ᠵᠥᠪ ᠡᠨᠧᠷᠭᠢЗөв энерги ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠥᠪ ᠡᠨᠧᠷᠭᠢЗөв энерги

ᠵᠥᠪ ᠡᠨᠧᠷᠭᠢЗөв энерги

2023-11-24

687

ᠵᠥᠪ ᠡᠨᠧᠷᠭᠢ

ᠥᠷᠯᠥᠭᠡ ᠡᠷᠲᠡᠯᠡᠭᠡᠳ ᠭᠦᠶᠦᠵᠦ ᠪᠠᠢ 
ᠡᠷᠡᠭᠦᠯ ᠴᠢᠭᠢᠷᠠᠭ ᠢᠷᠡᠬᠦ ᠶᠦᠮ 
ᠡᠳᠦᠷ ᠪᠦᠷᠢ ᠢᠨᠢᠶᠡᠵᠦ ᠪᠠᠢ 
ᠡᠪᠡᠳᠴᠢᠨ ᠡᠮᠭᠡᠭ ᠠᠷᠢᠯᠬᠤ ᠶᠤᠮ᠂ 
ᠥᠴᠦᠬᠡᠨ ᠤᠴᠢᠷ ᠢ᠋ ᠮᠠᠷᠲᠠᠵᠤ ᠪᠠᠢ 
ᠦᠷᠭᠦᠯᠵᠢ ᠲᠠᠷᠢᠬᠢ ᠰᠡᠷᠭᠡᠭ ᠶᠦᠮ᠂ 
ᠥᠩᠭᠡᠪᠴᠢ ᠬᠠᠭᠤᠷᠮᠠᠴᠢ ᠶ᠋ᠢ ᠲᠠᠶᠠᠭᠳᠠᠵᠤ ᠪᠠᠢ 
ᠦᠷᠦ ᠵᠢᠷᠦᠬᠡ ᠠᠮᠤᠷᠵᠢᠬᠤ ᠶᠤᠮ᠃ 
ᠦᠳᠡᠯᠦᠭᠡ ᠪᠠᠭᠤᠷᠠᠢ ᠪᠠᠨ ᠲᠡᠳᠬᠦᠵᠦ ᠪᠠᠢ 
ᠥᠲᠡᠯᠬᠦ ᠶ᠋ᠢᠨ ᠦᠵᠦᠭᠦᠷ ᠵᠢᠷᠭᠠᠬᠤ ᠶᠤᠮ᠂ 
ᠦᠰᠦᠭ ᠪᠢᠴᠢᠭ ᠢ᠋ᠶ᠋ᠡᠨ ᠬᠡᠷᠡᠭᠯᠡᠵᠦ ᠪᠠᠢ 
ᠥᠮᠥᠭ ᠲᠦᠰᠢᠭ ᠪᠣᠯᠬᠤ ᠶᠤᠮ᠂
ᠦᠨᠡᠨ ᠦᠭᠡ ᠶ᠋ᠢ ᠬᠡᠯᠡᠵᠦ ᠪᠠᠢ
ᠭᠠᠩ ᠪᠣᠯᠣᠳ ᠬᠠᠢᠯᠬᠤ ᠶᠤᠮ᠂
ᠦᠨᠡᠨᠴᠢ ᠰᠡᠳᠬᠢᠯ ᠠᠬᠤᠭᠤᠯᠵᠤ ᠪᠠᠢ
ᠭᠠᠵᠠᠷ ᠲᠩᠷᠢ ᠤᠶᠠᠷᠠᠬᠤ ᠶᠤᠮ᠂
ᠥᠭᠡᠬᠦ ᠰᠢᠬᠢᠷ ᠢ᠋ ᠪᠠᠭᠠᠳᠠᠭᠤᠯᠵᠤ ᠪᠠᠢ
ᠴᠢᠰᠤᠨ ᠳᠠᠷᠤᠯᠲᠠ ᠴᠢᠨᠢ ᠲᠡᠭᠰᠢᠷᠡᠬᠦ ᠶᠦᠮ᠂
ᠥᠩᠭᠡ ᠳᠡᠷᠡᠰᠦᠨ ᠡᠴᠡ ᠬᠣᠯᠠᠳᠠᠵᠤ ᠪᠠᠢ
ᠴᠢᠷᠠᠢ ᠨᠢᠭᠤᠷ ᠴᠢᠨᠢ ᠭᠢᠯᠪᠠᠬᠤ ᠶᠤᠮ᠂
ᠢᠳᠡᠵᠦ ᠴᠠᠳᠤᠭᠰᠠᠭᠠᠷ ᠬᠥᠳᠡᠯᠵᠦ ᠪᠠᠢ
ᠶᠡᠷᠡ ᠶᠢᠰᠦᠨ ᠨᠠᠰᠤᠯᠠᠬᠤ ᠶᠤᠮ᠂
ᠢᠷᠡᠬᠦ ᠮᠠᠷᠭᠠᠰᠢ ᠪᠠᠨ ᠢᠲᠡᠭᠡᠵᠦ ᠪᠠᠢ
ᠶᠢᠰᠦᠨ ᠬᠦᠰᠡᠯ ᠴᠢᠨᠢ ᠪᠡᠶᠡᠯᠡᠬᠦ ᠶᠦᠮ᠂
ᠠᠪᠤ ᠡᠵᠢ ᠪᠡᠨ ᠠᠴᠢᠯᠠᠵᠤ ᠪᠠᠢ
ᠠᠷᠪᠠᠨ ᠪᠤᠶᠠᠨ ᠴᠢᠨᠢ ᠳᠡᠯᠭᠡᠷᠡᠬᠦ ᠶᠦᠮ᠂
ᠠᠪᠠᠯᠢ ᠨᠥᠬᠥᠷ ᠲᠡᠭᠡᠨ ᠦᠨᠡᠨᠴᠢ ᠪᠠᠢ
ᠠᠳᠠᠯ ᠠᠮᠢᠳᠤᠷᠠᠯ ᠴᠢᠨᠢ ᠥᠭᠡᠳᠡᠯᠡᠬᠦ ᠶᠦᠮ᠂
ᠪᠤᠰᠤᠳ ᠢ᠋ ᠦᠷᠭᠦᠯᠵᠢ ᠲᠤᠰᠠᠯᠠᠵᠤ ᠪᠠᠢ
ᠪᠤᠷᠬᠠᠨ ᠲᠩᠷᠢ ᠢᠪᠡᠭᠡᠬᠦ ᠶᠦᠮ᠂
ᠪᠤᠰᠤᠳ ᠤ᠋ᠨ ᠲᠤᠰᠠ ᠶ᠋ᠢ ᠴᠡᠭᠡᠵᠢᠯᠡᠵᠦ ᠪᠠᠢ
ᠪᠣᠳᠣᠯ ᠰᠠᠨᠠᠭ᠎ᠠ ᠠᠷᠢᠭᠤᠰᠬᠤ ᠶᠤᠮ᠂
ᠰᠠᠷᠠᠭᠤᠯ ᠤᠬᠠᠭᠠᠨ ᠡᠪᠦᠷᠯᠡᠵᠦ ᠪᠠᠢ
ᠰᠠᠢᠨ ᠡᠨᠧᠷᠭᠢ ᠬᠤᠷᠠᠬᠤ ᠶᠤᠮ᠂
ᠰᠠᠢᠬᠠᠨ ᠰᠠᠨᠠᠭ᠎ᠠ ᠬᠦᠪᠦᠷᠡᠭᠦᠯᠵᠦ ᠪᠠᠢ
ᠰᠠᠢᠨ ᠤ᠋ ᠮᠥᠷ ᠲᠣᠳᠣᠷᠠᠬᠤ ᠶᠤᠮ ᠠ᠋᠃

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠣᠳᠬᠠᠰᠤ᠎ᠠ

   ᠢᠷᠡᠯᠲᠡ᠄ ᠰᠦᠯᠵᠢᠶᠡᠨ ᠳᠡᠭᠡᠷ᠎ᠡ ᠡᠴᠡ ᠣᠯᠵᠠᠢ᠃