠡᠭᠴᠢ ᠶ᠋ᠢᠨ ᠬᠠᠢᠴᠢ ᠳᠣᠲᠣᠷ᠎ᠠ ᠨᠢ ᠪᠣᠭᠣᠭᠰᠠᠨ ᠬᠣᠶᠠᠷ ᠰᠢᠭᠤᠳᠠᠢ ᠭᠠᠨᠵᠤᠭᠠᠯᠠᠭᠰᠠᠨ ᠪᠥᠭᠡᠳ ᠡᠮᠡᠭᠡᠯ ᠦ᠋ᠨ ᠳᠡᠭᠡᠭᠦᠷ ᠬᠣᠶᠠᠷ ᠳᠥᠷᠥᠭᠡ ᠶ᠋ᠢ ᠵᠥᠷᠢᠭᠦᠯᠦᠨ ᠲᠠᠯᠪᠢᠭᠰᠠᠨ ᠨᠢ ᠥᠴᠦᠬᠡᠨ ᠴᠦ᠍ ᠴᠢᠮᠡᠭᠡ ᠭᠠᠷᠭᠠᠬᠤ ᠦᠭᠡᠢ ᠶ᠋ᠢ ᠬᠢᠴᠢᠶᠡᠭᠰᠡᠨ ᠦ᠌ ᠲᠡᠮᠳᠡᠭ ᠪᠠᠢᠵᠠᠢ᠃  
       ᠤᠩᠰᠢᠭᠴᠢ ᠲᠠ ᠡᠨᠡ ᠬᠡᠨ ᠪᠣᠢ? ᠶᠠᠭᠤ ᠬᠢᠬᠦ ᠭᠡᠵᠦ ᠡᠨᠡ ᠬᠠᠷᠠᠩᠭᠤᠢ ᠰᠥᠨᠢ ᠡᠨᠳᠡ ᠶᠠᠪᠤᠭ᠎ᠠ ᠶ᠋ᠢ ᠲᠠᠭᠠᠪᠤᠷᠢᠯᠠᠵᠤ ᠪᠠᠢᠭ᠎ᠠ ᠪᠢᠵᠡ ᠠ᠋᠃ ᠭᠡᠪᠡᠴᠦ ᠴᠣᠬᠣᠮ ᠳ᠋ᠠᠮᠢᠳ ᠤᠤ᠂ ᠠᠯᠢ ᠪᠠᠳᠠᠷᠴᠢ ᠤᠤ ᠭᠡᠳᠡᠭ ᠢ᠋ ᠲᠠ ᠯᠠᠪ ᠮᠡᠳᠡᠬᠦ ᠦᠭᠡᠢ ᠪᠢᠵᠡ ᠠ᠋᠃ ᠡᠨᠡ ᠪᠣᠯ ᠨᠥᠭᠦᠭᠡ ᠳ᠋ᠠᠮᠢᠳ ᠦᠨ᠎ᠡ ᠦᠭᠡᠢ ᠳᠡᠯ ᠣᠯᠬᠤ ᠭᠡᠵᠦ ᠵᠢᠳᠬᠦᠵᠦ ᠶᠠᠪᠤᠭ᠎ᠠ ᠨᠢ ᠲᠡᠷᠡ ᠪᠢᠯᠡ᠃  
       ᠲᠠᠮᠪᠠ ᠶ᠋ᠢᠨ ᠰᠡᠭᠦᠯ ᠦ᠋ᠨ ᠡᠳᠦᠷ ᠦ᠋ᠳ ᠲᠦ᠍ ᠠᠵᠢᠷᠭᠠᠨ ᠳ᠋ᠠᠭᠠᠨ ᠨᠠᠢᠳᠠᠵᠤ ᠲᠠᠷᠪᠠᠭ᠎ᠠ ᠵᠤᠷᠠᠮ᠎ᠠ ᠭᠠᠷᠴᠤ᠂ ᠴᠢᠨᠣ᠎ᠠ ᠨᠣᠬᠠᠢ ᠶ᠋ᠢᠨ ᠰᠢᠷᠦᠭᠦᠨ ᠦᠶ᠎ᠡ ᠥᠩᠭᠡᠷᠡᠭᠰᠡᠨ ᠢ᠋ ᠠᠰᠢᠭᠯᠠᠨ ᠠᠳᠤᠭᠤ ᠪᠠᠨ ᠰᠥᠨᠢ ᠬᠠᠭᠠᠰᠯᠠᠨ ᠮᠠᠨᠠᠳᠠᠭ ᠪᠣᠯᠤᠭᠰᠠᠨ ᠪᠠ ᠡᠨᠡ ᠰᠥᠨᠢ ᠶ᠋ᠢᠨ ᠶᠡᠷᠦ ᠪᠤᠰᠤ ᠶ᠋ᠢᠨ ᠬᠠᠷᠠᠩᠭᠤᠢ ᠶ᠋ᠢ ᠳᠠᠯᠢᠮᠳᠠᠭᠤᠯᠤᠨ ᠠᠵᠢᠯ ᠢ᠋ᠶ᠋ᠠᠨ ᠭᠦᠢᠴᠡᠳᠬᠡᠬᠦ ᠭᠡᠵᠦ ᠳ᠋ᠠᠮᠢᠳ ᠭᠠᠷᠤᠭᠰᠠᠨ ᠶᠤᠮ᠃ ᠲᠠᠯᠠᠭᠠᠷ ᠣᠯᠵᠠ ᠣᠯᠬᠤ ᠰᠢᠨᠤᠯ ᠬᠣᠷᠣᠰᠣᠭᠰᠨ ᠠᠲᠠᠭ᠎ᠠ ᠬᠣᠶᠠᠷ ᠲᠠᠭᠠᠨ ᠳ᠋ᠠᠮᠢᠳ ᠤ᠋ᠨ ᠰᠡᠳᠬᠢᠯ ᠪᠦᠷᠢᠨ ᠠᠳᠬᠤᠭᠳᠠᠭᠰᠠᠭᠠᠷ ᠠᠵᠢᠯ ᠢ᠋ᠶ᠋ᠠᠨ ᠲᠦᠷᠭᠡᠨ ᠡᠬᠢᠯᠡᠬᠦ ᠭᠡᠵᠦ ᠶᠠᠭᠠᠷᠠᠪᠠᠴᠤ ᠲᠠᠮᠪᠠ ᠶᠠᠪᠤᠵᠤ ᠥᠭᠳᠡᠭ ᠦᠭᠡᠢ ᠠᠷᠭ᠎ᠠ ᠪᠤᠶᠤ ᠬᠦᠯᠢᠶᠡᠵᠦ ᠶᠠᠪᠤᠯ᠎ᠠ᠃ ᠴᠠᠭ ᠤ᠋ᠨ ᠪᠠᠷᠢᠮᠵᠢᠶ᠎ᠠ ᠣᠯᠬᠤ ᠭᠡᠵᠦ ᠲᠩᠷᠢ ᠤᠷᠤᠭᠤ ᠪᠠᠢᠨ ᠪᠠᠢᠨ ᠬᠠᠷᠠᠪᠠᠴᠤ ᠪᠢᠲᠡᠭᠦᠦ ᠬᠠᠷᠠᠩᠭᠤᠢ ᠡᠭᠦᠯᠡᠨ ᠳ᠋ᠦ᠍ ᠬᠠᠭᠠᠭᠳᠠᠭᠰᠠᠨ ᠣᠳᠣᠳ ᠣᠭᠲᠣ ᠬᠠᠷᠠᠭᠳᠠᠬᠤ ᠦᠭᠡᠢ ᠲᠤᠯᠠ ᠳ᠋ᠠᠮᠢᠳ ᠪᠠᠢᠨ ᠪᠠᠢᠨ ᠰᠠᠨᠠᠭ᠎ᠠ ᠠᠯᠲᠠᠨ ᠶᠠᠪᠤᠵᠠᠢ᠃ ᠠᠵᠠ ᠬᠦᠦ ᠪᠠᠢᠪᠠᠯ ᠶᠣᠵᠣ ᠬᠦᠦ ᠪᠡᠷ ᠬᠣᠵᠢᠳᠠᠭ ᠭᠡᠵᠦ ᠦᠭᠡ ᠪᠠᠢᠳᠠᠭ᠃ ᠰᠥᠨᠢ ᠳᠤᠮᠳᠠ ᠶ᠋ᠢᠨ ᠦᠶ᠎ᠡ ᠳ᠋ᠦ᠍ ᠲᠩᠷᠢ ᠶ᠋ᠢ ᠬᠠᠭᠠᠭᠰᠠᠨ ᠡᠭᠦᠯᠡ ᠨᠢᠮᠭᠡᠷᠡᠨ ᠠᠷᠢᠯᠵᠤ ᠡᠬᠢᠯᠡᠭᠰᠡᠨ ᠲᠤᠯᠠ ᠨᠥᠭᠦᠭᠡ ᠫᠠᠳ ᠬᠠᠷᠠᠩᠭᠤᠢ ᠴᠤ᠌ ᠦᠭᠡᠢ ᠪᠣᠯᠵᠤ ᠣᠪᠣᠭ᠎ᠠ ᠶᠠᠭᠤᠮ᠎ᠠ ᠬᠠᠷᠠᠭᠳᠠᠬᠤ ᠲᠠᠢ ᠪᠣᠯᠤᠭᠰᠠᠨ ᠪᠥᠭᠡᠳ ᠲᠠᠮᠪᠠ ᠴᠤ᠌ ᠠᠳᠤᠭᠤ ᠪᠠᠨ ᠣᠷᠬᠢᠵᠤ ᠭᠡᠷ ᠦ᠋ᠨ ᠵᠦᠭ ᠶᠠᠪᠤᠵᠠᠢ᠃ 
       ᠲᠠᠮᠪᠠ ᠶ᠋ᠢ ᠶᠠᠪᠤᠭᠰᠠᠨ ᠠ᠋ᠴᠠ ᠬᠣᠢᠰᠢ ᠳ᠋ᠠᠮᠢᠳ ᠲᠣᠭᠲᠠᠨ ᠢᠳᠡᠵᠦ ᠪᠠᠢᠭ᠎ᠠ ᠠᠳᠤᠭᠤᠨ ᠳ᠋ᠤ᠌ ᠬᠢᠨᠠᠮᠵᠢ ᠲᠠᠢ ᠣᠢᠷᠠᠳᠴᠤ ᠣᠴᠢᠭᠠᠳ ᠠᠳᠤᠭᠤ ᠶ᠋ᠢ ᠲᠠᠭᠤᠵᠤ ᠴᠠᠭᠠᠨ ᠲᠣᠯᠣᠭᠠᠢ ᠶ᠋ᠢᠨ ᠵᠡᠭᠦᠨ ᠬᠣᠢᠨ᠎ᠠ ᠠᠪᠠᠴᠢᠭᠠᠳ ᠨᠣᠮᠣᠬᠠᠨᠴᠢᠯᠠᠨ ᠪᠡᠷᠢᠯᠡᠵᠦ ᠳᠡᠯ ᠰᠡᠭᠦᠯ ᠢ᠋ ᠨᠢ ᠬᠢᠷᠭᠠᠵᠤ ᠡᠬᠢᠯᠡᠪᠡ᠃ ᠴᠠᠭ ᠥᠩᠭᠡᠷᠡᠬᠦ ᠳᠣᠳᠣᠮ ᠲᠩᠷᠢ ᠤᠯᠠᠮ ᠪᠦᠷ ᠭᠡᠢᠵᠦ ᠡᠨᠳᠡ ᠲᠡᠨᠳᠡ ᠣᠳᠣᠳ ᠮᠢᠷᠠᠯᠵᠠᠨ ᠬᠠᠷᠠᠭᠳᠠᠬᠤ ᠪᠣᠯᠪᠠᠴᠤ ᠰᠥᠨᠢ ᠶ᠋ᠢᠨ ᠰᠠᠯᠬᠢ ᠰᠡᠷ ᠰᠡᠷ ᠦᠯᠢᠶᠡᠵᠦ ᠠᠳᠤᠭᠤᠨ ᠤ᠋ ᠲᠤᠷᠭᠢᠬᠤ ᠰᠢᠨᠡᠬᠡᠨ ᠨᠣᠭᠣᠭ᠎ᠠ ᠶ᠋ᠢ ᠰᠢᠷ ᠰᠢᠷ ᠲᠠᠰᠤᠴᠢᠨ ᠬᠠᠵᠠᠬᠤ ᠳᠠᠭᠤ ᠲᠠᠰᠤᠷᠠᠯᠲᠠ ᠦᠭᠡᠢ ᠰᠣᠨᠣᠰᠳᠠᠵᠤ ᠪᠠᠢᠯ᠎ᠠ᠃  
       ᠬᠥᠮᠦᠨ ᠶᠠᠭᠤᠮ᠎ᠠ ᠶ᠋ᠢ ᠬᠡᠴᠢᠨᠡᠭᠡᠨ ᠬᠥᠳᠡᠯᠮᠦᠷᠢ ᠭᠠᠷᠭᠠᠵᠤ ᠣᠯᠪᠠᠯ ᠲᠥᠴᠢᠨᠡᠭᠡᠨ ᠦᠨᠡᠯᠡᠯ ᠬᠠᠢᠷᠠᠯᠠᠵᠤ ᠦᠵᠡᠳᠡᠭ ᠪᠢᠯᠡ᠃ ᠭᠡᠲᠡᠯ᠎ᠡ ᠡᠨᠡ ᠳᠡᠯ ᠪᠣᠯ ᠳ᠋ᠠᠮᠢᠳ ᠲᠤ᠌ ᠮᠠᠰᠢ ᠬᠢᠮᠳᠠ ᠣᠯᠳᠠᠵᠤ ᠪᠠᠢᠭ᠎ᠠ ᠲᠤᠯᠠ ᠨᠡᠯᠢᠶᠡᠳ ᠬᠡᠰᠡᠭ ᠢ᠋ ᠨᠢ ᠭᠠᠵᠠᠷ ᠬᠠᠶᠠᠵᠤ᠂ ᠰᠠᠯᠬᠢᠨ ᠳ᠋ᠤ᠌ ᠠᠯᠳᠠᠬᠤ ᠵᠡᠷᠭᠡ ᠪᠡᠷ ᠦᠷᠡᠭᠳᠡᠭᠦᠯᠵᠦ ᠪᠠᠢᠯ᠎ᠠ᠃ ᠬᠥᠮᠦᠨ ᠦ᠌ ᠶᠠᠭᠤᠮ᠎ᠠ ᠶ᠋ᠢ ᠨᠢᠭᠤᠨ ᠠᠪᠴᠤ ᠪᠠᠢᠭ᠎ᠠ ᠬᠥᠮᠦᠨ ᠦ᠌ ᠰᠡᠳᠬᠢᠯ᠂ ᠰᠠᠯᠬᠢᠨ ᠳ᠋ᠤ᠌ ᠦᠯᠢᠶᠡᠭᠳᠡᠭᠰᠡᠨ ᠳ᠋ᠧᠩ ᠦ᠋ᠨ ᠭᠡᠷᠡᠯ ᠬᠣᠶᠠᠷ ᠠᠳᠠᠯᠢᠬᠠᠨ ᠪᠠᠢᠳᠠᠭ ᠲᠤᠯᠠ ᠳ᠋ᠠᠮᠢᠳ ᠪᠠᠢᠨ ᠪᠠᠢᠨ ᠠᠵᠢᠯ ᠢ᠋ᠶ᠋ᠠᠨ ᠵᠣᠭᠰᠣᠵᠤ ᠳᠥᠷᠪᠡᠨ ᠵᠦᠭ ᠨᠠᠢ᠍ᠮᠠᠨ ᠵᠣᠪᠬᠢᠰ ᠢ᠋ ᠠᠵᠢᠭᠯᠠᠨ ᠴᠢᠩᠨᠠᠵᠤ ᠪᠠᠢᠪᠠ᠃ ᠰᠣᠨᠣᠰᠤᠭᠳᠠᠭᠰᠠᠨ ᠪᠦᠬᠦᠨ ᠬᠥᠳᠡᠯᠦᠭᠰᠡᠨ ᠪᠦᠬᠦᠨ ᠯᠡ ᠰᠡᠵᠢᠭᠲᠡᠢ ᠮᠡᠲᠦ ᠰᠠᠨᠠᠭᠳᠠᠭᠠᠳ ᠨᠢᠳᠦᠨ ᠳ᠋ᠡᠭᠡᠨ ᠲᠤᠰᠤᠭᠰᠠᠨ ᠪᠦᠬᠦᠨ ᠢ᠋ ᠠᠵᠢᠭᠯᠠᠨ ᠬᠠᠷᠠᠵᠤ ᠴᠢᠮᠡᠭᠡ ᠪᠦᠬᠦᠨ ᠢ᠋ ᠨᠠᠷᠢᠪᠴᠢᠯᠠᠨ ᠰᠣᠨᠣᠰᠬᠤ ᠨᠢ ᠠᠵᠢᠯ ᠳ᠋ᠤᠨᠢ ᠠᠷᠭ᠎ᠠ ᠦᠭᠡᠢ ᠰᠠᠭᠠᠳ ᠪᠣᠯᠵᠤ ᠪᠠᠢᠵᠠᠢ᠃ ᠠᠳᠤᠭᠤᠨ ᠳ᠋ᠤ᠌ ᠡᠷᠡᠮᠡᠭ᠂ ᠴᠢᠳᠠᠯ ᠲᠡᠩᠬᠡᠭᠡ ᠲᠡᠢ ᠳ᠋ᠠᠮᠢᠳ ᠠᠩᠬᠠᠨ ᠳ᠋ᠠᠭᠠᠨ ᠠᠯᠢ ᠨᠣᠮᠣᠬᠠᠨ ᠢ᠋ ᠨᠢ ᠪᠠᠷᠢᠨ ᠳᠡᠯᠯᠡᠵᠦ ᠪᠠᠢᠭᠰᠠᠨ ᠪᠣᠯ ᠰᠡᠭᠦᠯ ᠳ᠋ᠡᠭᠡᠨ ᠲᠣᠬᠢᠶᠠᠯᠳᠤᠭᠰᠠᠨ ᠢ᠋ ᠨᠢ ᠪᠠᠷᠢᠯᠠᠨ ᠳᠡᠯᠯᠡᠵᠦ ᠪᠠᠢᠯ᠎ᠠ᠃ ᠰᠢᠯᠢ ᠪᠡᠨ ᠭᠤᠳᠤᠢᠲᠠᠯ᠎ᠠ ᠬᠢᠷᠭᠠᠭᠤᠯᠤᠭᠰᠠᠨ ᠳᠡᠯ ᠲᠡᠢ ᠪᠣᠷᠪᠢᠨ ᠠ᠋ᠴᠠ ᠪᠠᠨ ᠳᠡᠭᠡᠭᠦᠷ ᠳᠠᠭᠠᠷᠢᠭᠤᠯᠤᠭᠰᠠᠨ ᠰᠡᠭᠦᠯ ᠲᠡᠢ ᠠᠳᠤᠭᠤᠨ ᠤ᠋ ᠲᠣᠭ᠎ᠠ ᠥᠰᠬᠦ ᠳᠣᠳᠣᠮ ᠳ᠋ᠠᠮᠢᠳ ᠤ᠋ᠨ ᠰᠢᠭᠤᠳᠠᠢ ᠳᠦᠭᠦᠷᠡᠩ ᠪᠣᠯᠵᠤ ᠪᠠᠢᠪᠠ᠃  
       ᠳ᠋ᠠᠮᠢᠳ ᠤ᠋ᠨ ᠡᠨᠳᠡ ᠢᠩᠭᠢᠵᠦ ᠲᠠᠯᠠᠭᠠᠷ ᠣᠯᠵᠠ ᠣᠯᠵᠤ ᠪᠠᠢᠬᠤ ᠳ᠋ᠤ᠌ ᠴᠠᠭᠠᠨ ᠲᠣᠯᠣᠭᠠᠢ ᠶ᠋ᠢᠨ ᠪᠠᠷᠠᠭᠤᠨ ᠡᠮᠦᠨ᠎ᠡ ᠲᠠᠯ᠎ᠠ ᠳ᠋ᠤ᠌ ᠤᠷᠲᠤ ᠤᠷᠭ᠎ᠠ ᠪᠠᠨ ᠴᠢᠷᠦᠭᠰᠡᠨ ᠮᠣᠷᠢᠲᠠᠢ ᠬᠥᠮᠦᠨ ᠲᠠᠯ᠎ᠠ ᠪᠦᠬᠦᠨ ᠢ᠋ ᠠᠵᠢᠭᠯᠠᠨ ᠶᠠᠮᠠᠷ ᠨᠢᠭᠡᠨ ᠴᠢᠮᠡᠭᠡ ᠣᠯᠵᠤ ᠰᠣᠨᠣᠰᠬᠤ ᠭᠡᠵᠦ ᠭᠠᠵᠠᠷ ᠴᠢᠩᠨᠠᠨ ᠶᠠᠪᠤᠯ᠎ᠠ᠃ ᠡᠨᠡ ᠪᠣᠯ ᠳ᠋ᠠᠮᠢᠳ ᠤ᠋ᠨ ᠨᠠᠢᠵᠠ ᠪᠠᠳᠠᠷᠴᠢ ᠪᠥᠭᠡᠳ ᠲᠠᠮᠪᠠ ᠶ᠋ᠢᠨ ᠠᠳᠤᠭᠤ ᠪᠠᠨ ᠲᠠᠯᠪᠢᠭᠰᠠᠨ ᠭᠠᠵᠠᠷ ᠢ᠋ ᠣᠷᠣᠢ ᠰᠠᠢᠨ ᠮᠡᠳᠡᠵᠦ ᠠᠪᠤᠭᠰᠠᠨ ᠪᠠ ᠲᠠᠮᠪᠠ ᠰᠥᠨᠢ ᠬᠠᠭᠠᠰᠯᠠᠵᠤ ᠠᠳᠤᠭᠤ ᠮᠠᠨᠠᠭᠠᠳ ᠭᠡᠷ ᠲᠡᠭᠡᠨ ᠢᠷᠡᠬᠦ ᠶ᠋ᠢ ᠬᠦᠷᠲᠡᠯ᠎ᠡ ᠤᠷᠢᠳᠴᠢᠯᠠᠨ ᠮᠡᠳᠡᠵᠡᠢ᠃ ᠪᠠᠳᠠᠷᠴᠢ ᠥᠩᠭᠡᠷᠡᠭᠰᠡᠨ ᠣᠷᠣᠢ ᠲᠠᠮᠪᠠ ᠶ᠋ᠢᠨ ᠭᠡᠷ ᠢ᠋ᠶ᠋ᠡᠷ ᠣᠷᠣᠵᠤ ᠲᠡᠨᠳᠡ ᠯᠠ ᠶ᠋ᠢᠨ ᠭᠡᠷᠡᠯ ᠳ᠋ᠦ᠍ ᠬᠡᠳᠦᠨ ᠵᠠᠯᠠᠭᠤᠴᠤᠳ ᠲᠠᠢ ᠱᠠᠭᠠᠢ ᠲᠣᠭᠯᠠᠵᠤ ᠪᠠᠢᠭᠠᠳ ᠮᠣᠷᠳᠠᠵᠠᠢ᠃ ᠪᠠᠳᠠᠷᠴᠢ ᠢᠩᠭᠢᠵᠦ ᠶᠠᠪᠤᠬᠤ ᠳ᠋ᠠᠭᠠᠨ ᠪᠤᠲᠠ ᠬᠠᠷᠠᠭᠳᠠᠭᠰᠠᠨ ᠴᠤ᠌ ᠵᠣᠭᠰᠣᠵᠤ ᠬᠠᠷᠠᠵᠤ᠂ ᠰᠢᠪᠠᠭᠤ ᠨᠢᠰᠦᠭᠰᠡᠨ ᠴᠦ᠍ ᠵᠣᠭᠰᠣᠵᠤ ᠴᠢᠩᠨᠠᠵᠤ ᠶᠠᠪᠤᠵᠠᠢ᠃ ᠬᠠᠷᠢᠶᠠᠯ ᠢ᠋ᠶ᠋ᠠᠨ ᠪᠠᠷᠠᠨ ᠠᠳᠤᠭᠤ ᠡᠷᠢᠵᠦ ᠶᠠᠪᠤᠬᠤ ᠳ᠋ᠠᠭᠠᠨ ᠵᠠᠷᠢᠮ ᠦᠶ᠎ᠡ ᠡᠨᠡ ᠬᠠᠷᠠᠩᠭᠤᠢ ᠰᠥᠨᠢ ᠭᠡᠷ ᠲᠡᠭᠡᠨ ᠳᠤᠯᠠᠭᠠᠨ ᠤᠨᠲᠠᠵᠤ ᠪᠠᠢᠬᠤ ᠵᠢᠷᠭᠠᠯ ᠢ᠋ᠶ᠋ᠠᠨ ᠣᠷᠬᠢᠨ ᠲᠡᠨᠦᠵᠦ ᠶᠠᠪᠤᠭ᠎ᠠ ᠪᠠᠨ ᠵᠢᠮᠡᠯᠡᠨ ᠪᠣᠳᠣᠵᠤ ᠪᠠᠢᠯ᠎ᠠ᠃ ᠭᠡᠪᠡᠴᠦ ᠶᠠᠭᠤᠮ᠎ᠠ ᠣᠯᠬᠤ ᠥᠰᠢᠶ᠎ᠡ ᠠᠪᠬᠤ ᠪᠣᠳᠣᠯ ᠨᠢ ᠠᠷᠭ᠎ᠠ ᠦᠭᠡᠢ ᠯᠡ ᠶᠡᠬᠡ ᠪᠠᠢᠭ᠎ᠠ ᠲᠤᠯᠠ ᠬᠠᠮᠢᠭ᠎ᠠ ᠪᠠᠢᠭ᠎ᠠ ᠨᠢ ᠮᠡᠳᠡᠭᠳᠡᠬᠦ ᠪᠡᠨ ᠪᠣᠯᠢᠭᠰᠠᠨ ᠠᠳᠤᠭᠤ ᠶ᠋ᠢ ᠴᠥᠬᠥᠷᠡᠯᠲᠡ ᠦᠭᠡᠢ ᠡᠷᠢᠵᠦ ᠶᠠᠪᠤᠵᠠᠢ᠃ ᠪᠠᠳᠠᠷᠴᠢ ᠴᠢᠳᠠᠯ ᠳ᠋ᠠᠭᠠᠨ ᠲᠣᠬᠢᠷᠠᠭᠤᠯᠵᠤ ᠨᠢᠭᠡ ᠲᠣᠮᠣ ᠰᠢᠭᠤᠳᠠᠢ ᠠᠪᠤᠭᠰᠠᠨ ᠪᠥᠭᠡᠳ ᠬᠠᠶᠠ ᠬᠠᠶᠠ ᠬᠣᠭᠣᠰᠣᠨ ᠰᠢᠭᠤᠳᠠᠢ ᠪᠠᠨ ᠪᠠᠷᠢᠯᠠᠨ ᠦᠵᠡᠬᠦ ᠳ᠋ᠦ᠍ ᠡᠨᠡ ᠰᠢᠭᠤᠳᠠᠢ ᠶ᠋ᠢ ᠳᠡᠯ ᠢ᠋ᠶ᠋ᠡᠷ ᠳᠦᠭᠦᠷᠭᠡᠬᠦ ᠡᠴᠡ ᠨᠠᠭᠠᠰᠢ ᠭᠡᠷ ᠲᠡᠭᠡᠨ ᠬᠠᠷᠢᠬᠤ ᠦᠭᠡᠢ ᠭᠡᠵᠦ ᠪᠣᠳᠣᠭᠳᠠᠵᠤ ᠪᠠᠢᠵᠠᠢ᠃ 
       ᠰᠢᠭᠤᠳᠠᠢ ᠪᠠᠨ ᠳᠡᠯ ᠢ᠋ᠶ᠋ᠡᠷ ᠳᠦᠭᠦᠷᠭᠡᠬᠦ ᠶ᠋ᠢᠨ ᠲᠤᠯᠠ ᠶᠠᠭᠤᠨ ᠤ᠋ ᠡᠮᠦᠨ᠎ᠡ ᠠᠳᠤᠭᠤ ᠶ᠋ᠢ ᠣᠯᠬᠤ ᠬᠡᠷᠡᠭᠲᠡᠢ᠃ ᠢᠩᠭᠢᠵᠦ ᠶᠠᠪᠤᠲᠠᠯ᠎ᠠ ᠬᠥᠮᠦᠨ ᠳᠠᠭᠤᠯᠠᠵᠤ ᠶᠠᠪᠤᠬᠤ ᠰᠣᠨᠣᠰᠳᠠᠪᠠ᠃ ᠪᠠᠳᠠᠷᠴᠢ ᠵᠣᠭᠰᠣᠨ ᠴᠢᠩᠨᠠᠪᠠᠯ ᠲᠠᠮᠪᠠ ᠶ᠋ᠢᠨ ᠬᠣᠭᠣᠯᠠᠢ ᠭᠡᠳᠡᠭ ᠨᠢ ᠮᠡᠳᠡᠭᠳᠡᠪᠡ᠃ ᠰᠠᠨᠳᠤᠷᠬᠤ ᠳ᠋ᠠᠭᠠᠨ ᠮᠣᠷᠢᠨ ᠠ᠋ᠴᠠ ᠪᠠᠨ ᠪᠠᠭᠤᠵᠤ ᠭᠠᠵᠠᠷ ᠬᠡᠪᠲᠡᠯ᠎ᠡ᠂ ᠠᠳᠤᠭᠤ ᠪᠠᠨ ᠣᠷᠬᠢᠭᠠᠳ ᠭᠡᠷ ᠤᠷᠤᠭᠤ ᠪᠠᠨ ᠮᠣᠷᠢᠨ ᠤ᠋ ᠬᠤᠷᠳᠤ ᠪᠠᠷ ᠶᠠᠪᠤᠵᠤ ᠪᠠᠢᠭᠰᠠᠨ ᠲᠠᠮᠪᠠ ᠡᠮᠦᠨᠡᠬᠢ ᠵᠠᠮ ᠢ᠋ᠶ᠋ᠠᠨ ᠰᠢᠷᠲᠡᠨ ᠳᠠᠭᠤᠤ ᠠᠶᠠᠯᠵᠤ ᠬᠠᠵᠠᠭᠤ ᠲᠠᠯ᠎ᠠ ᠤᠷᠤᠭᠤ ᠪᠠᠨ ᠶᠠᠮᠠᠷ ᠴᠤ᠌ ᠠᠩᠬᠠᠷᠤᠯ ᠲᠠᠯᠪᠢᠯ ᠦᠭᠡᠢ ᠶᠠᠪᠤᠭᠰᠠᠭᠠᠷ ᠬᠣᠷᠢᠭᠠᠳ ᠮᠧᠲ᠋ᠷ ᠦ᠋ᠨ ᠵᠠᠢᠲᠠᠢ ᠬᠢᠷᠤᠭᠰᠠᠨ ᠲᠠᠤᠯᠠᠢ ᠰᠢᠭ᠋ ᠬᠡᠪᠲᠡᠵᠦ ᠪᠠᠢᠭᠰᠠᠨ ᠪᠠᠳᠠᠷᠴᠢ ᠶ᠋ᠢ ᠬᠠᠷᠠᠵᠤ ᠴᠢᠳᠠᠭᠰᠠᠨ ᠦᠭᠡᠢ ᠬᠠᠵᠠᠭᠤ ᠪᠠᠷ ᠨᠢ ᠥᠩᠭᠡᠷᠡᠪᠡ᠃ ᠬᠡᠰᠡᠭ ᠵᠠᠭᠤᠷ᠎ᠠ ᠪᠠᠳᠠᠷᠴᠢ ᠬᠥᠳᠡᠯᠵᠦ ᠴᠦ᠍ ᠴᠢᠳᠠᠭᠰᠠᠨ ᠦᠭᠡᠢ ᠲᠠᠮᠪᠠ ᠶ᠋ᠢᠨ ᠳᠠᠭᠤ ᠲᠠᠰᠤᠷᠠᠭᠰᠠᠨ ᠬᠣᠢᠨ᠎ᠠ ᠠᠷᠠᠢ ᠭᠡᠵᠦ ᠪᠣᠰᠤᠭᠠᠳ᠂ ᠪᠦᠬᠦᠨ ᠢ᠋ ᠴᠢᠩᠨᠠᠨ ᠠᠵᠢᠭᠯᠠᠵᠤ ᠨᠡᠯᠢᠶᠡᠳ ᠵᠣᠭᠰᠣᠭᠰᠠᠨ ᠢ᠋ᠶ᠋ᠠᠨ ᠤᠷᠲᠤ ᠭᠡᠭᠴᠢ ᠶ᠋ᠢᠨ ᠰᠠᠨᠠᠭ᠎ᠠ ᠠᠯᠳᠠᠭᠠᠳ ᠢᠨᠢᠶᠡᠮᠰᠦᠭᠯᠡᠪᠡ᠃ ᠢᠩᠭᠢᠭᠡᠳ ᠮᠣᠷᠳᠠᠵᠤ ᠴᠠᠭᠠᠰᠢ ᠶᠠᠪᠤᠵᠤ ᠪᠠᠢᠲᠠᠯ᠎ᠠ ᠬᠠᠵᠠᠭᠤᠬᠠᠨ ᠳ᠋ᠤᠨᠢ ᠬᠥᠮᠦᠨ ᠶᠠᠷᠢᠯᠴᠠᠨ ᠮᠣᠷᠢᠨ ᠤ᠋ ᠬᠥᠯ ᠦ᠋ᠨ ᠴᠢᠮᠡᠭᠡ ᠰᠣᠨᠣᠰᠳᠠᠬᠤ ᠰᠢᠭ᠋ ᠪᠣᠯᠬᠤ ᠳ᠋ᠤ᠌ ᠨᠢ ᠮᠣᠷᠢᠨ ᠠ᠋ᠴᠠ ᠪᠠᠭᠤᠨ ᠬᠠᠷᠠᠢᠵᠤ ᠪᠠᠰᠠ ᠯᠠ ᠭᠠᠵᠠᠷ ᠬᠡᠪᠲᠡᠯ᠎ᠡ᠃ ᠬᠠᠵᠠᠭᠤ ᠲᠠᠯ᠎ᠠ ᠠ᠋ᠴᠠ ᠨᠢ ᠨᠢᠭᠡ ᠪᠢᠰᠢ ᠬᠡᠰᠡᠭ ᠮᠣᠷᠢᠲᠠᠢ ᠬᠥᠮᠦᠨ ᠢᠷᠡᠵᠦ ᠪᠠᠢᠬᠤ ᠰᠢᠭ᠋ ᠰᠠᠨᠠᠭᠳᠠᠭᠠᠳ ᠶᠠᠭᠠᠬᠢᠬᠤ ᠤᠬᠠᠭᠠᠨ ᠣᠷᠣᠬᠤ ᠨᠢ ᠪᠢᠲᠡᠭᠡᠢ ᠬᠡᠯᠡ᠂ ᠲᠡᠷᠡ ᠵᠦᠭ ᠬᠠᠷᠠᠵᠤ ᠴᠢᠳᠠᠬᠤ ᠪᠠᠨ ᠪᠣᠯᠢᠪᠠ᠃ ᠬᠡᠪᠲᠡᠵᠦ ᠪᠠᠢᠲᠠᠯ᠎ᠠ ᠡᠮᠦᠨ᠎ᠡ ᠨᠢ ᠴᠦ᠍ ᠠᠷᠤ ᠳ᠋ᠤᠨᠢ ᠴᠤ᠌ ᠶᠡᠷᠦ ᠨᠢ ᠲᠠᠯ᠎ᠠ ᠪᠦᠷᠢ ᠳ᠋ᠦ᠍ᠨᠢ ᠴᠢᠮᠡᠭᠡ ᠰᠣᠨᠣᠰᠳᠠᠭᠠᠳ ᠥᠪᠡᠷ ᠢ᠋ ᠨᠢ ᠡᠳᠦᠢ ᠲᠡᠳᠦᠢ ᠬᠥᠮᠦᠨ ᠪᠦᠰᠡᠯᠡᠨ ᠠᠪᠤᠭᠰᠠᠨ ᠶᠤᠮ ᠰᠢᠭ᠋ ᠪᠣᠳᠣᠭᠳᠠᠪᠠ᠃ ᠤᠤᠯ ᠠ᠋ᠴᠠ ᠪᠠᠨ ᠬᠣᠮᠰᠠ ᠤᠬᠠᠭᠠᠨ ᠰᠠᠨᠠᠭ᠎ᠠ ᠨᠢ ᠰᠠᠷᠨᠢᠨ ᠦᠭᠡᠢ ᠪᠣᠯᠤᠭᠠᠳ ᠬᠦᠢᠲᠡᠨ ᠬᠥᠯᠥᠰᠥ ᠨᠢ ᠴᠢᠬᠠᠷᠠᠵᠤ ᠵᠢᠷᠦᠬᠡ ᠨᠢ ᠴᠡᠭᠡᠵᠢᠨ ᠳ᠋ᠡᠭᠡᠨ ᠪᠠᠭᠲᠠᠵᠤ ᠶᠠᠳᠠᠨ ᠣᠪᠣᠯᠵᠠᠨ ᠯᠤᠭᠰᠢᠵᠤ᠂ ᠭᠠᠷᠬᠤ ᠠᠮᠢᠰᠬᠤᠯ ᠨᠢ ᠠᠭᠤᠰᠬᠢᠨ ᠳ᠋ᠠᠭᠠᠨ ᠪᠠᠭᠲᠠᠬᠤ ᠦᠭᠡᠢ ᠪᠣᠯᠤᠭᠰᠠᠨ ᠪᠠ ᠪᠦᠬᠦ ᠪᠡᠶ᠎ᠡ ᠨᠢ ᠰᠠᠯᠭᠠᠨᠠᠨ ᠴᠡᠴᠡᠷᠡᠵᠦ ᠪᠠᠢᠪᠠ᠃  
       ᠡᠨᠡ ᠦᠶ᠎ᠡ ᠳ᠋ᠦ᠍ ᠪᠠᠳᠠᠷᠴᠢ ᠳ᠋ᠤ᠌ ᠶᠠᠮᠠᠷ ᠨᠢᠭᠡᠨ ᠶᠠᠭᠤᠮ᠎ᠠ ᠬᠦᠷᠦᠭᠰᠡᠨ ᠪᠣᠯ ᠡᠰᠡᠬᠦᠯ᠎ᠡ ᠬᠠᠰᠬᠢᠷᠤᠨ ᠪᠣᠰᠴᠤ ᠁ ᠡᠰᠡᠬᠦᠯ᠎ᠡ ᠬᠥᠳᠡᠯᠦᠯ ᠦᠭᠡᠢ ᠦᠬᠦᠵᠦ ᠮᠠᠭᠠᠳ ᠪᠠᠢᠭᠰᠠᠨ ᠪᠢᠵᠡ᠃ ᠭᠡᠪᠡᠴᠦ ᠬᠥᠳᠡᠯᠬᠦ ᠦᠭᠡᠢ ᠪᠠᠬᠠᠨ ᠬᠡᠪᠲᠡᠭᠰᠡᠨ ᠦ᠌ ᠳᠠᠷᠠᠭ᠎ᠠ ᠨᠢᠳᠦ ᠪᠡᠨ ᠨᠡᠭᠡᠭᠡᠵᠦ ᠲᠣᠯᠣᠭᠠᠢ ᠪᠠᠨ ᠠᠯᠭᠤᠷᠬᠠᠨ ᠡᠷᠭᠢᠭᠦᠯᠦᠨ ᠬᠠᠷᠠᠪᠠᠯ ᠡᠷᠭᠢᠨ ᠲᠣᠭᠣᠷᠢᠨ ᠳ᠋ᠤᠨᠢ ᠡᠳᠦᠢ ᠲᠡᠳᠦᠢ ᠠᠳᠤᠭᠤ ᠢᠳᠡᠵᠦ ᠪᠠᠢᠯ᠎ᠠ᠃ ᠪᠠᠳᠠᠷᠴᠢ ᠬᠥᠳᠡᠯᠭᠡᠭᠡᠨ ᠪᠦᠬᠦᠨ ᠢ᠋ ᠢᠯᠭᠠᠨ ᠴᠢᠩᠨᠠᠵᠤ ᠬᠡᠪᠲᠡᠬᠦ ᠳ᠋ᠦ᠍ᠨᠢ ᠬᠠᠶᠠᠵᠤ ᠣᠷᠬᠢᠭᠰᠠᠨ ᠰᠠᠨᠠᠭ᠎ᠠ ᠰᠡᠳᠬᠢᠯ ᠨᠢ ᠠᠭᠠᠵᠢᠮ ᠢ᠋ᠶ᠋ᠠᠷ ᠡᠷᠭᠢᠨ ᠣᠷᠣᠵᠤ ᠰᠡᠭᠦᠯ ᠰᠡᠭᠦᠯ ᠳ᠋ᠡᠭᠡᠨ ᠪᠣᠰᠤᠭᠰᠠᠨ ᠢ᠋ᠶ᠋ᠠᠷ ᠪᠠᠷᠠᠬᠤ ᠦᠭᠡᠢ ᠮᠣᠷᠢᠨ ᠳ᠋ᠠᠭᠠᠨ ᠠᠳᠤᠭᠤᠨ ᠤ᠋ ᠳᠤᠮᠳᠠᠭᠤᠷ ᠶᠠᠪᠤᠵᠤ ᠦᠵᠡᠪᠡ᠃ ᠮᠠᠨᠠᠭ᠎ᠠ ᠦᠭᠡᠢ ᠪᠡᠯᠴᠢᠵᠦ ᠶᠠᠪᠤᠭ᠎ᠠ ᠡᠨᠡ ᠠᠳᠤᠭᠤᠨ ᠤ᠋ ᠶᠡᠬᠡᠩᠬᠢ ᠨᠢ ᠳᠡᠯ ᠲᠡᠢ ᠪᠡᠨ ᠠᠵᠢ᠂ ᠪᠦᠭᠦᠳᠡ ᠶ᠋ᠢ ᠨᠢ ᠳᠡᠯᠯᠡᠵᠦ ᠰᠡᠭᠦᠯ ᠢ᠋ ᠨᠢ ᠬᠢᠷᠭᠠᠪᠠᠯ ᠨᠢᠭᠡ ᠰᠢᠭᠤᠳᠠᠢ ᠢᠯᠡᠭᠦᠦ ᠬᠢᠯᠭᠠᠰᠤ ᠣᠯᠵᠤ ᠠᠪᠤᠨ᠎ᠠ ᠭᠡᠵᠦ ᠪᠣᠳᠣᠮᠠᠭᠴᠠ ᠴᠢᠳᠠᠯ ᠬᠦᠴᠦ ᠤᠬᠠᠭᠠᠨ ᠰᠠᠨᠠᠭ᠎ᠠ ᠨᠢ ᠨᠡᠮᠡᠭᠳᠡᠬᠦ ᠰᠢᠭ ᠪᠣᠯᠵᠠᠢ᠃
       ᠪᠤᠰᠤᠳ ᠤ᠋ᠨ ᠮᠠᠯ ᠪᠠᠢᠲᠤᠭᠠᠢ ᠥᠪᠡᠷ ᠦ᠋ᠨ ᠮᠠᠯ ᠢ᠋ ᠪᠠᠷᠤᠭ ᠲᠠᠨᠢᠳᠠᠭ ᠦᠭᠡᠢ ᠪᠠᠳᠠᠷᠴᠢ ᠡᠨᠡ ᠠᠳᠤᠭᠤ ᠬᠡᠨ ᠤ ᠠᠳᠤᠭᠤ ᠭᠡᠳᠡᠭ ᠢ᠋ ᠲᠠᠨᠢᠭᠰᠠᠨ ᠦᠭᠡᠢ᠂ ᠲᠠᠨᠢᠬᠤ ᠶ᠋ᠢ ᠴᠤ᠌ ᠣᠷᠣᠯᠳᠣᠭ᠎ᠠ ᠦᠭᠡᠢ᠂ ᠶᠡᠷᠦ ᠨᠢ ᠪᠠᠳᠠᠷᠴᠢ ᠶ᠋ᠢᠨ ᠭᠣᠣᠯ ᠵᠣᠷᠢᠯᠭ᠎ᠠ ᠪᠣᠯ ᠳᠡᠯ ᠰᠡᠭᠦᠯ ᠠᠪᠬᠤ ᠪᠣᠯᠬᠤ ᠠ᠋ᠴᠠ ᠪᠢᠰᠢ ᠠᠮᠢᠲᠠᠨ ᠤ᠋ ᠪᠡᠯᠴᠢᠭᠡᠷ ᠲᠦ᠍ ᠪᠠᠢᠭ᠎ᠠ ᠠᠳᠤᠭᠤ ᠶ᠋ᠢ ᠲᠠᠨᠢᠵᠤ ᠢᠯᠭᠠᠪᠤᠷᠢᠯᠠᠬᠤ ᠶᠠᠪᠤᠳᠠᠯ ᠪᠢᠰᠢ ᠰᠢᠦ ᠳᠡ᠃ ᠵᠠ ᠲᠡᠭᠡᠭᠡᠳ ᠡᠷ᠎ᠡ ᠬᠥᠮᠦᠨ ᠳ᠋ᠦ᠍ ᠡᠷᠡᠬᠡᠢ ᠣᠷᠢᠶᠠᠬᠤ ᠰᠢᠳᠡᠮᠡᠰᠦ ᠬᠡᠷᠡᠭᠲᠡᠢ ᠭᠡᠭᠴᠢ ᠪᠡᠷ ᠬᠡᠨ ᠦ᠌ ᠴᠤ᠌ ᠠᠳᠤᠭᠤ ᠪᠠᠢᠯ᠎ᠠ ᠭᠡᠰᠡᠨ ᠲᠡᠷᠡ ᠬᠠᠮᠢᠶ᠎ᠠ ᠦᠭᠡᠢ ᠭᠠᠭᠴᠠ ᠬᠦ᠌ ᠯᠡ ᠬᠢᠯᠭᠠᠰᠤ ᠯᠠ ᠣᠯᠵᠤ ᠠᠪᠬᠤ ᠬᠡᠷᠡᠭᠲᠡᠢ ᠭᠡᠵᠦ ᠪᠣᠳᠣᠭᠳᠠᠵᠠᠢ᠃ ᠠᠳᠤᠭᠤᠨ ᠤ᠋ ᠳᠤᠮᠳᠠ ᠣᠷᠣᠭᠠᠳ ᠵᠢᠭᠤᠲᠠᠳᠠᠭ ᠦᠭᠡᠢ ᠶ᠋ᠢ ᠨᠢ ᠤᠷᠭᠠᠯᠠᠨ ᠪᠠᠷᠢᠵᠤ ᠳᠡᠯ ᠰᠡᠭᠦᠯ ᠢ᠋ ᠨᠢ ᠬᠢᠷᠭᠠᠨ ᠡᠬᠢᠯᠡᠪᠡ᠃ ᠬᠠᠷᠠᠩᠭᠤᠢ ᠰᠥᠨᠢ ᠶᠡᠬᠡ ᠠᠪᠬᠤ ᠬᠦᠰᠡᠯ ᠬᠣᠶᠠᠷ ᠣᠭᠲᠣ ᠡᠪᠯᠡᠳᠡᠭ ᠦᠭᠡᠢ ᠲᠤᠯᠠ ᠪᠠᠰᠠ ᠯᠠ ᠳᠡᠯ ᠰᠡᠭᠦᠯ ᠦ᠋ᠨ ᠨᠡᠯᠢᠶᠡᠳ ᠬᠡᠰᠡᠭ ᠢ᠋ ᠭᠠᠵᠠᠷ ᠬᠠᠶᠠᠬᠤ ᠪᠤᠶᠤ ᠰᠠᠯᠬᠢᠨ ᠳ᠋ᠤ᠌ ᠠᠯᠳᠠᠵᠤ ᠪᠠᠢᠯ᠎ᠠ᠃ ᠭᠡᠪᠡᠴᠦ ᠶᠠᠪᠤᠭᠰᠠᠨ ᠬᠥᠮᠦᠨ ᠶᠠᠰᠤ ᠵᠠᠭᠤᠨ᠎ᠠ ᠭᠡᠭᠴᠢ ᠪᠡᠷ ᠬᠡᠰᠡᠭ ᠠᠵᠢᠯᠯᠠᠭᠰᠠᠨ ᠤ᠋ ᠳᠠᠷᠠᠭ᠎ᠠ ᠰᠠᠢᠨ ᠴᠢᠬᠢᠭᠰᠡᠨ ᠬᠠᠭᠠᠰ ᠰᠢᠭᠤᠳᠠᠢ ᠬᠢᠯᠭᠠᠰᠤ ᠲᠠᠢ ᠪᠣᠯᠪᠠ᠃ ᠦᠨ᠎ᠡ ᠦᠭᠡᠢ ᠶᠠᠭᠤᠮ᠎ᠠ ᠣᠯᠬᠤ ᠭᠡᠳᠡᠭ ᠶᠠᠮᠠᠷ ᠰᠠᠢᠬᠠᠨ ᠶᠤᠮ ᠪᠣᠢ ? ᠠᠪᠬᠤ ᠲᠣᠰᠤᠮ ᠯᠠ ᠤᠯᠠᠮ ᠠᠪᠬᠤ ᠬᠦᠰᠡᠯ ᠣᠪᠣᠯᠵᠠᠨ ᠪᠠᠳᠠᠷᠴᠢ ᠶ᠋ᠢᠨ ᠢᠳᠡᠪᠬᠢ ᠭᠡᠳᠡᠭ ᠰᠢᠲᠠᠵᠤ ᠬᠣᠷᠸ᠎ᠠ ᠳᠡᠭᠡᠷ᠎ᠡ ᠠᠳᠤᠭᠤ᠂ ᠳᠡᠯ᠂ ᠰᠡᠭᠦᠯ᠂ ᠬᠠᠢᠴᠢ᠂ ᠰᠢᠭᠤᠳᠠᠢ ᠠ᠋ᠴᠠ ᠪᠤᠰᠤᠳ ᠶᠠᠭᠤ ᠴᠤ᠌ ᠪᠠᠢᠳᠠᠭ ᠦᠭᠡᠢ ᠮᠡᠲᠦ ᠪᠣᠯᠪᠠ᠂ ᠢᠯᠠᠩᠭᠤᠶ᠎ᠠ ᠨᠢᠭᠡ ᠨᠣᠮᠣᠬᠠᠨ ᠠᠵᠢᠷᠭᠠᠨ ᠠ᠋ᠴᠠ ᠬᠣᠷᠮᠣᠢ ᠳᠦᠭᠦᠷᠡᠩ ᠳᠡᠯ ᠠᠪᠤᠭᠰᠠᠨ ᠨᠢ ᠤᠷᠮ᠎ᠠ ᠵᠣᠷᠢᠭ ᠢ᠋ ᠨᠢ ᠤᠯᠠᠮ ᠪᠠᠳᠠᠷᠠᠭᠤᠯᠵᠠᠢ᠃
       ᠵᠠ ᠬᠣᠩᠭᠣᠷ ᠮᠢᠨᠢ ᠴᠢ ᠨᠣᠮᠣᠬᠠᠨ ᠪᠠᠢ ᠲᠡᠭᠡᠭᠡᠳ ᠶᠡᠬᠡ ᠳᠡᠯ ᠲᠡᠢ᠂ ᠶᠣᠰᠣᠲᠠᠢ ᠨᠢᠭᠡ ᠠᠳᠤᠭᠤᠨ ᠤ᠋ ᠮᠠᠩᠯᠠᠢ ᠪᠤᠶᠠᠨᠲᠠᠢ ᠠᠮᠢᠲᠠᠨ ᠪᠠᠢᠨ᠎ᠠ ᠳᠠ ᠭᠡᠵᠦ ᠠᠵᠢᠷᠭᠠᠨ ᠳ᠋ᠤ᠌ ᠰᠢᠪᠡᠭᠡᠨᠡᠨ ᠬᠡᠯᠡᠵᠦ ᠬᠦᠵᠦᠭᠦᠦ ᠶ᠋ᠢ ᠨᠢ ᠢᠯᠢᠭᠡᠳ ᠡᠩᠬᠦᠷᠡᠢᠯᠡᠨ ᠲᠠᠯᠪᠢᠭᠰᠠᠨ ᠪᠢᠯᠡ᠃ 
       ᠭᠡᠲᠡᠯ᠎ᠡ ᠭᠠᠢ ᠭᠠᠵᠠᠷ ᠳᠣᠣᠷ᠎ᠠ ᠠ᠋ᠴᠠ ᠭᠠᠬᠠᠢ ᠮᠣᠳᠣᠨ ᠳᠣᠲᠣᠷ᠎ᠠ ᠠ᠋ᠴᠠ ᠭᠡᠭᠴᠢ ᠪᠡᠷ ᠨᠢᠭᠡ ᠮᠣᠷᠢ ᠪᠠᠳᠠᠷᠴᠢ ᠳ᠋ᠦ᠍ ᠬᠡᠵᠢᠶ᠎ᠡ ᠴᠤ᠌ ᠨᠥᠬᠥᠵᠦ ᠪᠣᠯᠣᠰᠢ ᠦᠭᠡᠢ ᠭᠠᠷᠤᠵᠠ ᠤᠴᠠᠷᠠᠭᠤᠯᠪᠠ᠃ ᠪᠠᠳᠠᠷᠴᠢ ᠨᠢᠭᠡ ᠮᠣᠷᠢᠨ ᠤ᠋ ᠰᠡᠭᠦᠯ ᠢ᠋ ᠨᠢ ᠯᠠᠪᠬᠠᠨ ᠰᠢᠭ᠋ ᠬᠢᠷᠭᠠᠬᠤ ᠭᠡᠳ ᠶᠠᠰᠤᠨ ᠰᠡᠭᠦᠯ ᠦ᠋ᠨ ᠬᠢᠨᠢ ᠦᠵᠦᠭᠦᠷ ᠢ᠋ ᠬᠠᠢᠴᠢᠯᠠᠭᠰᠠᠨ ᠲᠤᠯᠠ ᠤᠬᠤᠰᠬᠢᠭ᠍ᠰᠠᠨ ᠲᠡᠷᠡ ᠬᠣᠢᠲᠤ ᠬᠥᠯ ᠢ᠋ᠶ᠋ᠡᠷ ᠢ᠋ᠶ᠋ᠡᠨ ᠲᠦᠷᠡᠢ ᠳ᠋ᠦ᠍ᠨᠢ ᠪᠠᠢᠭᠰᠠᠨ ᠨᠣᠭᠣᠭᠠᠨ ᠹᠸᠢᠢᠼᠥ᠋ᠢ ᠰᠣᠷᠣᠭᠤᠯ ᠢ᠋ ᠨᠢ ᠭᠤᠷᠪᠠᠨ ᠬᠡᠰᠡᠭ ᠪᠣᠯᠭᠠᠵᠠᠢ᠃ ᠪᠠᠳᠠᠷᠴᠢ ᠭᠠᠰᠠᠯᠤᠨ ᠬᠣᠷᠢᠨ ᠬᠡᠳᠦᠨ ᠨᠠᠰᠤᠨ ᠳ᠋ᠠᠭᠠᠨ ᠲᠣᠭᠲᠠᠭᠠᠭᠰᠠᠨ ᠪᠦᠬᠦ ᠬᠠᠷᠢᠶᠠᠯ ᠢ᠋ᠶ᠋ᠠᠨ ᠴᠤᠪᠤᠷᠠᠭᠤᠯᠤᠨ ᠲᠡᠷᠡ ᠰᠥᠳᠥᠷᠭᠡ ② ᠶ᠋ᠢ ᠨᠣᠭᠲᠣᠯᠠᠨ ᠠᠪᠴᠤ  ᠪᠠᠢᠭᠠᠳ ᠬᠠᠷᠢᠨ ᠤᠯᠠᠮ ᠳᠣᠭᠰᠢᠷᠠᠭᠰᠠᠨ ᠲᠤᠯᠠ ᠠᠭᠤᠷ ᠨᠢ ᠪᠠᠭᠲᠠᠬᠤ ᠪᠠᠨ ᠪᠠᠢᠵᠤ ᠬᠣᠷᠣᠰᠤᠯ ᠨᠢ ᠬᠡᠮᠵᠢᠶᠡᠨ ᠡᠴᠡ ᠪᠡᠨ ᠬᠡᠲᠦᠷᠡᠭᠡᠳ ᠬᠢᠲᠤᠭ᠎ᠠ ᠪᠠᠨ ᠠᠪᠴᠤ ᠵᠦᠪ ᠲᠠᠯ᠎ᠠ᠎ ᠶ᠋ᠢᠨ ᠳᠠᠯᠤ ᠤᠷᠤᠭᠤ ᠰᠢᠭᠠᠭᠰᠠᠨ ᠳ᠋ᠤ᠌ ᠮᠣᠷᠢ ᠭᠠᠯᠵᠠᠭᠤᠷᠠᠨ ᠴᠠᠭᠠᠰᠢ ᠲᠡᠮᠡᠦᠯᠦᠭᠡᠳ ᠪᠠᠳᠠᠷᠴᠢ ᠶ᠋ᠢ ᠭᠤᠳ ᠲᠠᠲᠠᠭᠠᠳ ᠲᠠᠪᠬᠢᠨ ᠠᠯᠠᠭ᠎ᠠ ᠪᠣᠯᠵᠠᠢ᠃
       ᠪᠠᠳᠠᠷᠴᠢ ᠴᠢᠰᠦᠲᠠᠢ ᠬᠢᠲᠤᠭ᠎ᠠ ᠪᠠᠨ ᠠᠷᠴᠢᠯ ᠦᠭᠡᠢ ᠬᠤᠢᠯᠠᠵᠤ ᠮᠣᠷᠢᠨ ᠳ᠋ᠤ᠌ ᠮᠣᠷᠳᠠᠭᠠᠳ ᠲᠡᠷᠡ ᠮᠣᠷᠢ ᠶ᠋ᠢ ᠪᠠᠷᠢᠵᠤ ᠠᠪᠴᠤ ᠨᠢᠭᠡᠳᠦᠭᠡᠷ ᠲᠦ᠍ ᠨᠣᠭᠲᠣ  ᠪᠠᠨ ᠰᠠᠯᠭᠠᠵᠤ ᠠᠪᠬᠤ᠂ ᠬᠣᠶᠠᠳᠤᠭᠠᠷ ᠲᠤ ᠭᠣᠳ ᠲᠠᠲᠠᠭᠤᠯᠤᠭᠰᠠᠨ ᠤ᠋ ᠪᠠᠨ ᠬᠠᠷᠢᠭᠤ ᠶ᠋ᠢ ᠠᠪᠬᠤ ᠭᠡᠵᠦ ᠨᠡᠯᠢᠶᠡᠳ ᠬᠥᠭᠡᠭᠡᠴᠡᠯᠳᠦᠨ ᠠᠷᠠᠢ ᠭᠡᠵᠦ ᠬᠦᠵᠦᠭᠦᠨ  ᠳ᠋ᠤᠨᠢ ᠤᠷᠭ᠎ᠠ ᠬᠢᠭᠰᠡᠨ ᠴᠢᠨᠢ ᠰᠢᠷᠬᠠᠳᠤᠭᠰᠠᠨ ᠎ᠳ᠋ᠠᠭᠠᠨ ᠳᠣᠭᠰᠢᠷᠠᠨ ᠤᠯᠠᠢᠷᠠᠭᠰᠠᠨ ᠮᠣᠷᠢ ᠳᠥᠷᠪᠡᠨ ᠠᠯᠲᠠ ᠬᠤᠰᠤᠨ ᠤᠷᠭ᠎ᠠ ᠶ᠋ᠢ ᠨᠢ ᠰᠡᠲᠡᠷ ᠪᠣᠯᠭᠠᠨ ᠠᠪᠴᠤ ᠶᠠᠪᠤᠭᠰᠠᠨ ᠢᠶᠠᠷ ᠪᠠᠷᠠᠬᠤ ᠦᠭᠡᠢ ᠬᠠᠷᠠᠩᠭᠤᠢ ᠶ᠋ᠢᠨ ᠳᠤᠮᠳᠠ ᠬᠠᠭᠤᠷᠠᠢ ᠬᠤᠰᠤᠨ ᠤᠷᠭ᠎ᠠ ᠬᠤᠭᠤᠷᠠᠵᠤ ᠪᠠᠢᠬᠤ ᠨᠢ ᠰᠣᠨᠣᠰᠳᠠᠵᠤ ᠪᠢᠯᠡ᠃ ᠣᠯᠵᠠ ᠣᠯᠬᠤ  ᠭᠡᠵᠦ ᠶᠠᠪᠤᠭᠠᠳ ᠮᠠᠰᠢ ᠶᠡᠬᠡ ᠭᠠᠷᠤᠵᠠ ᠤᠴᠠᠷᠠᠭᠰᠠᠨ ᠳ᠋ᠠᠭᠠᠨ ᠬᠣᠷᠣᠰᠤᠨ ᠭᠠᠰᠢᠭᠤᠳᠠᠭᠰᠠᠨ ᠪᠠᠳᠠᠷᠴᠢ ᠠᠳᠤᠭᠤ ᠪᠦᠭᠦᠳᠡ ᠶ᠋ᠢ ᠬᠤᠢᠬ᠎ᠠ ᠲᠠᠢ ᠨᠢ ᠳᠡᠯᠯᠡᠬᠦ ᠰᠡᠭᠦᠯ ᠢ ᠨᠢ ᠶᠠᠰᠤᠨ ᠤ ᠨᠢ ᠬᠠᠮᠲᠤ ᠬᠢᠷᠭᠠᠨ ᠠᠪᠬᠤ  ᠬᠦᠰᠡᠯ ᠲᠠᠢ ᠪᠠᠢᠭ᠍ᠰᠠᠨ ᠪᠣᠯᠪᠠᠴᠤ ᠤᠷᠭ᠎ᠠ ᠦᠭᠡᠢ ᠪᠣᠯᠣᠭᠰᠠᠨ ᠲᠤᠯᠠ ᠶᠠᠭᠠᠬᠢᠬᠤ᠎ ᠶ᠋ᠢᠨ ᠠᠷᠭ᠎ᠠ ᠦᠭᠡᠢ  ᠪᠣᠯᠣᠭᠠᠳ ᠰᠢᠭᠤᠳᠠᠢ ᠰᠢᠬᠠᠮ ᠳᠡᠯ ᠢ᠋ᠶ᠋ᠡᠨ ᠭᠠᠨᠵᠤᠭᠠᠯᠠᠭᠠᠳ ᠤᠷᠮ᠎ᠠ ᠦᠭᠡᠢ ᠶᠠᠪᠤᠵᠠᠢ᠃
       ᠦᠦᠷ ᠦ᠋ᠨ ᠲᠤᠶᠠᠭ᠎ᠠ ᠵᠡᠭᠦᠨ ᠬᠣᠢᠨ᠎ᠠ ᠠ᠋ᠴᠠ ᠴᠠᠢᠪᠤᠷᠳᠠᠨ ᠰᠡᠷᠢᠭᠦᠨ ᠰᠠᠯᠬᠢ ᠬᠣᠢᠲᠤ ᠵᠦᠭ ᠡᠴᠡ ᠦᠯᠢᠶᠡᠵᠦ ᠡᠬᠢᠯᠡᠪᠡ᠃  ᠬᠠᠷᠠᠩᠭᠤᠢ ᠶ᠋ᠢᠨ ᠳᠣᠲᠣᠷ᠎ᠠ ᠠ᠋ᠴᠠ ᠲᠤᠯᠤᠭᠠᠳ ᠤ᠋ᠨ ᠳᠦᠷᠰᠦᠯᠡᠯ ᠲᠣᠳᠣᠷᠠᠨ ᠭᠠᠷᠴᠤ ᠲᠡᠭᠷᠢ ᠶ᠋ᠢᠨ ᠡᠦᠲᠦ ᠠᠨᠢᠪᠴᠢᠨ ᠭᠢᠯᠠᠯᠵᠠᠭᠰᠠᠭᠠᠷ ᠴᠤᠪᠤᠷᠠᠨ ᠦᠭᠡᠢ ᠪᠣᠯᠵᠤ ᠡᠬᠢᠯᠡᠪᠡ᠃ ᠴᠢᠭᠢᠭ ᠦᠨᠦᠷᠲᠦᠭᠰᠡᠨ ᠬᠠᠪᠤᠷ ᠤ᠋ᠨ ᠥᠷᠯᠥᠭᠡ ᠲᠠᠯ᠎ᠠ ᠨᠤᠲᠤᠭ ᠲᠤ᠌ ᠶᠡᠬᠡ ᠰᠠᠢᠬᠠᠨ ᠪᠠᠢᠳᠠᠭ ᠪᠢᠯᠡ᠃ ᠭᠡᠪᠡᠴᠦ  ᠭᠣᠨᠢᠷᠬᠠᠵᠤ ᠬᠣᠷᠣᠰᠤᠭᠰᠠᠨ  ᠪᠠᠳᠠᠷᠴᠢ ᠶ᠋ᠢᠨ ᠰᠡᠳᠬᠢᠯ ᠢ᠋ ᠶᠠᠭᠠᠬᠢᠨ ᠵᠠᠰᠠᠵᠤ ᠴᠢᠳᠠᠬᠤ ᠪᠢᠯᠡ᠃ ᠥᠩᠭᠡᠷᠡᠭᠰᠡᠨ ᠬᠠᠷᠠᠩᠭᠤᠢ ᠰᠥᠨᠢ ᠪᠦᠭᠦᠳᠡᠭᠡᠷ ᠢ᠋ᠶ᠋ᠡᠨ ᠳᠣᠲᠣᠷ᠎ᠠ ᠨᠢ ᠣᠷᠣᠴᠢᠬᠠᠭᠰᠠᠨ ᠶᠤᠮ ᠰᠢᠬ᠎ ᠪᠠᠳᠠᠷᠴᠢ ᠶ᠋ᠢᠨ ᠰᠡᠳᠬᠢᠯ ᠪᠦᠬᠦᠨ ᠳ᠋ᠤ᠌ ᠬᠣᠷᠣᠰᠤᠭᠰᠠᠨ ᠵᠠᠨᠤᠯ  ᠪᠦᠬᠦᠨ ᠢ ᠲᠣᠨᠣᠪᠠᠴᠤ ᠰᠣᠷᠣᠭᠣᠯ ᠤᠨ ᠢᠶᠠᠨ ᠦᠨ᠎ᠡ ᠶ᠋ᠢ ᠣᠯᠵᠤ ᠴᠢᠳᠠᠬᠤ ᠦᠭᠡᠢ ᠪᠣᠳᠣᠭᠳᠠᠵᠤ ᠪᠤᠬᠢᠨᠢᠳᠤᠵᠤ ᠶᠠᠪᠤᠯ᠎ᠠ᠃ ᠰᠢᠭᠤᠳᠠᠢ ᠳᠦᠭᠦᠷᠦᠭᠡ ᠦᠭᠡᠢ ᠡᠨᠡ ᠮᠠᠭᠤ ᠬᠢᠯᠭᠠᠰᠤ ᠰᠣᠷᠣᠭᠤᠯ ᠢ᠋ ᠮᠢᠨᠢ ᠪᠢᠲᠡᠭᠡᠢ ᠬᠡᠯᠡ ᠮᠣᠷᠢᠨ ᠳ᠋ᠤ᠌ ᠵᠡᠭᠦᠵᠦ ᠠᠯᠳᠠᠭᠰᠠᠨ ᠣᠭᠣᠨᠣ ᠶ᠋ᠢᠨ ᠬᠦᠵᠦᠭᠦᠦ ᠨᠣᠭᠲᠤᠨ ᠤ᠋ ᠮᠢᠨᠢ ᠦᠨ᠎ᠡ ᠶ᠋ᠢ ᠲᠥᠯᠥᠵᠦ ᠴᠢᠳᠠᠬᠤ ᠪᠢᠰᠢ ᠭᠡᠵᠦ ᠪᠣᠳᠣᠬᠤ ᠳ᠋ᠤ᠌ ᠪᠤᠰᠢᠭᠤᠬᠠᠨ ᠠᠯᠢ ᠲᠣᠬᠢᠶᠠᠯᠳᠤᠭᠰᠠᠨ ᠭᠠᠵᠠᠷ ᠬᠠᠶᠠᠮᠠᠷ ᠰᠠᠨᠠᠭᠳᠠᠪᠠᠴᠤ ᠪᠠᠭ᠎ᠠ ᠴᠤ᠌ ᠭᠡᠰᠡᠨ ᠣᠯᠵᠠ ᠪᠠᠰᠠ ᠲᠠᠮᠪᠠ ᠶ᠋ᠢ ᠴᠢᠳᠠᠬᠤ ᠶᠤᠮ ᠭᠡᠵᠦ ᠪᠣᠳᠣᠭᠳᠠᠭᠠᠳ ᠬᠠᠶᠠᠭᠰᠠᠨ ᠦᠭᠡᠢ᠃ ᠵᠡᠭᠦᠨ ᠲᠤᠯᠤᠭᠠᠳ ᠤ᠋ᠨ ᠴᠠᠭᠠᠨ᠎ᠠ ᠠ᠋ᠴᠠ ᠠᠯᠲᠠᠨ ᠰᠢᠷ᠎ᠠ ᠲᠤᠶᠠᠭ᠎ᠠ ᠠᠭᠠᠷ ᠲᠤ᠌ ᠰᠠᠴᠤᠷᠠᠨ ᠤᠳᠠᠬᠤ ᠦᠭᠡᠢ ᠨᠠᠷᠠ ᠭᠠᠷᠬᠤ ᠪᠣᠯᠤᠭᠰᠠᠨ ᠲᠤᠯᠠ ᠪᠠᠳᠠᠷᠴᠢ ᠰᠢᠭᠤᠳᠠᠢ ᠲᠠᠢ ᠳᠡᠯ ᠢ᠋ᠶ᠋ᠡᠨ ᠵᠢᠯᠠᠭᠠᠨ ᠳ᠋ᠤ᠌ ᠨᠢᠭᠤᠬᠤ ᠪᠠᠷ ᠰᠢᠢᠳᠴᠡᠢ᠃ ᠲᠡᠭᠡᠭᠡᠳ ᠴᠠᠭᠠᠨ ᠲᠣᠯᠣᠭᠠᠢ ᠶ᠋ᠢᠨ ᠡᠮᠦᠨᠡᠬᠢ ᠵᠢᠯᠠᠭᠠᠨ ᠳ᠋ᠤ᠌ ᠣᠴᠢᠵᠤ ᠠᠶᠠᠲᠠᠢᠬᠠᠨ ᠭᠠᠵᠠᠷ᠎ ᠡᠷᠢᠭᠰᠡᠭᠡᠷ ᠨᠢᠭᠡ ᠨᠦᠬᠡ ᠣᠯᠵᠤ ᠲᠡᠭᠦᠨ ᠤᠷᠤᠭᠤ ᠬᠢᠭᠡᠳ ᠰᠢᠷᠣᠢ ᠪᠠᠷ ᠪᠤᠯᠠᠪᠠ᠂ ᠭᠡᠲᠡᠯ᠎ᠡ ᠥᠷᠢᠲᠡᠢ ᠬᠥᠮᠦᠨ ᠵᠡᠭᠡᠯᠢ ᠳᠡᠭᠡᠷ᠎ᠡ ᠥᠰᠢᠶ᠎ᠡ ᠲᠡᠢ ᠬᠥᠮᠦᠨ ᠳᠠᠪᠠᠭᠠᠨ ᠳᠡᠭᠡᠷ᠎ᠡ ᠭᠡᠭᠴᠢ ᠪᠡᠷ ᠬᠣᠶᠠᠷ ᠰᠢᠭᠤᠳᠠᠢ ᠳᠡᠯ ᠢ᠋ᠶ᠋ᠡᠨ ᠡᠷᠭᠢᠨ ᠳ᠋ᠦ᠍ ᠨᠢᠭᠤᠬᠤ ᠭᠡᠵᠦ ᠶᠠᠪᠤᠭᠰᠠᠨ ᠳ᠋ᠡᠮᠢᠳ ᠳᠡᠭᠡᠷ᠎ᠡ ᠡᠴᠡ ᠨᠢ ᠣᠷᠣᠵᠤ ᠢᠷᠡᠭᠡᠳ ᠶᠠᠭ ᠮᠥᠷᠭᠥᠯᠳᠦᠪᠡ᠃ 
       ᠪᠠᠳᠠᠷᠴᠢ ᠠᠩᠬᠠᠨ ᠳ᠋ᠠᠭᠠᠨ ᠳ᠋ᠡᠮᠢᠳ᠎ ᠢ ᠲᠠᠨᠢᠭᠰᠠᠨ ᠦᠭᠡᠢ ᠲᠤᠯᠠ ᠲᠠᠨᠢᠭᠳᠠᠬᠤ ᠦᠭᠡᠢ ᠵᠢᠭᠤᠲᠠᠬᠤ ᠭᠡᠳ ᠮᠣᠷᠳᠠᠨ ᠲᠠᠰᠢᠭᠤᠷᠳᠠᠭᠰᠠᠨ ᠴᠢᠨᠢ ᠲᠤᠤᠱᠠ ᠲᠠᠢ ᠪᠠᠢᠭᠰᠠᠨ ᠮᠣᠷᠢ ᠨᠢ ᠬᠦᠴᠦᠯᠡᠨ ᠲᠡᠭᠡᠭᠡᠳ ᠪᠦᠳᠦᠷᠢᠨ ᠤᠨᠠᠬᠤ ᠳ᠋ᠤ᠌ ᠣᠷᠣᠭᠰᠢ ᠪᠠᠨ ᠲᠡᠮᠡᠦᠯᠦᠭᠰᠡᠨ ᠪᠠᠳᠠᠷᠴᠢ ᠲᠣᠩᠭᠣᠷᠴᠠᠭᠯᠠᠨ ᠤᠨᠠᠪᠠ᠃ ᠪᠣᠰᠲᠠᠯ᠎ᠠ ᠳ᠋ᠡᠮᠢᠳ ᠳᠡᠷᠭᠡᠳᠡ ᠨᠢ ᠢᠷᠡᠭᠡᠳ ᠮᠣᠷᠢᠨ ᠠ᠋ᠴᠠ ᠪᠠᠨ ᠪᠠᠭᠤᠪᠠ᠃ ᠡᠨᠡ ᠬᠣᠶᠠᠷ ᠨᠢᠭᠡ ᠬᠡᠰᠡᠭ ᠵᠠᠭᠤᠷ᠎ᠠ ᠪᠡᠶ᠎ᠡ ᠪᠡᠶ᠎ᠡ ᠪᠡᠨ ᠬᠠᠷᠠᠯᠴᠠᠨ ᠬᠡᠷᠦᠭᠰᠡᠨ ᠪᠤᠬ᠎ᠠ ᠰᠢᠭ᠋ ᠵᠣᠭᠰᠣᠪᠠ᠃
       — ᠵᠠ ᠡᠪᠦᠭᠡᠨ ᠮᠢᠨᠢ ᠭᠡᠵᠦ ᠳ᠋ᠡᠮᠢᠳ ᠦᠨ ᠳᠤᠤᠭᠠᠷᠬᠤ ᠳ᠋ᠤ᠌ ᠪᠠᠳᠠᠷᠴᠢ ᠴᠡᠴᠡᠷᠡᠭᠰᠡᠨ ᠬᠣᠭᠣᠯᠠᠢ ᠪᠠᠷ᠄
       — ᠪᠢ ᠲᠡᠢᠮᠦ ᠠ᠋ ᠭᠡᠵᠦ ᠬᠠᠷᠢᠭᠤᠯᠪᠠ᠃
       — ᠶᠠᠭᠤ ᠬᠢᠵᠦ ᠶᠠᠪᠤᠭ᠎ᠠ ᠴᠢᠨᠢ ᠡᠨᠡ ᠪᠢᠯᠡ ᠭᠡᠵᠦ ᠳ᠋ᠡᠮᠢᠳ ᠦ᠋ᠨ ᠬᠡᠯᠡᠬᠦ ᠳ᠋ᠦ᠍ ᠪᠠᠳᠠᠷᠴᠢ ᠡᠭᠡᠷᠡᠨ ᠲᠦᠭᠳᠡᠷᠡᠵᠦ ᠪᠠᠢᠭᠠᠳ᠄ 
       — ᠡᠨᠡ ᠨᠦᠬᠡᠨ ᠳ᠋ᠦ᠍ ᠨᠢᠭᠡ ᠁ ᠨᠢᠭᠡ ᠦᠨᠡᠭᠡ ᠁  ᠣᠷᠣᠭᠤᠯ ᠁ ᠴᠢᠬᠠᠪᠠ ᠭᠡᠵᠦ ᠬᠡᠯᠡᠬᠦ ᠳ᠋ᠦ᠍ᠨᠢ ᠳ᠋ᠡᠮᠢᠳ ᠣᠢᠷᠠᠲᠤᠨ ᠲᠡᠷᠡ ᠨᠦᠬᠡ ᠤᠷᠤᠭᠤ ᠱᠠᠭᠠᠢᠬᠤ ᠭᠡᠬᠦ ᠳ᠋ᠦ᠍ ᠪᠠᠳᠠᠷᠴᠢ ᠰᠠᠨᠳᠤᠷᠤᠨ ᠪᠠᠷᠢᠵᠤ ᠬᠣᠷᠢᠭᠯᠠᠨ᠄ 
       — ᠪᠢᠲᠡᠭᠡᠢ᠂ ᠴᠠᠭᠠᠰᠢ ᠪᠠᠨ ᠶᠠᠪᠤᠴᠢᠬᠠᠨ᠎ᠠ ᠭᠡᠵᠦ ᠬᠡᠯᠡᠵᠡᠢ᠃ ᠭᠡᠪᠡᠴᠦ ᠳ᠋ᠡᠮᠢᠳ ᠰᠢᠷᠤᠢ ᠪᠡᠷ ᠮᠠᠭᠤ ᠪᠥᠭᠯᠡᠭᠰᠡᠨ ᠰᠢᠭᠤᠳᠠᠢ ᠶ᠋ᠢᠨ ᠦᠵᠦᠭᠦᠷ ᠨᠦᠬᠡᠨ ᠳ᠋ᠦ᠍ ᠴᠣᠬᠣᠢᠵᠤ ᠪᠠᠢᠬᠤ ᠶ᠋ᠢ ᠬᠠᠷᠠᠭᠠᠳ ᠤᠴᠢᠷ ᠢ᠋ ᠳᠠᠭᠠᠪᠤᠷᠢᠯᠠᠭᠰᠠᠨ ᠲᠤᠯᠠ:
       — ᠴᠢ ᠬᠠᠮᠢᠭ᠎ᠠ ᠡᠴᠢᠵᠦ ᠶᠠᠪᠤᠭᠠᠳ ᠡᠨᠡ ᠦᠨᠡᠭᠡ ᠲᠡᠢ ᠲᠣᠬᠢᠶᠠᠯᠳᠤᠪᠠ ᠭᠡᠵᠦ ᠢᠨᠢᠶᠡᠮᠰᠦᠭᠯᠡᠨ ᠠᠰᠠᠭᠤᠭᠰᠠᠨ ᠳ᠋ᠤ᠌ ᠪᠠᠳᠠᠷᠴᠢ ᠬᠡᠯᠡᠬᠦ ᠦᠭᠡ ᠣᠯᠵᠤ ᠶᠠᠳᠠᠨ ᠬᠡᠰᠡᠭ ᠵᠠᠭᠤᠷ᠎ᠠ ᠬᠤᠯᠤᠭᠠᠨ᠎ᠠ ᠡᠮᠬᠦᠭᠰᠡᠨ ᠮᠣᠭᠠᠢ ᠰᠢᠭ᠋ ᠬᠠᠴᠠᠷ ᠢ᠋ᠶ᠋ᠠᠨ ᠳᠥᠩᠭᠡᠯᠵᠡᠭᠦᠯᠦᠭᠰᠡᠨ ᠢ᠋ᠶ᠋ᠡᠨ:
       — ᠡᠭᠦᠨ ᠢᠶᠡᠷ ᠶᠠᠪᠤᠵᠤ ᠪᠠᠢᠭᠠᠳ ᠭᠡᠳ ᠨᠦᠬᠡ ᠤᠷᠤᠭᠤ ᠭᠢᠯᠤᠢᠨ ᠬᠠᠷᠠᠵᠤ ᠰᠢᠭᠤᠳᠠᠢ ᠶ᠋ᠢᠨ ᠬᠢᠨᠢ ᠰᠡᠵᠢᠭᠦᠷ ᠴᠤᠬᠤᠢᠵᠤ ᠪᠠᠢᠭ᠎ᠠ ᠶ᠋ᠢ ᠠᠵᠢᠭ᠍ᠯᠠᠭᠠᠳ ᠬᠡᠰᠡᠭ ᠰᠢᠷᠣᠢ ᠶ᠋ᠢ ᠬᠣᠶᠠᠷ ᠭᠠᠷ ᠢ᠋ᠶ᠋ᠠᠷ ᠢ᠋ᠶ᠋ᠠᠨ ᠠᠳᠬᠤᠨ ᠠᠪᠴᠤ᠄ 
       — ᠠᠵᠠ ᠨᠢ ᠦᠬᠦᠭᠰᠡᠨ ᠵᠣᠯᠢᠭ ᠭᠡᠳ ᠰᠠᠴᠤᠭᠰᠠᠨ ᠪᠣᠯᠪᠠᠴᠤ ᠪᠦᠷᠢᠨ ᠳᠠᠯᠳᠠᠯᠠᠵᠤ ᠴᠢᠳᠠᠭᠰᠠᠨ ᠦᠭᠡᠢ ᠲᠤᠯᠠ:
       — ᠢᠩᠭᠢᠭᠡᠳ ᠴᠢ ᠨᠦᠬᠡᠨ ᠳ᠋ᠦ᠍ ᠣᠷᠣ ᠭᠡᠳ ᠬᠣᠶᠠᠷ ᠳᠠᠬᠢᠨ ᠬᠡᠰᠡᠭ ᠰᠢᠷᠣᠢ ᠢᠰᠬᠦᠯᠵᠦ ᠠᠷᠠᠢ ᠭᠡᠵᠦ ᠳᠠᠯᠳᠠᠯᠠᠪᠠ᠃ 
       — ᠴᠢ ᠶᠠᠭᠤᠨ ᠰᠢᠭᠤᠳᠠᠢ ᠲᠠᠢ ᠶᠠᠭᠤᠮ᠎ᠠ ᠭᠠᠨᠵᠤᠭᠠᠯᠠᠪᠠ ᠭᠡᠵᠦ ᠪᠠᠳᠠᠷᠴᠢ ᠶ᠋ᠢᠨ ᠠᠰᠠᠭᠤᠬᠤ ᠳ᠋ᠤ᠌ ᠳ᠋ᠠᠮᠢᠳ ᠡᠮᠡᠭᠡᠯ ᠳᠡᠭᠡᠷ᠎ᠡ ᠪᠡᠨ ᠲᠡᠩᠨᠡᠭᠡᠲᠡᠢ ᠪᠠᠢᠭ᠎ᠠ ᠱᠤᠤᠳᠠᠢ ᠤᠷᠤᠭᠤ ᠬᠠᠷᠠᠭᠰᠠᠨ ᠢ᠋ᠶ᠋ᠠᠨ:
       — ᠡᠨᠡ ᠤᠤ ᠭᠡᠵᠦ ᠠᠰᠠᠭᠤᠪᠠ᠃
       — ᠲᠡᠢᠮᠦ ᠠ᠋ ᠬᠣᠶᠠᠷ ᠰᠢᠭᠤᠳᠠᠢ ᠲᠠᠢ ᠴᠢᠨᠢ?
       — ᠠ ᠵᠣᠯᠢᠭ ᠂ ᠡᠨᠡ ᠬᠣᠶᠠᠷ ᠤᠤ ᠁ ᠬᠤᠷᠠᠭ᠎ᠠ ᠲᠤᠭᠤᠯ ᠳ᠋ᠤ᠌ ᠪᠤᠭ ᠵᠣᠯᠭᠠᠭᠠᠳ ᠶᠠᠪᠤᠵᠤ ᠪᠠᠢᠨ᠎ᠠ ᠭᠡᠵᠦ ᠳ᠋ᠡᠮᠢᠳ ᠬᠡᠨᠡᠭ ᠦᠭᠡᠢ ᠬᠠᠷᠢᠭᠤᠯᠪᠠ᠃
       ᠪᠠᠳᠠᠷᠴᠢ ᠳ᠋ᠡᠮᠢᠳ ᠦ᠋ᠨ ᠡᠨᠡ ᠬᠣᠶᠠᠷ ᠰᠢᠭᠤᠳᠠᠢ ᠳ᠋ᠤ᠌ ᠪᠤᠭ ᠪᠠᠢᠬᠤ ᠦᠭᠡᠢ ᠭᠡᠳᠡᠭ ᠢ᠋ ᠳᠠᠭᠠᠪᠤᠷᠢᠯᠠᠭᠰᠠᠨ ᠲᠤᠯᠠ ᠳ᠋ᠡᠮᠢᠳ ᠦ᠋ᠨ ᠠᠵᠢᠯ ᠢ᠋ ᠢᠯᠡᠷᠡᠭᠦᠯᠬᠦ ᠭᠡᠵᠦ ᠪᠣᠳᠣᠭᠠᠳ:
       — ᠡᠪᠦᠭᠡᠨ ᠴᠢ ᠨᠢᠭᠡ ᠰᠢᠭᠤᠳᠠᠢ ᠪᠤᠭ ᠢ᠋ᠶ᠋ᠠᠨ ᠨᠠᠳᠠ ᠠᠯᠢ ᠭᠡᠵᠦ ᠬᠡᠯᠡᠪᠡ᠃ 
       ᠪᠠᠳᠠᠷᠴᠢ ᠶ᠋ᠢᠨ ᠬᠣᠣᠷᠲᠠᠢ ᠰᠠᠨᠠᠭ᠎ᠠ ᠶ᠋ᠢ ᠣᠢᠯᠠᠭᠠᠭᠰᠠᠨ ᠳ᠋ᠡᠮᠢᠳ ᠰᠢᠭᠤᠳᠠᠢ ᠨᠢᠭᠤᠭᠰᠠᠨ ᠨᠦᠬᠡ ᠤᠷᠤᠭᠤ ᠨᠢ ᠬᠥᠲᠥᠯᠦᠨ ᠄ 
       — ᠡᠪᠦᠭᠡᠨ ᠮᠢᠨᠢ ᠬᠣᠶᠠᠭᠤᠯᠠ ᠤᠬᠤᠵᠤ ᠪᠠᠢᠭᠠᠳ ᠲᠡᠷᠡ ᠦᠨᠡᠭᠡ ᠶ᠋ᠢ ᠴᠢᠨᠢ ᠠᠯᠠᠶ᠎ᠠ ᠭᠡᠵᠦ ᠬᠡᠯᠡᠬᠦ ᠳ᠋ᠦ᠍ ᠪᠠᠳᠠᠷᠴᠢ ᠰᠠᠨᠳᠤᠷᠤᠨ ᠡᠮᠦᠨᠡᠭᠦᠷ ᠨᠢ ᠬᠥᠨᠳᠡᠯᠡᠨ ᠣᠷᠣᠵᠤ ᠬᠣᠷᠢᠭᠯᠠᠨ:
       — ᠮᠠᠭᠤ ᠲᠤᠷᠠᠩᠬᠠᠢ ᠦᠨᠡᠭᠡ ᠪᠡᠷ ᠶᠠᠭᠤ ᠬᠢᠬᠦ ᠶᠦᠮ ᠪᠣᠢ᠂ ᠨᠠᠮᠤᠷ ᠲᠠᠷᠭᠤᠯᠠᠭᠤᠯᠵᠤ ᠪᠠᠢᠭᠠᠳ ᠬᠣᠶᠠᠭᠤᠯᠠ ᠪᠠᠨ ᠢᠷᠡᠵᠦ ᠠᠯᠠᠶ᠎ᠠ ᠭᠡᠳ ᠳ᠋ᠠᠮᠢᠳ ᠦᠨ ᠬᠠᠨᠴᠤᠢ ᠠ᠋ᠴᠠ ᠪᠠᠷᠢᠨ 《 ᠵᠠ ᠬᠣᠶᠠᠭᠤᠯᠠ ᠪᠠᠨ ᠮᠢᠨᠦ ᠮᠣᠷᠢᠨ ᠤ᠋ ᠳᠡᠷᠭᠡᠳᠡ ᠣᠴᠢᠵᠤ ᠲᠠᠮᠠᠬᠢ ᠲᠠᠲᠠᠭᠠᠳ ᠶᠠᠪᠤᠵᠤ ᠮᠠᠨ ᠤ᠋ ᠳ᠋ᠤ᠌ ᠣᠴᠢᠶ᠎ᠠ ᠨᠠᠳᠠ ᠨᠢᠭᠡ ᠰᠢᠯ ᠠᠷᠢᠬᠢ ᠪᠣᠢ ᠰᠢᠦ 》 ᠭᠡᠪᠡ᠃ ᠲᠡᠷᠡ ᠬᠣᠶᠠᠷ ᠮᠣᠷᠢᠳ ᠤ᠋ᠨ ᠢ᠋ᠶ᠋ᠠᠨ ᠳᠡᠷᠭᠡᠳᠡ ᠰᠠᠭᠤᠵᠤ ᠲᠠᠮᠠᠬᠢ ᠲᠠᠲᠠᠬᠤ ᠪᠣᠯᠤᠭᠰᠠᠨ ᠳ᠋ᠤ᠌ ᠪᠠᠳᠠᠷᠴᠢ ᠮᠣᠳᠣ ᠲᠣᠯᠣᠭᠠᠢ ᠪᠠᠨ ᠭᠠᠷᠭᠠᠵᠤ ᠢᠷᠡᠯ᠎ᠡ᠃
       — ᠴᠢ ᠴᠢᠨᠢ ᠰᠣᠷᠣᠭᠤᠯ ᠢ᠋ᠶ᠋ᠠᠨ ᠶᠠᠭᠠᠬᠢᠭᠰᠠᠨ ᠪᠣᠢ ? 
       — ᠨᠣᠭᠣᠭᠠᠨ ᠰᠣᠷᠣᠭᠣᠯ ᠢᠶᠠᠨ ᠤᠤ?
       — ᠲᠡᠢᠮᠦ᠃
       — ᠹᠸᠢᠢᠼᠥ᠋ᠢ ᠰᠣᠷᠣᠭᠤᠯ ᠢ᠋ᠶ᠋ᠠᠨ ᠤᠤ 
       — ᠲᠡᠢᠮᠦ᠃
       — ᠬᠤᠳᠠᠯᠳᠤᠵᠤ ᠣᠷᠬᠢᠭᠰᠠᠨ᠃
       — ᠬᠡᠨ ᠳ᠋ᠦ᠍ ? 
       — ᠬᠡᠨ ᠳ᠋ᠦ᠍ ᠬᠤᠳᠠᠯᠳᠤᠭᠰᠠᠨ ᠭᠡᠵᠢ ᠤᠤ ? 
       — ᠲᠡᠢᠮᠦ᠃
       — ᠠ ᠲᠡᠢᠮᠦ᠂ ᠴᠢᠨᠦ ᠲᠠᠨᠢᠬᠤ ᠦᠭᠡᠢ ᠬᠥᠮᠦᠨ ᠳ᠋ᠦ᠍ ᠶᠠᠪᠤᠭᠤᠯ ᠤ᠋ᠨ ᠬᠣᠯᠠ ᠨᠤᠲᠤᠭ ᠤ᠋ᠨ ᠬᠥᠮᠦᠨ ᠳ᠋ᠦ᠍ ᠭᠡᠵᠦ ᠪᠠᠳᠠᠷᠴᠢ ᠬᠡᠯᠡᠵᠡᠢ᠃ ᠲᠡᠷᠡ ᠬᠣᠶᠠᠷ ᠬᠡᠰᠡᠭ ᠵᠠᠭᠤᠷ᠎ᠠ ᠳᠠᠭᠤ ᠦᠭᠡᠢ ᠰᠠᠭᠤᠵᠤ ᠲᠠᠮᠠᠬᠢ ᠲᠠᠲᠠᠪᠠ᠃ ᠭᠡᠲᠡᠯ᠎ᠡ ᠪᠠᠳᠠᠷᠴᠢ ᠶ᠋ᠢᠨ ᠮᠣᠷᠢ ᠮᠠᠩᠨᠠᠢ ᠪᠠᠷ ᠢ᠋ᠶ᠋ᠠᠨ ᠱᠦᠷᠭᠦᠭᠡᠵᠦ ᠬᠢᠯᠭᠠᠰᠤ ᠴᠢᠬᠢᠨ ᠳᠥᠩᠭᠡᠵᠦ ᠦᠵᠦᠭᠦᠷ ᠢ᠋ ᠵᠥᠷᠢᠭᠦᠯᠡᠨ ᠪᠣᠭᠣᠭᠰᠠᠨ ᠳ᠋ᠠᠮᠢᠳ ᠦᠨ ᠬᠣᠶᠠᠷ ᠰᠢᠭᠤᠳᠠᠢ ᠶ᠋ᠢ ᠤᠨᠠᠭᠠᠪᠠ᠃ ᠰᠢᠭᠤᠳᠠᠢ ᠤᠨᠠᠭᠰᠠᠨ ᠢᠶᠠᠷ ᠮᠣᠷᠢᠳ ᠦᠷᠭᠦᠭᠰᠡᠨ ᠲᠤᠯᠠ ᠲᠡᠷᠡ ᠬᠣᠶᠠᠷ ᠰᠠᠨᠳᠤᠷᠤᠨ ᠠᠷᠠᠢ ᠭᠡᠵᠦ ᠲᠣᠭᠲᠠᠭᠠᠭᠠᠳ ᠤᠨᠠᠭᠰᠠᠨ ᠰᠢᠭᠤᠳᠠᠢ ᠤᠷᠤᠭᠤ ᠬᠠᠷᠠᠪᠠᠯ ᠠᠮᠠ ᠪᠠᠷ ᠨᠢ ᠠᠰᠬᠠᠭᠰᠠᠨ ᠳᠡᠯ ᠬᠢᠯᠭᠠᠰᠤ ᠭᠠᠵᠠᠷ ᠬᠦᠭᠯᠡᠷᠡᠨ ᠪᠠᠢᠯ᠎ᠠ᠃
       — ᠡᠨᠡ ᠴᠢᠨᠢ ᠳᠡᠯ ᠰᠢᠪ ᠳᠠ ᠭᠡᠵᠦ  ᠪᠠᠬ᠎ᠠ ᠨᠢ ᠬᠠᠨᠤᠭᠰᠠᠨ ᠪᠠᠳᠠᠷᠴᠢ ᠢᠨᠢᠶᠡᠮᠰᠦᠭᠯᠡᠨ ᠠᠰᠠᠭᠤᠬᠤ ᠳ᠋ᠤ᠌ ᠭᠠᠵᠠᠷ ᠬᠥᠭᠯᠡᠷᠡᠨ ᠲᠠᠷᠬᠠᠭᠰᠠᠨ ᠳᠡᠯ ᠬᠢᠯᠭᠠᠰᠤ᠎ ᠶ᠋ᠢ ᠰᠢᠭᠤᠳᠠᠢ ᠳ᠋ᠤ᠌ ᠴᠢᠬᠢᠵᠦ  ᠪᠠᠢᠭ᠍ᠰᠠᠨ ᠳ᠋ᠠᠮᠢᠳ᠄ 
       — ᠲᠡᠢᠮᠦ ᠡ᠂ ᠡᠪᠦᠭᠡᠨ ᠳ᠋ᠡᠭᠡᠨ ᠳᠡᠯ ᠬᠢᠯᠭᠠᠰᠤ ᠥᠭᠭᠦᠨ᠎ᠡ ᠭᠡᠵᠦ ᠬᠡᠯᠡᠭᠡᠳ ᠬᠣᠭᠣᠯᠠᠢ ᠪᠠᠨ ᠵᠠᠰᠠᠨ ᠬᠤᠳᠠᠯ ᠢᠨᠢᠶᠡᠪᠡ᠃ ᠳ᠋ᠡᠮᠢᠳ ᠨᠢᠭᠡᠨᠲᠡ ᠬᠢᠭᠰᠡᠨ ᠬᠡᠷᠡᠭ ᠢᠯᠡᠷᠡᠭᠰᠡᠨ ᠲᠤᠯᠠ ᠮᠠᠭᠤ ᠨᠢᠭᠤᠬᠤ ᠪᠠᠷ ᠰᠠᠢᠨ ᠢᠯᠡᠴᠢᠯᠡ ᠭᠡᠳᠡᠭ ᠶᠣᠰᠣ ᠪᠠᠷ ᠲᠠᠮᠪᠠ ᠶ᠋ᠢᠨ ᠠᠳᠤᠭᠤᠨ ᠤ᠋ ᠳᠡᠯ ᠰᠡᠭᠦᠯ᠎ ᠢ ᠬᠡᠷᠬᠢᠨ ᠠᠪᠤᠭᠰᠠᠨ ᠲᠤᠬᠠᠢ ᠪᠠᠨ ᠶᠠᠷᠢᠭᠠᠳ ᠪᠠᠳᠠᠷᠴᠢ ᠳ᠋ᠦ᠍ ᠬᠠᠭᠠᠰ ᠰᠢᠭᠤᠳᠠᠢ ᠳᠡᠯ ᠥᠭᠭᠦᠨ᠎ᠡ ᠭᠡᠵᠦ  ᠬᠡᠯᠡᠭᠰᠡᠨ ᠴᠢᠨᠢ ᠪᠠᠳᠠᠷᠴᠢ ᠴᠢᠮᠠᠯᠠᠵᠤ ᠪᠦᠲᠦᠨ ᠰᠢᠭᠤᠳᠠᠢ ᠠᠪᠤᠨ᠎ᠠ ᠭᠡᠵᠦ ᠱᠠᠭᠠᠷᠳᠠᠪᠠ᠃
       — ᠪᠢ ᠠᠪᠤᠨ᠎ᠠ ᠭᠡᠵᠦ ᠭᠡᠴᠢᠨᠡᠬᠡᠨ ᠵᠣᠪᠠᠭᠰᠠᠨ ᠢ᠋ ᠡᠪᠦᠭᠡᠨ ᠮᠢᠨᠢ ᠪᠣᠳᠣᠬᠣ᠌ ᠬᠡᠷᠡᠭᠲᠡᠢ ᠭᠡᠵᠦ ᠳ᠋ᠡᠮᠢᠳ ᠣᠯᠢᠭ᠍ᠯᠠᠨ ᠬᠡᠯᠡᠵᠦ ᠪᠠᠢᠪᠠ᠃ ᠪᠠᠳᠠᠷᠴᠢ  ᠵᠢᠷᠭᠤᠭᠠᠨ ᠵᠠᠯᠠᠭᠤ ᠮᠣᠷᠢᠨ ᠤ ᠦᠨ᠎ᠡ ᠲᠠᠢ ᠭᠠᠩᠰᠠ ᠪᠠᠨ ᠡᠪᠳᠡᠯᠡᠭᠦᠯᠦᠭᠰᠡᠨ ᠢ ᠪᠣᠳᠣᠬᠤ ᠳ᠋ᠦ᠍ ᠳ᠋ᠡᠮᠢᠳ ᠤᠨ ᠬᠣᠶᠠᠷ ᠰᠢᠭᠤᠳᠠᠢ ᠬᠢᠯᠭᠠᠰᠤ ᠶ᠋ᠢ ᠠᠪᠬᠤ ᠪᠠᠷ ᠪᠠᠷᠠᠬᠤ ᠦᠭᠡᠢ᠂ ᠴᠠᠭᠠᠰᠢ ᠨᠢ ᠣᠢᠷ᠎ᠠ ᠬᠠᠪᠢ ᠶ᠋ᠢᠨ ᠠᠢᠯ᠎ ᠤᠳ ᠤᠨ ᠪᠦᠬᠦ ᠠᠳᠤᠭᠤ ᠶ᠋ᠢ ᠳᠡᠯᠯᠡᠵᠦ ᠠᠪᠤᠭᠰᠠᠨ ᠴᠤ᠌ ᠰᠡᠳᠬᠢᠯ ᠨᠢ ᠬᠠᠩᠬᠤ ᠦᠭᠡᠢ ᠪᠠᠢᠪᠠ᠃ ᠶᠡᠷᠦ ᠨᠢ ᠭᠠᠩᠰᠠ ᠪᠠᠨ ᠡᠪᠳᠡᠭᠦᠯᠵᠦ ᠤᠴᠠᠷᠠᠭᠰᠠᠨ ᠭᠠᠷᠤᠵᠠ᠎ ᠶ᠋ᠢ ᠶᠠᠮᠠᠷ ᠨᠢᠭᠡᠨ ᠠᠷᠭ᠎ᠠ ᠪᠠᠷ ᠨᠥᠬᠥᠬᠦ ᠬᠡᠷᠡᠭᠲᠡᠢ ᠭᠡᠵᠦ ᠡᠯᠳᠡᠪ ᠠᠷᠭ᠎ᠠ ᠰᠦᠪᠡᠭᠴᠢᠯᠡᠨ ᠪᠣᠳᠣᠵᠣ᠌ ᠪᠠᠢᠯ᠎ᠠ᠃ ᠵᠠᠷᠢᠮ ᠳ᠋ᠠᠭᠠᠨ ᠨᠤᠲᠤᠭ ᠤᠨ ᠰᠠᠢᠨ ᠰᠠᠢᠨ ᠮᠣᠷᠢᠳ᠎ ᠠᠴᠠ ᠨᠡᠯᠢᠶᠡᠳ᠎ ᠢ ᠬᠤᠯᠠᠭᠠᠢᠯᠠᠵᠤ ᠠᠪᠤᠭᠠᠳ ᠬᠣᠲᠠ ᠣᠷᠣᠭᠤᠯᠵᠤ ᠬᠤᠳᠠᠯᠳᠤᠪᠠᠯ ᠭᠠᠩᠰᠠ ᠪᠠᠨ ᠠᠮᠠᠷᠬᠠᠭ ᠨᠥᠬᠥᠮᠡᠷ ᠰᠠᠨᠠᠭᠳᠠᠵᠤ ᠪᠠᠢᠵᠠᠢ᠃
      — ᠪᠢ ᠠᠩᠬᠠᠨ ᠡᠨᠡ ᠰᠠᠨᠠᠯ᠎ ᠢ ᠭᠠᠷᠭᠠᠭᠰᠠᠨ ᠲᠤᠯᠠ ᠨᠠᠳᠠ ᠶᠡᠬᠡ ᠶ᠋ᠢ ᠨᠢ ᠥᠭᠬᠦ ᠬᠡᠷᠡᠭᠲᠡᠢ ᠭᠡᠵᠦ ᠪᠠᠳᠠᠷᠴᠢ ᠳᠡᠪᠰᠢᠯᠡᠨ ᠪᠠᠢᠪᠠ᠃ ᠳ᠋ᠡᠮᠢᠳ᠎ ᠲᠤ ᠨᠢᠭᠡ ᠮᠡᠷᠭᠡᠨ ᠪᠣᠳᠣᠯ ᠣᠷᠣᠵᠤ ᠢᠷᠡᠯ᠎ᠡ᠃  ᠪᠠᠳᠠᠷᠴᠢ ᠶ᠋ᠢᠨ ᠨᠢᠭᠤᠭᠰᠠᠨ ᠰᠢᠭᠤᠳᠠᠢ ᠶᠠᠭᠤᠮ᠎ᠠ ᠪᠣᠯ ᠬᠢᠯᠭᠠᠰᠤ ᠶᠤᠮ ᠤᠤ ᠠᠯᠢ ᠲᠡᠮᠡᠭᠡᠨ ᠦ᠌ ᠨᠣᠣᠰᠣ ᠪᠠᠢᠵᠤ ᠪᠣᠯᠣᠨ᠎ᠠ᠂  ᠪᠠᠰᠠ ᠨᠢᠭᠡ ᠪᠢᠰᠢ ᠬᠡᠳᠦ ᠬᠡᠳᠦᠨ ᠰᠢᠭᠤᠳᠠᠢ ᠴᠤ᠌ ᠪᠠᠢᠵᠤ ᠪᠣᠯᠤᠨ᠎ᠠ᠂ ᠪᠠᠳᠠᠷᠴᠢ ᠡᠦᠲᠦ ᠠᠪᠴᠤ ᠶᠠᠪᠤᠵᠤ ᠴᠢᠳᠠᠬᠤ ᠦᠭᠡᠢ ᠲᠤᠯᠠ ᠳᠠᠷᠠᠭ᠎ᠠ ᠤᠷᠢᠲᠠᠵᠤ ᠢᠷᠡᠭᠡᠳ ᠠᠪᠴᠤ ᠥᠭᠡᠷ᠎ᠡ ᠭᠠᠵᠠᠷ ᠨᠢᠭᠤᠵᠤ ᠥᠪᠡᠷ ᠦ᠋ᠨ ᠪᠣᠯᠭᠠᠬᠤ ᠪᠠᠷ ᠰᠢᠢᠳᠴᠦ᠄ 
       — ᠵᠠ ᠪᠠᠳᠠᠷᠴᠢ ᠮᠢᠨᠢ ᠴᠢᠮ᠎ᠠ ᠳ᠋ᠤ᠌ ᠨᠢᠭᠡ ᠪᠦᠲᠦᠨ ᠰᠢᠭᠤᠳᠠᠢ ᠶ᠋ᠢ ᠨᠢ ᠥᠭᠭᠦᠶ᠎ᠡ ᠭᠡᠵᠦ ᠬᠡᠯᠡᠭᠡᠳ ᠪᠠᠳᠠᠷᠴᠢ ᠤᠷᠤᠭᠤ ᠬᠠᠷᠠᠭᠰᠠᠨ ᠳ᠋ᠤ᠌ ᠪᠠᠳᠠᠷᠴᠢ ᠬᠠᠷᠢᠭᠤ ᠳᠤᠤᠭᠠᠷᠤᠭᠰᠠᠨ ᠦᠭᠡᠢ ᠲᠤᠯᠠ ᠳ᠋ᠡᠮᠢᠳ ᠪᠣᠰᠤᠭᠰᠠᠨ ᠳ᠋ᠤ᠌ :
       — ᠵᠠ ᠪᠣᠯᠤᠨ᠎ᠠ ᠭᠡᠵᠦ ᠪᠠᠳᠠᠷᠴᠢ ᠰᠠᠨᠳᠤᠷᠤᠨ ᠬᠡᠯᠡᠭᠡᠳ ᠳ᠋ᠡᠮᠢᠳ ᠢ᠋ ᠲᠠᠲᠠᠵᠤ ᠰᠠᠭᠤᠯᠭᠠᠪᠠ᠃
       ᠪᠠᠳᠠᠷᠴᠢ ᠢᠯᠡᠭᠦᠦ ᠠᠪᠤᠨ᠎ᠠ ᠭᠡᠵᠦ ᠬᠡᠯᠡᠬᠦ ᠬᠦᠰᠡᠯ ᠲᠡᠢ ᠪᠠᠢᠭᠰᠠᠨ ᠪᠢᠯᠡ᠂ ᠭᠡᠲᠡᠯ᠎ᠡ ᠳ᠋ᠡᠮᠢᠳ ᠪᠣᠰᠤᠭᠰᠠᠨ ᠲᠤᠯᠠ ᠨᠦᠬᠡᠨ ᠳ᠋ᠦ᠍ ᠬᠢᠭᠰᠡᠨ ᠳᠡᠯ ᠢ᠎ ᠨᠢ ᠭᠠᠷᠭᠠᠵᠤ ᠮᠠᠭᠠᠳ ᠭᠡᠵᠦ ᠠᠶᠤᠭᠰᠠᠨ ᠤᠴᠢᠷ ᠠ᠋ᠴᠠ ᠨᠢᠭᠡ ᠰᠢᠭᠤᠳᠠᠢ ᠳᠡᠯ ᠠᠪᠬᠤ ᠶ᠋ᠢ ᠵᠥᠪᠰᠢᠶᠡᠷᠡᠭᠰᠡᠨ ᠪᠢᠯᠡ᠃ ᠢᠩᠭᠢᠭᠡᠳ ᠬᠣᠶᠠᠷ ᠰᠢᠭᠤᠳᠠᠢ ᠬᠢᠯᠭᠠᠰᠤᠨ ᠤ᠋ ᠶᠠᠪᠤᠳᠠᠯ ᠠ᠋ᠴᠠ ᠰᠠᠷᠨᠢᠬᠤ ᠰᠢᠬᠠᠭᠰᠠᠨ ᠨᠥᠬᠥᠷᠯᠡᠯ ᠢ᠋ᠶ᠋ᠡᠨ ᠳᠠᠬᠢᠨ ᠡᠪᠯᠡᠭᠦᠯᠵᠦ ᠬᠣᠶᠠᠭᠤᠯᠠ ᠰᠠᠭᠤᠭᠠᠳ ᠲᠠᠮᠪᠠ ᠶ᠋ᠢ ᠨᠢᠭᠡᠮᠦᠰᠦᠨ ᠰᠦᠷᠡᠬᠡᠢ ᠴᠢᠳᠠᠭᠰᠠᠨ ᠢ᠋ᠶ᠋ᠠᠨ ᠪᠠᠬᠠᠷᠬᠠᠨ ᠶᠠᠷᠢᠵᠤ ᠢᠨᠢᠶᠡᠨ ᠪᠠᠢᠲᠠᠯ᠎ᠠ ᠬᠡᠰᠡᠭ ᠠᠳᠤᠭᠤ ᠬᠠᠵᠠᠭᠤ ᠪᠠᠷ ᠨᠢ ᠴᠤᠪᠤᠷᠠᠨ ᠣᠷᠣᠵᠤ ᠢᠷᠡᠯ᠎ᠡ᠃ ᠳ᠋ᠡᠮᠢᠳ ᠲᠡᠭᠦᠨ ᠢ ᠬᠠᠷᠠᠵᠤ ᠪᠠᠢᠭᠰᠠᠨ ᠢ᠋ᠶ᠋ᠠᠨ᠄ 
       — ᠮᠠᠨ ᠤ᠋ ᠠᠳᠤᠭᠤ ᠤᠰᠤᠨ ᠳ᠋ᠤ᠌ ᠣᠷᠣᠵᠤ᠂ ᠦᠭᠡᠢ ᠡᠨᠡ ᠴᠢᠨᠢ ᠬᠡᠭᠡᠷ ᠮᠣᠷᠢᠨ ᠤ ᠮᠢᠨᠢ ᠁ ᠪᠠᠰᠠ ᠵᠢᠷᠣᠭ᠎ᠠ ᠠᠯᠠᠭ ᠤ᠋ᠨ ᠮᠢᠨᠢ ᠁ ᠬᠡᠨ  ᠮᠠᠨ ᠤ ᠠᠳᠤᠭᠤ ᠶ᠋ᠢ ᠳᠡᠯᠯᠡᠭ᠍ᠰᠡᠨ ᠪᠣᠢ ᠭᠡᠳ ᠪᠠᠳᠠᠷᠴᠢ ᠤᠷᠤᠭᠤ ᠬᠠᠷᠠᠬᠤ ᠳ᠋ᠤ᠌ ᠪᠠᠳᠠᠷᠴᠢ ᠭᠢᠯᠠᠯᠵᠠᠨ ᠵᠠᠢᠴᠠᠵᠤ᠄ 
       — ᠪᠢ ᠯᠡ ᠳᠡᠯᠯᠡᠭᠡ ᠦᠭᠡᠢ ᠭᠡᠵᠦ ᠬᠡᠯᠡᠭᠡᠳ ᠳᠣᠭᠣᠭᠰᠢ ᠬᠠᠷᠠᠯ᠎ᠠ᠃ 
       — ᠴᠢᠰᠤ ᠲᠠᠢ ᠪᠠᠷᠠᠮ᠂ ᠰᠡᠲᠡᠷ ᠲᠡᠢ ᠠᠵᠠᠷᠭᠠᠨ ᠤ᠋ ᠮᠢᠨᠢ ᠳᠡᠯ ᠢ᠋ ᠁ ᠦᠭᠡᠢ ᠪᠠᠰᠠ ᠰᠡᠭᠦᠯ ᠢ᠋ ᠨᠢ ᠬᠢᠷᠭᠠᠵᠤ ᠣᠷᠬᠢᠵᠤ ᠰᠢᠦ ᠳᠡ ᠭᠡᠳ ᠪᠠᠳᠠᠷᠴᠢ ᠤᠷᠤᠭᠤ ᠠᠭᠤᠷᠲᠠᠢ ᠬᠠᠷᠠᠭᠰᠠᠨ ᠳ᠋ᠤ᠌ ᠪᠠᠳᠠᠷᠴᠢ ᠳᠡᠪᠡᠯ ᠦ᠋ᠨ ᠢ᠋ᠶ᠋ᠡᠨ ᠬᠠᠨᠴᠤᠢ ᠶ᠋ᠢ ᠢᠮᠡᠷᠦᠨ ᠤᠷᠤᠯᠳᠤᠵᠤ ᠪᠠᠢᠬᠤ ᠵᠠᠭᠤᠷ᠎ᠠ ᠪᠠᠨ ᠄ 
       — ᠲᠡᠢᠮᠦ ᠭᠡᠵᠦ ᠰᠤᠯᠠᠬᠠᠨ ᠬᠡᠯᠡᠪᠡ᠃
       ᠭᠡᠲᠡᠯ᠎ᠡ ᠪᠠᠳᠠᠷᠴᠢ ᠶᠢᠨ ᠤᠯᠠᠭᠠᠨ ᠬᠠᠮᠠᠷ ᠲᠠᠢ ᠵᠠᠩᠭᠢᠯᠠᠭ᠎ᠠ ᠪᠦᠬᠦᠨ ᠳ᠋ᠡᠭᠡᠨ ᠮᠥᠩᠭᠥᠨ ᠲᠣᠪᠴᠢ ᠲᠠᠢ ᠣᠭᠣᠨᠣ ᠶ᠋ᠢᠨ ᠬᠦᠵᠦᠭᠦᠦ ᠨᠣᠭᠲᠣ ᠲᠠᠢ ᠬᠤᠷᠳᠤᠨ ᠬᠡᠭᠡᠷ ᠮᠣᠷᠢ ᠨᠢ ᠠᠳᠤᠭᠤᠨ ᠤ᠋ ᠰᠡᠭᠦᠯ ᠳ᠋ᠦ᠍ ᠳᠣᠭᠣᠯᠤᠭᠰᠠᠭᠠᠷ ᠢᠷᠡᠯ᠎ᠡ᠃ ᠳ᠋ᠡᠮᠢᠳ ᠦ᠋ᠨ ᠠᠭᠤᠷ ᠪᠠᠭᠲᠠᠵᠤ ᠶᠠᠳᠠᠨ ᠡᠨᠡ ᠬᠡᠷᠡᠭ ᠦ᠋ᠨ ᠡᠵᠡᠨ ᠪᠠᠳᠠᠷᠴᠢ ᠡᠴᠡ ᠥᠭᠡᠷ᠎ᠡ ᠬᠡᠨ ᠴᠤ᠌ ᠪᠢᠰᠢ ᠭᠡᠳᠡᠭ ᠢ᠋ ᠮᠡᠳᠡᠭᠡᠳ ᠲᠡᠭᠦᠨ ᠢ᠋ ᠴᠣᠬᠢᠵᠤ ᠤᠨᠠᠭᠠᠮᠠᠷ ᠰᠠᠨᠠᠭᠳᠠᠪᠠ᠃ 
       — ᠮᠠᠭᠤ ᠬᠤᠯᠠᠭᠠᠢᠴᠢ ᠴᠢ ᠮᠢᠨᠦ ᠠᠳᠤᠭᠤ ᠶ᠋ᠢ ᠳᠡᠯᠯᠡᠭᠰᠡᠨ ᠪᠠᠢᠨ᠎ᠠ ᠭᠡᠵᠦ ᠬᠥᠮᠥᠰᠬᠡ ᠵᠠᠩᠭᠢᠳᠤᠨ ᠠᠮᠠ ᠪᠠᠨ ᠠᠩᠭᠠᠢᠨ ᠬᠠᠰᠬᠢᠷᠪᠠ᠃ 
       — ᠬᠠᠮᠢᠭ᠎ᠠ ᠠ᠋ᠴᠠ ᠳᠠ᠂ ᠣᠴᠢᠵᠤ ᠣᠴᠢᠵᠤ ᠡᠪᠦᠭᠡᠨ ᠦ᠌ ᠪᠡᠨ ᠠᠳᠤᠭᠤ ᠶ᠋ᠢ ᠳᠡᠯᠯᠡᠬᠦ ᠰᠡᠳᠬᠢᠯ ᠨᠠᠳᠠ ᠬᠠᠮᠢᠭ᠎ᠠ ᠪᠠᠢᠬᠤ ᠪᠢᠯᠡ ᠳᠠ ᠭᠡᠵᠦ ᠬᠡᠯᠡᠭᠡᠳ  ᠪᠠᠳᠠᠷᠴᠢ ᠤᠬᠤᠷᠢᠪᠠ᠃ 
       — ᠠ᠋ ᠲᠡᠢᠮᠦ ᠪᠠᠢᠬ᠎ᠠ ᠭᠡᠵᠦ ᠳ᠋ᠡᠮᠢᠳ ᠬᠡᠯᠡᠭᠡᠳ ᠤᠬᠤᠰᠬᠢᠨ ᠣᠴᠢᠵᠤ ᠨᠦᠬᠡᠨ ᠳ᠋ᠦ᠍ ᠬᠢᠭᠰᠡᠨ ᠰᠢᠭᠤᠳᠠᠢ ᠲᠠᠢ ᠳᠡᠯ ᠢ᠋ ᠭᠠᠷᠭᠠᠵᠤ ᠰᠡᠭᠰᠦᠷᠦᠨ ᠭᠠᠵᠠᠷ ᠠᠰᠬᠠᠭᠠᠳ᠄
       — ᠮᠠᠭᠤ ᠬᠤᠯᠠᠭᠠᠢᠴᠢ᠂ ᠡᠨᠡ ᠴᠢᠨᠢ ᠰᠡᠲᠡᠷ ᠲᠡᠢ ᠠᠵᠢᠷᠭᠠᠨ ᠤ᠋ ᠮᠢᠨᠢ ᠳᠡᠯ ᠪᠢᠰᠢ ᠤᠤ ? ᠡᠨᠡ ᠴᠢᠨᠢ ᠵᠢᠷᠣᠭ᠎ᠠ ᠠᠯᠠᠭ ᠤ᠋ᠨ ᠮᠢᠨᠢ ᠳᠡᠯ ᠪᠢᠰᠢ ᠤᠤ ᠴᠢᠨᠣ᠎ ᠨᠣᠭᠲᠣ ᠶᠢ ᠲᠠᠨᠢᠬᠤ ᠦᠭᠡᠢ ᠪᠠᠢᠨ᠎ᠠ ᠭᠡᠵᠦ ᠪᠣᠳᠣᠵᠤ ᠪᠠᠢᠨ᠎ᠠ ᠤᠤ ᠭᠡᠵᠦ ᠬᠠᠰᠬᠢᠷᠤᠨ ᠬᠡᠯᠡᠭᠡᠳ ᠬᠠᠨᠴᠤᠢ ᠪᠠᠨ ᠰᠢᠮᠠᠯᠦᠨ ᠢᠷᠡᠭᠰᠡᠨ ᠳ᠋ᠦ᠍ ᠬᠡᠷᠡᠭ ᠢᠯᠡᠷᠡᠭᠰᠡᠨ ᠳ᠋ᠦ᠍ ᠰᠢᠢᠳᠦᠭᠰᠡᠨ ᠪᠠᠳᠠᠷᠴᠢ ᠰᠦᠷᠳᠡᠭᠦᠯᠵᠦ ᠨᠢᠭᠡ ᠦᠵᠡᠶ᠎ᠡ ᠭᠡᠵᠦ ᠰᠢᠢᠳᠦᠭᠡᠳ ᠠᠭᠤᠷᠯᠠᠭᠰᠠᠨ ᠳᠦᠷᠢ ᠦᠵᠡᠭᠦᠯᠦᠨ᠄ 
       — ᠴᠢ ᠥᠪᠡᠷ ᠢᠶᠡᠨ ᠬᠤᠯᠠᠭᠠᠢᠴᠢ᠂  ᠴᠢᠨᠦ ᠮᠣᠷᠢ ᠴᠢᠨᠢ ᠮᠢᠨᠦ ᠹᠸᠢᠢᠼᠥ᠋ᠢ ᠰᠣᠷᠣᠭᠤᠯ ᠢ᠋ ᠡᠪᠳᠡᠭᠰᠡᠨ᠂ ᠴᠢ ᠲᠥᠯᠥᠵᠦ ᠥᠭᠭᠦᠨ᠎ᠡ ᠳᠡ᠃ ᠬᠠᠷ᠎ᠠ  ᠬᠤᠯᠠᠭᠠᠢᠴᠢ ᠮᠢᠨᠢ ᠭᠡᠵᠦ ᠪᠠᠢᠳᠠᠭ ᠴᠢᠳᠠᠯ ᠢᠶᠠᠷ ᠢᠶᠠᠨ ᠬᠠᠰᠬᠢᠷᠪᠠ᠃ ᠲᠡᠷᠡ ᠬᠣᠶᠠᠷ ᠴᠢ ᠬᠤᠯᠠᠭᠠᠢᠴᠢ᠂ ᠴᠢ ᠬᠤᠯᠠᠭᠠᠢᠴᠢ ᠭᠡᠵᠦ ᠨᠡᠯᠢᠶᠡᠳ ᠭᠡᠷᠡᠯᠲᠦᠪᠡ᠃  ᠳ᠋ᠡᠮᠢᠳ ᠳᠠᠪᠰᠢᠯᠠᠬᠤ ᠳ᠋ᠦ᠍ ᠬᠡᠳᠡᠷᠬᠦ ᠪᠠᠨ ᠤᠬᠤᠷᠢᠨ ᠵᠠᠢᠯᠠᠵᠤ ᠪᠠᠢᠪᠠ᠃  ᠳᠠᠷᠠᠭ᠎ᠠ ᠨᠢ ᠮᠣᠷᠳᠠᠵᠤ ᠪᠡᠶ᠎ᠡ ᠪᠡᠶ᠎ᠡ ᠪᠡᠨ  ᠴᠣᠯᠪᠣᠭᠣᠷᠳᠠᠯᠴᠠᠨ ᠪᠠᠭ ᠤᠨ ᠵᠠᠬᠢᠷᠭᠠᠨ ᠳ᠋ᠦ᠍  ᠵᠠᠷᠭᠤᠯᠳᠤᠬᠤ  ᠪᠠᠷ ᠳᠠᠪᠬᠢᠯᠳᠤᠪᠠ᠃  ᠭᠡᠲᠡᠯ᠎ᠡ ᠵᠠᠮ ᠳ᠋ᠠᠭᠠᠨ ᠪᠠᠳᠠᠷᠴᠢ ᠭᠡᠨᠡᠳᠡᠭᠦᠯᠦᠨ ᠳ᠋ᠡᠮᠢᠳ ᠦᠨ ᠲᠣᠯᠣᠭᠠᠢ ᠤᠷᠤᠭᠤ ᠪᠦᠳᠦᠭᠦᠨ ᠶᠠᠷᠭᠠᠢ ᠲᠠᠰᠢᠭᠤᠷ  ᠢᠶᠠᠷ ᠬᠠᠯᠲᠤ ᠪᠠᠭᠤᠯᠭᠠᠭᠰᠠᠨ ᠠᠴᠠ ᠪᠣᠯᠵᠤ  ᠳ᠋ᠡᠮᠢᠳ  ᠪᠠᠳᠠᠷᠴᠢ ᠶᠢ ᠮᠣᠷᠢᠨ ᠠᠴᠠ ᠪᠠᠨ ᠭᠣᠳ ᠲᠠᠲᠠᠨ ᠤᠨᠠᠭᠠᠭᠠᠳ ᠨᠢᠳᠤ ᠨᠢᠭᠤᠷ ᠦᠭᠡᠢ ᠵᠠᠨᠴᠢᠨ ᠠᠯᠠᠬᠤ ᠰᠢᠬᠠᠬᠤ ᠳ᠋ᠤᠨᠢ  ᠪᠠᠳᠠᠷᠴᠢ ᠦᠬᠦᠬᠦ ᠶᠢᠨ ᠡᠮᠦᠨ᠎ᠡ ᠪᠥᠬᠥ ᠬᠦᠴᠦ ᠪᠡᠨ ᠲᠡᠯᠴᠢᠯᠡᠨ᠄
        — ᠣᠯᠠᠨ ᠠᠬ᠎ᠠ ᠳᠡᠭᠦᠦ ᠮᠢᠨᠢ᠂  ᠨᠠᠮ᠎ᠠ ᠶᠢ ᠠᠪᠤᠷᠠᠭᠠᠴᠢ  ᠳ᠋ᠠ ᠂ ᠠᠯᠠᠯ᠎ᠠ ᠰᠢᠦ ᠭᠡᠵᠦ ᠴᠢᠷᠠᠯᠠᠨ ᠬᠠᠰᠬᠢᠷᠪᠠ᠃
       ᠡᠨᠡ ᠦᠶ᠎ᠡ  ᠳ᠋ᠦ᠍ ᠬᠠᠵᠠᠭᠤ ᠪᠠᠷ ᠨᠢ ᠪᠠᠭ ᠤᠨ ᠳᠠᠷᠤᠭ᠎ᠠ ᠶᠢᠨ ᠳ᠋ᠦ᠍  ᠣᠴᠢᠵᠤ ᠠᠳᠤᠭᠤᠨ ᠤ ᠪᠠᠨ ᠳᠡᠯ ᠰᠡᠭᠦᠯ ᠢ ᠬᠤᠯᠠᠭᠠᠢ ᠳ᠋ᠤ᠌ ᠠᠯᠳᠠᠭᠰᠠᠨ ᠲᠤᠬᠠᠢ ᠪᠠᠨ  ᠬᠡᠯᠡᠬᠦ ᠭᠡᠵᠦ ᠶᠠᠪᠤᠭᠰᠠᠨ ᠲᠠᠮᠪᠠ ᠳᠤᠯᠮ᠎ᠠ ᠬᠣᠶᠠᠷ ᠪᠠᠳᠠᠷᠴᠢ ᠶᠢᠨ ᠠᠪᠤᠷᠠᠯ ᠭᠣᠶᠣᠭᠰᠠᠨ ᠳᠠᠭᠤ ᠶ᠋ᠢ ᠰᠣᠨᠣᠰᠤᠭᠠᠳ ᠳᠠᠪᠬᠢᠨ ᠢᠷᠡᠯ᠎ᠡ᠃ ᠬᠣᠶᠠᠷ ᠬᠥᠮᠦᠨ ᠳᠠᠪᠬᠢᠨ ᠢᠷᠡᠬᠦ ᠳ᠋ᠦ᠍ ᠳ᠋ᠡᠮᠢᠳ ᠪᠠᠳᠠᠷᠴᠢ ᠶ᠋ᠢ ᠲᠠᠯᠪᠢᠵᠠᠢ᠃  ᠪᠠᠳᠠᠷᠴᠢ ᠶ᠋ᠢᠨ ᠴᠢᠷᠠᠢ ᠵᠢᠰᠦ ᠨᠢ ᠴᠢᠰᠤ ᠪᠣᠯᠤᠭᠠᠳ ᠪᠠᠷᠤᠭ  ᠲᠠᠨᠢᠭ᠍ᠳᠠᠬᠤ ᠦᠭᠡᠢ ᠪᠤᠯᠵᠠᠢ᠃ 
       — ᠲᠠᠮᠪᠠ ᠮᠢᠨᠢ ᠂ ᠳᠤᠯᠮ᠎ᠠ ᠮᠢᠨᠢ ᠡᠨᠡ ᠯᠤᠢᠪᠠᠷᠴᠢᠨ ᠴᠢᠨᠢ ᠲᠠᠨ ᠤ᠋ ᠠᠳᠤᠭᠤᠨ ᠤ᠋ ᠳᠡᠯ ᠰᠡᠭᠦᠯ ᠢ᠋ ᠬᠢᠷᠭᠠᠴᠢᠬᠠᠭᠠᠳ ᠡᠴᠦᠰ ᠲᠤᠨᠢ ᠨᠠᠮ᠎ᠠ ᠶᠢ ᠠᠯᠠᠬᠤ ᠭᠡᠵᠦ ᠪᠠᠢᠨ᠎ᠠ ᠭᠡᠵᠦ  ᠪᠠᠳᠠᠷᠴᠢ ᠤᠬᠢᠯᠠᠨ ᠬᠡᠯᠡᠵᠡᠢ᠃
       — ᠮᠠᠭᠤ ᠬᠤᠯᠠᠭᠠᠢᠴᠢ ᠨᠢ ᠮᠢᠨᠦ ᠠᠳᠤᠭᠤᠨ ᠤ ᠳᠡᠯ ᠰᠡᠭᠦᠯ ᠢ ᠨᠢᠭᠤᠵᠤ ᠠᠪᠤᠭᠰᠠᠨ ᠪᠢᠰᠢ ᠤᠤ? ᠲᠠᠮᠪᠠ ᠮᠢᠨᠢ᠂ ᠰᠠᠲᠠᠷ ᠲᠠᠢ ᠠᠵᠢᠷᠭᠠᠨ ᠤ ᠮᠢᠨᠢ ᠳᠡᠯ ᠰᠡᠭᠦᠯ ᠢ᠋ ᠬᠦᠷᠲᠡᠯ᠎ᠡ ᠬᠢᠷᠭᠠᠴᠢᠬᠠᠭᠰᠠᠨ ᠪᠠᠢᠬᠤ ᠦᠭᠡᠢ ᠤᠤ ᠭᠡᠵᠦ ᠳ᠋ᠡᠮᠢᠳ ᠬᠡᠯᠡᠭᠡᠳ ᠭᠠᠷ ᠢ᠋ᠶ᠋ᠠᠨ ᠵᠠᠩᠭᠢᠳᠤᠨ ᠳᠠᠯᠠᠢᠵᠤ ᠳᠣᠪᠲᠣᠯᠤᠨ ᠢᠷᠡᠬᠦ ᠳ᠋ᠦ᠍ ᠪᠠᠳᠠᠷᠴᠢ ᠤᠬᠠᠭᠠᠨ ᠵᠢᠯᠣᠭᠣ ᠦᠭᠡᠢ ᠵᠢᠭᠤᠲᠠᠨ ᠲᠠᠮᠪᠠ ᠂ ᠳᠤᠯᠮ᠎ᠠ ᠨᠠᠷ ᠤ᠋ᠨ ᠳᠡᠷᠭᠡᠳᠡ ᠣᠴᠢᠭᠠᠳ ᠄ 
       — ᠴᠢ ᠳᠠᠭᠤ ᠦᠭᠡᠢ ᠪᠠᠢ ᠮᠠᠭᠤ ᠬᠤᠯᠠᠭᠠᠢᠴᠢ ᠂ ᠲᠡᠷᠡ ᠰᠣᠷᠣᠭᠤᠯ ᠲᠥᠯᠥᠵᠦ ᠥᠭ᠃ ᠲᠠᠮᠪᠠ ᠮᠢᠨᠢ᠂ ᠴᠢᠨᠦ ᠠᠳᠤᠭᠤᠨ ᠤ᠋ ᠳᠡᠯ ᠲᠡᠷᠡ ᠬᠣᠶᠠᠷ ᠰᠢᠭᠤᠳᠠᠢ ᠲᠠᠢ ᠪᠠᠢᠨ᠎ᠠ ᠭᠡᠵᠦ ᠬᠡᠯᠡᠭᠡᠳ ᠴᠢᠰᠤ ᠪᠣᠯᠤᠭᠰᠠᠨ ᠭᠠᠷ ᠢ᠋ᠶ᠋ᠠᠷ ᠢ᠋ᠶ᠋ᠠᠨ ᠵᠢᠭᠠᠪᠠ᠃ ᠲᠠᠮᠪᠠ ᠂ ᠲᠡᠷᠡ ᠵᠦᠭ ᠬᠠᠷᠠᠭᠰᠠᠨ ᠢ᠋ᠶ᠋ᠠᠨ ᠪᠡᠶ᠎ᠡ ᠪᠠᠶᠠᠨ ᠠ᠋ᠴᠠ ᠪᠠᠨ ᠢᠯᠡᠭᠦᠦ ᠴᠢᠩᠭ᠎ᠠ ᠬᠠᠰᠬᠢᠷᠬᠤ ᠶ᠋ᠢ ᠤᠷᠤᠯᠳᠤᠵᠤ ᠪᠠᠢᠭ᠎ᠠ ᠬᠣᠶᠠᠷ ᠤᠷᠤᠭᠤ ᠬᠠᠷᠠᠵᠤ᠄
       — ᠲᠠ ᠬᠣᠶᠠᠷ ᠤ᠋ᠨ ᠠᠯᠢ ᠨᠢᠭᠡ ᠨᠢ ᠬᠤᠯᠠᠭᠠᠢᠴᠢ ᠴᠤ᠌ ᠪᠢᠰᠢ᠂ ᠬᠠᠷᠢᠨ ᠬᠣᠶᠠᠭᠤᠯᠠ ᠪᠠᠨ ᠬᠤᠯᠠᠭᠠᠢᠴᠢ ᠪᠠᠢᠨ᠎ᠠ ᠭᠡᠵᠦ ᠬᠡᠯᠡᠭᠡᠳ ᠶᠠᠪᠤᠬᠤ ᠳ᠋ᠤᠨᠢ ᠳᠤᠯᠮ᠎ᠠ ᠳᠠᠭᠠᠵᠤ ᠶᠠᠪᠤᠬᠤ ᠵᠠᠭᠤᠷ᠎ᠠ ᠡᠷᠭᠢᠵᠦ ᠬᠠᠷᠠᠨ᠄
       — ᠶᠡᠷᠦ ᠨᠢ ᠠᠮᠢᠳᠤᠷᠠᠯ ᠢ ᠭᠤᠲᠤᠭᠠᠬᠤ ᠳ᠋ᠤ᠌ ᠲᠤᠩ ᠴᠤ᠌ ᠠᠮᠠᠷᠬᠠᠨ ᠁  ᠬᠠᠷᠢᠨ ᠴᠢᠮᠡᠭᠯᠡᠬᠦ ᠳ᠋ᠦ᠍ ᠶᠠᠭ ᠦᠭᠡᠢ ᠬᠡᠴᠡᠭᠦᠦ ᠪᠠᠢᠳᠠᠭ ᠶᠤᠮ ᠰᠢᠦ  ᠭᠡᠵᠦ ᠪᠠᠳᠠᠷᠴᠢ ᠤᠷᠤᠭᠤ ᠬᠠᠷᠠᠵᠤ ᠬᠡᠯᠡᠭᠡᠳ ᠱᠣᠣᠯᠠᠯᠲᠠ ᠵᠢᠭᠰᠢᠯᠲᠡ ᠬᠠᠪᠰᠤᠷᠭᠠᠨ ᠲᠠᠴᠢᠭᠢᠨᠠᠭᠰᠠᠨ ᠳᠠᠭᠤ ᠪᠠᠷ᠎ ᠢᠨᠢᠶᠡᠪᠡ᠃
       ᠪᠠᠳᠠᠷᠴᠢ᠂ ᠳ᠋ᠡᠮᠢᠳ ᠬᠣᠶᠠᠷ ᠬᠤᠯᠠᠭᠠᠢ ᠶ᠋ᠢᠨ ᠬᠡᠷᠡᠭ ᠲᠦ᠍ ᠰᠢᠢᠳᠬᠡᠭᠦᠯᠦᠭᠰᠡᠨ ᠢᠶᠠᠷ ᠪᠠᠷᠠᠬᠤ ᠦᠭᠡᠢ ᠡᠨᠡ ᠶᠠᠪᠤᠳᠠᠯ ᠠ᠋ᠴᠠ ᠬᠣᠢᠰᠢ ᠨᠤᠲᠤᠭ ᠤ᠋ᠨ ᠬᠥᠮᠦᠰ ᠲᠡᠷᠡ ᠬᠣᠶᠠᠷ ᠢ᠋ ᠮᠠᠯ ᠳ᠋ᠠᠭᠠᠨ ᠣᠢᠷᠠᠲᠤᠭᠤᠯᠬᠤ ᠶ᠋ᠢ ᠪᠣᠯᠢᠭᠰᠠᠨ ᠭᠡᠵᠦ ᠶᠠᠷᠢᠯᠴᠠᠳᠠᠭ ᠶᠤᠮ᠃

– – – –
① ᠮᠣᠷᠢ᠂ ᠮᠠᠯ ᠤᠨ ᠨᠢᠷᠤᠭᠤ ᠵᠡᠷᠭᠡ ᠶᠢᠨ ᠬᠤᠯᠭᠤᠭᠳᠠᠭᠰᠠᠨ ᠭᠠᠵᠠᠷ
② ᠠᠳᠤᠭᠤᠨ ᠳᠤ ᠳᠤᠰᠬᠤ ᠬᠠᠯᠳᠠᠪᠤᠷᠢᠲᠤ ᠶᠠᠷ᠎ᠠ

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄  ᠲᠡᠭᠷᠢ ᠡᠵᠢ᠂ ᠳᠠᠪᠰᠢᠯᠲᠤ᠂ ᠲᠤᠭ᠍ᠴᠢ ᠰᠠᠷᠠᠨ᠎ᠠ
    ᠬᠢᠨᠠᠭ᠍ᠴᠢ :   ᠲᠤᠭ᠍ᠴᠢ ᠰᠠᠷᠠᠨ᠎ᠠ

             2023᠂ 11᠂ 24  ᠤ  ᠡᠳᠦᠷ