ᠠᠵᠠᠷ ᠪᠠᠵᠠᠷ ᠲᠠᠵᠠᠷ ᠭᠤᠷᠪᠠ - ᠮᠣᠩᠭᠣᠯ ᠠᠷᠠᠳ ᠤᠨ ᠦᠯᠢᠭᠡᠷАзар Базар Тазар гурав - Монгол ардын үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠵᠠᠷ ᠪᠠᠵᠠᠷ ᠲᠠᠵᠠᠷ ᠭᠤᠷᠪᠠ - ᠮᠣᠩᠭᠣᠯ ᠠᠷᠠᠳ ᠤᠨ ᠦᠯᠢᠭᠡᠷАзар Базар Тазар гурав - Монгол ардын үлгэр

ᠠᠵᠠᠷ ᠪᠠᠵᠠᠷ ᠲᠠᠵᠠᠷ ᠭᠤᠷᠪᠠ - ᠮᠣᠩᠭᠣᠯ ᠠᠷᠠᠳ ᠤᠨ ᠦᠯᠢᠭᠡᠷАзар Базар Тазар гурав - Монгол ардын үлгэр

ᠠᠩᠭᠢᠯᠠᠯ:ᠳᠣᠮᠣᠭ ᠦᠯᠢᠭᠡᠷ
2022-03-23

957

ᠠᠵᠠᠷ ᠪᠠᠵᠠᠷ ᠲᠠᠵᠠᠷ ᠭᠤᠷᠪᠠ

            ᠮᠣᠩᠭᠣᠯ ᠠᠷᠠᠳ ᠊ᠤᠨ ᠦᠯᠢᠭᠡᠷ 
   ᠰᠢᠮᠨᠤ ᠶ᠋ᠢᠨ ᠬᠠᠭᠠᠨ᠄ ᠬᠦᠰᠡᠯ ᠮᠢᠨᠢ ᠬᠥᠰᠡᠷᠳᠡᠬᠦ ᠨᠢ᠂ ᠡᠮᠦᠨ᠎ᠡ ᠪᠡᠨ ᠪᠦᠬᠦᠨ ᠢ᠋ ᠰᠥᠭᠦᠳᠦᠭᠦᠯᠬᠦ ᠳ᠋ᠦ᠍ ᠲᠡᠷᠡ ᠮᠠᠭᠤ ᠬᠠᠭᠠᠨ ᠵᠠᠮ ᠳ᠋ᠤ᠌ ᠮᠢᠨᠢ ᠲᠡᠭᠡᠭᠡᠷ᠎ᠡ ᠪᠣᠯᠤᠭᠠᠳ ᠪᠠᠢᠨ᠎ᠠ᠃ ᠲᠠ ᠭᠤᠷᠪᠠ ᠳ᠋ᠤ᠌ ᠯᠠ ᠡᠴᠦᠰ ᠊ᠦᠨ ᠨᠠᠢᠳᠠᠪᠤᠷᠢ ᠦᠯᠡᠲᠡᠯ᠎ᠡ᠂ ᠦᠰᠲᠡᠨ ᠢ᠋ ᠳᠠᠷᠤᠭᠠᠳ ᠢᠷ᠎ᠡ᠂ ᠡᠰᠡ ᠴᠢᠳᠠᠪᠠᠯ ᠥᠪᠡᠷᠰᠡᠳ ᠢ᠋ᠶ᠋ᠡᠷ ᠲᠣᠯᠣᠭᠠᠢ ᠦᠭᠡᠢ ᠭᠡᠵᠦ ᠮᠡᠳᠡᠭᠡᠷᠡᠢ᠃
ᠠᠵᠠᠷ᠄ ᠵᠠ! ᠦᠭᠡᠢ᠂ ᠲᠡᠷᠡ ᠬᠠᠭᠠᠨ ᠴᠢᠨᠢ ᠶᠡᠬᠡ ᠥᠭᠯᠢᠭᠡᠴᠢ ᠶᠦᠮ ᠭᠡᠯ᠎ᠡ ᠊ᠤᠤ?
ᠲᠠᠵᠠᠷ᠄ ᠲᠡᠢᠮᠦ ᠭᠡᠨ᠎ᠡ ᠠ᠋᠂ ᠬᠥᠮᠦᠨ ᠊ᠦ ᠬᠦᠰᠡᠯ ᠢ᠋ ᠪᠡᠶᠡᠯᠡᠭᠦᠯᠵᠦ ᠡᠰᠡ ᠴᠢᠳᠠᠪᠠᠯ ᠲᠣᠯᠣᠭᠠᠢ ᠦᠭᠡᠢ ᠪᠣᠯᠤᠨ᠎ᠠ ᠭᠡᠵᠦ ᠠᠨᠳᠠᠭᠠᠢᠯᠠᠭᠰᠠᠨ ᠬᠠᠭᠠᠨ ᠶᠤᠮ ᠭᠡᠨ᠎ᠡ ᠯᠠᠢ᠃
ᠪᠠᠵᠠᠷ᠄ ᠵᠠ᠂ ᠲᠡᠭᠡᠪᠡᠯ ᠭᠤᠷᠪᠠᠭᠤᠯᠠ ᠪᠠᠨ ᠪᠠᠢᠨ᠎ᠠ ᠰᠢᠦ᠂
ᠪᠠᠵᠠᠷ᠄ ᠡᠨ! ᠶᠠᠭᠤ ᠭᠡᠨ᠎ᠡ ᠠ᠋? ᠶᠣᠣ᠁ ᠬᠠ ᠬᠠ ᠬᠠ ᠁
ᠳᠠᠭᠤᠤ᠄ ᠬᠣᠷᠸ᠎ᠠ ᠳᠡᠯᠡᠬᠡᠢ ᠳ᠋ᠦ᠍ ᠴᠤᠤᠲᠠᠢ ᠬᠣᠷᠣᠨ ᠰᠠᠨᠠᠭᠠᠲᠠᠨ ᠤ᠋ ᠬᠡᠷᠡᠭ ᠶᠠᠭᠤ ᠪᠢᠯᠡ ᠠ᠋? ᠥᠭᠯᠢᠭᠡᠴᠢ ᠬᠠᠭᠠᠨ ᠢ᠋ ᠭᠠᠭᠴᠠ ᠰᠠᠢᠨ ᠴᠢᠳᠠᠭᠠᠳ ᠥᠪᠡᠷ ᠦ᠋ᠨ ᠬᠠᠭᠠᠨ ᠳ᠋ᠤ᠌ ᠪᠠᠨ ᠨᠡᠷ᠎ᠡ ᠣᠯᠭᠣᠶ᠎ᠠ! ᠬᠡ ᠬᠡ ᠬᠡ ᠬᠠ ᠬᠠ ᠬᠠ ᠁ ᠠᠵᠠᠷ᠄ ᠬᠠᠮᠢᠭ᠎ᠠ ᠠ᠋ᠴᠠ ᠣᠯᠳᠠᠵᠤ ᠴᠢᠳᠠᠬᠤ ᠪᠠᠷ ᠦᠭᠡᠢ᠂ ᠬᠠᠨ ᠠᠭᠤᠯᠠ ᠰᠢᠭ᠋ ᠶᠡᠬᠡ ᠠᠯᠲᠠ ᠭᠤᠶᠤᠶ᠎ᠠ! ᠬᠠ ᠬᠠ ᠬᠠ ᠁ ᠬᠢ ᠬᠢ ᠬᠢ
ᠪᠠᠵᠠᠷ᠄ ᠬᠡᠵᠢᠶ᠎ᠡ ᠴᠦ᠍ ᠥᠭᠴᠦ ᠠᠮᠵᠢᠬᠤ ᠪᠠᠷ ᠦᠭᠡᠢ᠂ ᠬᠡᠭᠡᠷ᠎ᠡ ᠲᠠᠯ᠎ᠠ ᠰᠢᠭ᠋ ᠶᠡᠬᠡ ᠲᠣᠷᠭ᠎ᠠ ᠭᠤᠶᠤᠶ᠎ᠠ! ᠬᠠ ᠬᠠ ᠬᠠ ᠁
ᠲᠠᠵᠠᠷ᠄ ᠭᠠᠭᠴᠠᠬᠠᠨ ᠰᠠᠢᠨ ᠴᠠᠳᠴᠠᠭᠠᠶ᠎ᠠ ᠭᠠᠳᠠᠭᠠᠳᠤ ᠳᠠᠯᠠᠢ ᠰᠢᠭ ᠶᠡᠬᠡ ᠰᠦ ᠭᠤᠶᠤᠶ᠎ᠠ! ᠬᠠ ᠬᠠ ᠬᠠ ᠁
ᠬᠠᠭᠠᠨ᠄ ᠵᠠ! ᠲᠠ ᠪᠦᠬᠦᠨ ᠦ᠌ ᠬᠡᠷᠡᠭ ᠵᠣᠷᠢᠭ ᠶᠠᠭᠤ ᠪᠣᠢ?
ᠠᠵᠠᠷ᠄ ᠬᠠᠭᠠᠨᠲᠠᠨ ᠮᠢᠨᠢ ᠲᠠᠨ ᠢ᠋ ᠶᠡᠬᠡ ᠥᠭᠯᠢᠭᠡᠴᠢ ᠥᠭᠭᠢᠶᠡᠮᠦᠷ ᠭᠡᠵᠦ ᠳᠤᠭᠤᠯᠤᠭᠠᠳ ᠶᠠᠭᠤᠮ᠎ᠠ ᠭᠤᠶᠤᠬᠤ ᠪᠠᠷ ᠢᠷᠡᠯ᠎ᠡ
ᠬᠠᠭᠠᠨ᠄ ᠵᠠ ! ᠶᠠᠭᠤ? ᠬᠡᠯᠡ ᠬᠡᠯᠡ᠂ ᠭᠤᠶᠤᠯᠲᠠ ᠶ᠋ᠢ ᠴᠢᠨᠢ ᠪᠡᠶᠡᠯᠡᠭᠦᠯᠬᠦ ᠶ᠋ᠢ ᠯᠡ ᠪᠣᠳᠣᠶ᠎ᠠ!
ᠠᠵᠠᠷ᠄ ᠦ᠋᠂ ᠵᠠ ᠰᠦᠮᠪᠦᠷ ᠠᠭᠤᠯᠠ ᠰᠢᠭ᠋ ᠠᠯᠲᠠ ᠬᠠᠢᠷᠠᠯᠠᠨ᠎ᠠ ᠤᠤ?
ᠪᠠᠵᠠᠷ᠄ ᠵᠠ ! ᠨᠠᠳᠠ ᠳ᠋ᠤ᠌ ᠬᠡᠭᠡᠷ᠎ᠡ ᠲᠠᠯ᠎ᠠ ᠶ᠋ᠢ ᠪᠦᠷᠬᠦᠬᠦ ᠲᠣᠷᠭ᠎ᠠ ᠬᠠᠢᠷᠠᠯᠠᠨ᠎ᠠ ᠤᠤ?
ᠲᠠᠵᠠᠷ᠄ ᠵᠠ ! ᠨᠠᠳᠠ ᠳ᠋ᠤ᠌ ᠰᠦᠨ ᠳᠠᠯᠠᠢ ᠰᠢᠭ᠋ ᠠᠷᠪᠢᠨ ᠰᠦ ᠥᠭᠴᠦ ᠬᠢᠯᠠᠢᠯᠭᠠᠨ᠎ᠠ ᠤᠤ? ᠬᠠᠭᠠᠨ᠄ ᠬᠡ ᠬᠡ ᠬᠡ᠂ ᠵᠠ ! ᠳᠠ ᠨᠠᠷ ᠶᠠᠭ ᠭᠤᠷᠪᠠ ᠬᠣᠨᠣᠭᠠᠳ ᠢᠷᠡᠬᠦ ᠦᠭᠡᠢ ᠦᠦ!
ᠠᠵᠠᠷ ᠪᠠᠵᠠᠷ ᠲᠠᠵᠠᠷ᠄ ᠵᠠ!
ᠲᠦᠰᠢᠮᠡᠯ ᠨᠢᠭᠡ᠄ ᠰᠦᠮᠪᠦᠷ ᠠᠭᠤᠯᠠ ᠶ᠋ᠢᠨ ᠴᠢᠨᠡᠭᠡᠨ ᠠᠯᠲᠠ ᠣᠯᠬᠤ ᠠᠷᠭ᠎ᠠ ᠡᠭᠦᠨ ᠢ᠋ ᠯᠡ ᠰᠠᠨᠠᠭᠠᠳ ᠣᠯᠬᠤ ᠦᠭᠡᠢ ᠪᠠᠢᠬᠤ ᠴᠢᠨᠢ ᠬᠡ!
ᠲᠦᠰᠢᠮᠡᠯ ᠬᠣᠶᠠᠷ᠄ ᠡᠩ ᠲᠠᠯ᠎ᠠ ᠰᠢᠭ᠋ ᠲᠣᠷᠭ᠎ᠠ ᠭᠡᠨ᠎ᠡ ! ᠬᠡᠩ! ᠶᠠᠮᠠᠷ ᠶᠡᠬᠡ ᠰᠠᠨᠠᠭ᠎ᠠ ᠲᠠᠢ ᠤᠯᠤᠰ ᠪᠣᠢ ᠬᠦᠢ! ᠦᠭᠡᠢ ᠲᠡᠳᠡ᠂ ᠡᠵᠡᠨ ᠬᠠᠭᠠᠨ ᠤᠯᠤᠰ ᠭᠦᠷᠦᠨ ᠢ᠋ ᠮᠢᠨᠢ ᠪᠦᠷ ᠭᠤᠲᠤᠭᠠᠨ ᠳᠣᠷᠣᠮᠵᠢᠯᠠᠵᠤ ᠪᠠᠢᠭ᠎ᠠ ᠪᠤᠰᠤ ᠤᠤ⁈
ᠲᠦᠰᠢᠮᠡᠯ᠄ ᠲᠡᠳᠡᠨ ᠢ᠋ ᠳᠣᠪᠲᠣᠯᠤᠨ ᠲᠣᠨᠢᠯᠭᠠᠶ᠎ᠠ!
ᠡᠩ!
ᠪᠦᠭᠦᠳᠡᠭᠡᠷ᠄ ᠲᠡᠭᠡᠶ᠎ᠡ ᠲᠡᠭᠡᠶ᠎ᠡ ᠲᠡᠭᠡᠶ᠎ᠡ ᠳᠡ! ᠦᠯᠳᠡᠨ ᠬᠥᠭᠡᠭᠡᠵᠡᠭᠡᠶ᠎ᠡ! ᠬᠥᠭᠡᠭᠡᠵᠡᠭᠡᠶ᠎ᠡ!
ᠵᠥᠪ ᠵᠥᠪ᠁
ᠮᠠᠢᠮᠠᠢᠴᠢᠳ ᠄ ᠮᠢᠬ᠎ᠠ ᠠᠪᠤᠭᠠᠷᠠᠢ! ᠮᠢᠬ᠎ᠠ ᠠᠪᠤᠭᠠᠷᠠᠢ!
( ᠳᠡᠪᠵᠢᠶᠡᠨ ᠱᠤᠤᠭᠢᠶᠠᠨ᠄ ᠁ ᠬᠦᠢ !ᠬᠦᠢ! !ᠴᠢ ᠠᠯᠢ ᠶ᠋ᠢ ᠨᠢ ᠠᠪᠬᠤ ᠪᠣᠢ?
᠁ ᠭᠠᠭᠴᠠᠬᠠᠨ ᠪᠠᠢᠨ᠎ᠠ ᠰᠢᠦ!)
ᠰᠤᠯᠠ ᠬᠥᠮᠦᠰ ᠄ ᠶᠠᠭᠤ ᠪᠣᠯᠪᠠ?
ᠬᠠᠭᠠᠨᠲᠠᠨ ᠮᠠᠨᠠᠢ ᠮᠠᠷᠭᠠᠰᠢ ᠥᠷᠯᠥᠭᠡ ᠲᠣᠯᠣᠭᠠᠢ ᠦᠭᠡᠢ ᠪᠣᠯᠬᠤ ᠶᠤᠮ ᠭᠡᠳᠡᠭ ᠨᠢ ᠦᠨᠡᠨ ᠦᠦ?
ᠶᠠᠭᠠᠬᠢᠭᠠᠳ ᠳᠡᠭᠡᠭᠡ ᠪᠣᠢ?
ᠰᠦᠮᠪᠦᠷ ᠠᠭᠤᠯᠠ ᠰᠢᠭ᠋ ᠠᠯᠲᠠ᠂ ᠰᠦᠨ ᠳᠠᠯᠠᠢ ᠰᠢᠭ᠋ ᠰᠦ᠂ ᠵᠠ᠂ ᠬᠡᠭᠡᠷ᠎ᠡ ᠲᠠᠯ᠎ᠠ ᠰᠢᠭ᠋ ᠲᠣᠷᠭ᠎ᠠ ᠭᠤᠶᠤᠭᠰᠠᠨ ᠶᠤᠮ ᠭᠡᠨ᠎ᠡ
ᠡᠨᠡ ᠴᠢᠨᠢ᠁?
ᠦᠭᠡᠢ ᠡᠨᠡ᠁ ᠦᠨᠡᠨ ᠪᠠᠢᠭ᠎ᠠ ᠯᠠ( ᠪᠢᠵᠡ) ᠳᠡ?
ᠬᠦᠦ᠄ ᠠᠪᠤ ᠠ᠋! ᠠᠪᠤ
ᠠᠪᠤ᠄ ( ᠰᠢᠦᠢ)
ᠬᠦᠦ᠄ ᠪᠢ ᠬᠠᠭᠠᠨ ᠡᠵᠡᠨ ᠳ᠋ᠦ᠍ ᠪᠠᠷᠠᠭᠠᠯᠠᠮᠠᠷ ᠪᠠᠢᠨ᠎ᠠ
ᠠᠪᠤ᠄ ᠶᠠᠭᠤ? ᠦᠭᠡᠢ ᠴᠢ ᠴᠢᠨᠢ ᠣᠳᠣ ᠶᠠᠭᠤ ᠶᠠᠷᠢᠵᠤ ᠪᠠᠢᠨ᠎ᠠ᠂ ᠠᠯᠳᠠᠰᠢ ᠪᠣᠯᠤᠨ᠎ᠠ᠂ ᠠᠷᠭ᠎ᠠ ᠤᠬᠠᠭᠠᠨ ᠬᠠᠢᠵᠤ ᠠᠮᠢ ᠨᠠᠭᠠᠨ᠎ᠠ ᠲᠠᠮᠤ ᠴᠠᠭᠠᠨ᠎ᠠ ᠪᠠᠢᠬᠤ ᠳ᠋ᠤ᠌ ᠨᠢ ᠶᠠᠭᠤᠨ ᠰᠠᠭᠠᠳ ᠬᠢᠬᠦ?
ᠬᠦᠦ᠄ ᠦᠭᠡᠢ ᠠᠪᠤ ᠠ᠋ ! ᠨᠠᠳᠠ ᠳ᠋ᠤ᠌ ᠨᠢᠭᠡ ᠬᠡᠷᠡᠭ ᠪᠠᠢᠨ᠎ᠠ᠂ ᠲᠠ ᠨᠠᠳᠠ ᠬᠠᠷᠢᠨ ᠲᠤᠰᠠ ᠪᠣᠯᠤᠭᠠᠴᠢ ᠳᠠ!
ᠬᠠᠭᠠᠨ᠄ ᠠᠢ᠁!
ᠰᠠᠩ ᠮᠢᠨᠢ ᠬᠡᠳᠦᠢ ᠠᠷᠪᠢᠨ ᠴᠤ᠌ ᠲᠡᠷᠡ ᠶᠡᠬᠡ ᠠᠯᠲᠠ᠂ ᠲᠣᠷᠭ᠎ᠠ᠂ ᠰᠦ ᠬᠠᠮᠢᠭ᠎ᠠ ᠠ᠋ᠴᠠ ᠪᠠᠢᠬᠤ ᠪᠢᠯᠡ ᠳᠠ! ᠳᠦᠭᠦᠷᠴᠡᠢ ᠳᠦᠭᠦᠷᠴᠡᠢ!!
ᠠᠪᠤ᠄ ᠬᠠᠭᠠᠨ ᠲᠠᠨ ᠊ᠤ ᠠᠮᠤᠷ ᠠᠮᠤᠭᠤᠯᠠᠩ ᠢ᠋ ᠠᠢᠯᠠᠳᠬᠠᠶ᠎ᠠ᠃ ᠬᠠᠭᠠᠨ᠄ ᠵᠠ᠂ ᠬᠡᠷᠡᠭ ᠵᠣᠷᠢᠭ ᠶᠠᠭᠤ ᠪᠢᠯᠡ?
ᠠᠪᠤ᠄ ᠦᠷᠤᠰᠢᠶᠨ᠂ ᠬᠠᠭᠠᠨᠲᠠᠨ ᠮᠢᠨᠢ᠂ ᠬᠦᠦ ᠮᠢᠨᠢ ᠲᠠᠨ ᠳ᠋ᠤ᠌ ᠪᠠᠷᠠᠯᠠᠬᠤ ᠭᠡᠵᠦ ᠭᠤᠶᠤᠭᠠᠳ ᠠ᠋᠁
ᠬᠠᠭᠠᠨ᠄ ᠨᠢᠳᠦᠨ ᠳ᠋ᠦ᠍ ᠪᠡᠨ ᠴᠣᠭ ᠲᠠᠢ᠂ ᠨᠢᠭᠤᠷ ᠲᠤ᠌ ᠪᠠᠨ ᠭᠠᠯ ᠲᠠᠢ ᠬᠦᠦ ᠮᠢᠨᠢ ᠴᠢ ᠶᠠᠭᠤ ᠪᠣᠢ?
ᠬᠦᠦ᠄ ᠵᠠ᠂ ᠪᠢ ᠬᠠᠭᠠᠨᠲᠠᠨ ᠤ᠋ ᠰᠡᠨᠳᠡᠢ ᠳ᠋ᠦ᠍ ᠰᠠᠭᠤᠵᠤ ᠨᠢᠭᠡ ᠦᠵᠡᠬᠦ ᠭᠡᠰᠡᠨ ᠶᠦᠮ᠃ ᠠᠪᠤ᠄ ᠶᠠ᠂ ᠲᠩᠷᠢ ᠮᠢᠨᠢ᠂ ᠴᠢ ᠴᠢᠨᠢ ᠶᠠᠭᠤ ᠬᠡᠯᠡᠨ᠎ᠡ ᠪᠣᠢ? ᠪᠤᠯᠢᠭᠠᠴᠢ᠂ᠪᠣᠯᠢ᠁
ᠬᠠᠭᠠᠨ᠄ ᠬᠠ ᠬᠠ ᠬᠠ᠂ ᠬᠦᠦ ᠮᠢᠨᠢ ᠬᠠᠭᠠᠨ ᠰᠠᠭᠤᠳᠠᠯ ᠢ᠋ ᠭᠤᠶᠤᠭᠰᠠᠨ ᠊ᠤ ᠵᠣᠷᠢᠭ ᠢ᠋ᠶ᠋ᠠᠷ ᠲᠠᠯᠪᠢᠵᠤ ᠥᠭᠳᠡᠭ ᠦᠭᠡᠢ ᠯᠡ ᠶᠦᠮ ᠰᠠᠨ᠂ ᠣᠳᠣ ᠶᠠᠭᠠᠬᠢᠶ᠎ᠠ ᠭᠡᠬᠦᠪ᠂ ᠴᠢ ᠰᠠᠭᠤᠭᠠᠳ ᠦᠵᠡᠯ ᠳᠡ᠂ ᠶᠠᠳᠠᠬᠤ ᠳ᠋ᠤ᠌ ᠪᠠᠨ ᠴᠢᠨᠦ ᠭᠤᠶᠤᠯᠲᠠ ᠶ᠋ᠢ ᠴᠦ᠍ ᠭᠡᠰᠡᠨ ᠶᠣᠰᠣᠭᠠᠷ ᠪᠣᠯᠭᠠᠭᠠᠳ ᠯᠠ ᠦᠬᠦᠶ᠎ᠡ᠃
( ᠣᠯᠠᠨ ᠬᠥᠮᠦᠨ ᠦᠢᠮᠡᠯᠳᠦᠬᠦ ᠰᠣᠨᠣᠰᠳᠠᠨ᠎ᠠ)
ᠬᠠᠭᠠᠨ᠄ ᠵᠠ ᠬᠦᠦ ᠮᠢᠨᠢ᠂ ᠪᠣᠰᠴᠤ ᠦᠵᠡ᠂ ᠴᠠᠭᠠᠨ᠎ᠠ ᠴᠢᠨᠢ ᠤᠯᠤᠰ ᠢᠷᠡᠭᠡᠳ ᠪᠠᠢᠬᠤ ᠰᠢᠭ᠋ ᠪᠠᠢᠨ᠎ᠠ᠂ ᠠᠶ᠎ᠠ ᠦᠭᠡᠢᠳᠡᠪᠡᠯ ᠬᠦᠦ ᠮᠢᠨᠢ ᠴᠢ ᠲᠣᠯᠣᠭᠠᠢ ᠦᠭᠡᠢ ᠪᠣᠯᠤᠨ᠎ᠠ ᠰᠢᠦ᠂ ᠬᠥᠭᠰᠢᠨ ᠪᠢ ᠶᠠᠭᠠᠬᠢᠬᠤ ᠪᠣᠢ ᠬᠦᠦ᠄ ᠬᠠᠭᠠᠨᠲᠠᠨ ᠮᠢᠨᠢ᠂ ᠲᠠ ᠪᠣᠯᠤᠭᠤᠭᠠᠨ ᠰᠣᠶᠣᠷᠬ᠎ᠠ᠂ ᠵᠠᠷᠯᠢᠭ ᠢ᠋ ᠴᠢᠨᠢ ᠪᠢ ᠭᠠᠭᠴᠨ ᠤᠳᠠᠭ᠎ᠠ ᠵᠥᠷᠢᠴᠡᠮᠡᠷ ᠪᠠᠢᠨ᠎ᠠ᠂ ᠢᠷᠡᠬᠦ ᠤᠯᠤᠰ ᠲᠠᠢ ᠪᠢ ᠠᠭᠤᠯᠵᠠᠶ᠎ᠠ᠃
ᠲᠦᠰᠢᠮᠡᠳ ᠄ ᠠ?!
ᠬᠦᠦ᠄ ᠬᠠᠷᠢᠨ ᠲᠠ ᠨᠠᠳᠠ ᠳ᠋ᠤ᠌ ᠳᠠᠩᠰᠠ᠂ ᡂᠢ᠂ ᠰᠢᠨᠠᠭ᠎ᠠ ᠭᠤᠷᠪᠠ ᠥᠭᠭᠥᠭᠡᠴᠢ!
ᠭᠤᠷᠪᠠᠨ ᠰᠢᠮᠨᠤ᠄ ᠠ?!
ᠬᠦᠦ᠄ ᠵᠠ᠂ ᠳᠠ ᠭᠤᠷᠪᠠ ᠶ᠋ᠢᠨ ᠬᠡᠨ ᠴᠢᠨᠢ ᠠᠯᠲᠠ ᠭᠤᠶᠤᠭᠰᠠᠨ ᠪᠢᠯᠡ? ᠠᠵᠠᠷ᠄ ᠵᠠ ᠪᠢ ᠪᠠᠢᠨ᠎ᠠ ᠃ ᠬᠦᠦ᠄ ᠮᠠᠢ᠂ ᠲᠠ ᠡᠨᠡ ᠳᠠᠩᠰᠠ ᠪᠠᠷ ᠰᠦᠮᠪᠦᠷ ᠠᠭᠤᠯᠠ ᠶ᠋ᠢ ᠬᠡᠮᠵᠢᠭᠡᠳ ᠢᠷᠡᠬᠦ ᠦᠭᠡᠢ ᠦᠦ? ᠰᠦᠮᠪᠦᠷ ᠠᠭᠤᠯᠠ ᠶ᠋ᠢᠨ ᠬᠢᠷᠢ ᠬᠦᠨᠳᠦ ᠶ᠋ᠢ ᠮᠡᠳᠡᠬᠦ ᠦᠭᠡᠢ ᠪᠣᠯᠬᠣᠷ ᠭᠤᠶᠤᠭᠰᠠᠨ ᠠᠯᠲᠠ ᠶ᠋ᠢ ᠴᠢᠨᠢ ᠥᠭᠴᠦ ᠴᠢᠳᠠᠬᠤ ᠦᠭᠡᠢ ᠪᠠᠢᠨ᠎ᠠ ᠳᠠ᠃ ᠬᠦᠦ᠄ ᠬᠡᠨ ᠴᠢᠨᠢ ᠬᠡᠭᠡᠷ᠎ᠡ ᠲᠠᠯ᠎ᠠ ᠶ᠋ᠢ ᠪᠦᠷᠬᠦᠬᠦ ᠲᠣᠷᠭ᠎ᠠ ᠭᠤᠶᠤᠭᠰᠠᠨ ᠪᠢᠯᠡ? ᠪᠠᠵᠠᠷ᠄ ᠵᠠ᠂ᠪᠢ ᠬᠦᠦ᠄ ᠲᠡᠭᠡᠪᠡᠯ᠂ ᠲᠠ ᠡᠨᠡ ᡂᠢ ᠪᠡᠷ ᠬᠡᠮᠵᠢᠭᠡᠳ ᠢᠷ᠎ᠡ ᠬᠡᠮᠵᠢᠭᠰᠡᠨ ᠲᠠᠯ᠎ᠠ ᠳ᠋ᠤ᠌ ᠴᠢᠨᠢ ᠲᠠᠯ᠎ᠠ ᠰᠢᠭ᠋ ᠲᠣᠷᠭ᠎ᠠ ᠦᠭᠭᠦᠨ᠎ᠡ᠃
ᠬᠦᠦ᠄ ᠬᠠᠷᠢᠨ ᠲᠠ ᠰᠦᠨ ᠳᠠᠯᠠᠢ ᠰᠢᠭ ᠰᠦ ᠬᠡᠷᠡᠭ ᠲᠡᠢ ᠭᠡᠯ᠎ᠡ ᠊ᠤᠤ?
ᠲᠠᠵᠠᠷ᠄ ᠵᠠ᠂ ᠲᠡᠢᠮᠦ ᠠ᠋
ᠬᠦᠦ᠄ ᠲᠡᠭᠡᠪᠡᠯ ᠡᠨᠡ ᠰᠢᠨᠠᠭ᠎ᠠ ᠪᠠᠷ ᠳᠠᠯᠠᠢ ᠶᠢᠨ ᠤᠰᠤ ᠶ᠋ᠢ ᠬᠡᠮᠵᠢᠭᠡᠳ ᠢᠷᠡᠬᠦ ᠦᠭᠡᠢ ᠦᠦ?
ᠲᠠᠵᠠᠷ᠄ ᠶᠠᠭᠤ᠁?
ᠬᠦᠦ᠄ ᠳᠠᠯᠠᠢ ᠶ᠋ᠢᠨ ᠬᠡᠮᠵᠢᠶ᠎ᠡ ᠶ᠋ᠢ ᠮᠡᠳᠡᠬᠦ ᠦᠭᠡᠢ ᠪᠣᠯᠬᠣᠷ ᠥᠭᠴᠦ ᠪᠣᠯᠤᠮ᠎ᠠ ᠦᠭᠡᠢ ᠪᠠᠢᠨ᠎ᠠ!
ᠲᠦᠰᠢᠮᠡᠳ᠄ ᠬᠠ ᠬᠠ ᠬᠠ᠁ ᠬᠡ ᠬᠠ ᠬᠠ᠁

      ᠬᠢᠨᠠᠭᠴᠢ᠄ ᠰᠢᠳᠤᠷᠭᠤ᠂ ᠮᠥᠴᠢᠷ᠂ ᠾᠦᠩ ᠸᠧᠢ᠂ ᠰᠡᠬᠡᠭᠡᠷᠡᠯ᠂ ᠣᠳᠬᠠᠨᠰᠸ᠎ᠠ
      ᠦᠰᠦᠭ ᠬᠠᠲᠠᠭᠰᠠᠨ ᠨᠢ᠄ ᠡᠷᠳᠡᠨᠢᠪᠢᠯᠢᠭ
      ᠦᠰᠦᠭ ᠠᠮᠢᠯᠠᠭᠤᠯᠤᠭᠰᠠᠨ ᠨᠢ᠄ ᠬᠠᠰᠴᠢᠮᠡᠭ ᠡᠷᠳᠡᠨᠢᠪᠢᠯᠢᠭ