ᠮᠣᠷᠢᠨ ᠤ᠋ ᠮᠠᠭᠠᠵᠢᠭᠤᠷМорны маажуур-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-16ᠤ᠋· ᠰ· ᠬᠥᠭᠵᠢᠯᠲᠦ
ᠮᠣᠷᠢᠨ ᠤ᠋ ᠮᠠᠭᠠᠵᠢᠭᠤᠷ
ᠪ· ᠰ ᠬᠥᠭᠵᠢᠯᠲᠦ ᠵᠣᠷᠢᠭᠲᠤ
ᠮᠣᠩᠭᠣᠯ ᠠᠢᠯ ᠪᠣᠯᠭᠠᠨ ᠨᠢ ᠤᠨᠤᠭᠠᠷᠢ ᠶ᠋ᠢᠨ ᠬᠡᠳᠦᠨ ᠮᠣᠷᠢ᠂ ᠤᠷᠤᠯᠳᠤᠭᠠᠨ ᠤ᠋ ᠬᠤᠷᠳᠤᠨ ᠠᠭᠲᠠ ᠲᠠᠢ ᠪᠠᠢᠳᠠᠭ ᠪᠥᠭᠡᠳ ᠡᠨᠡ ᠰᠠᠢᠬᠠᠨ ᠬᠦᠯᠦᠭ ᠦ᠋ᠳ ᠢ᠋ᠶ᠋ᠡᠨ ᠰᠤᠷᠯᠢᠭ ᠪᠠᠢᠯᠭᠠᠬᠤ ᠶ᠋ᠢᠨ ᠲᠥᠯᠥᠭᠡ ᠦᠷᠭᠦᠯᠵᠢ ᠲᠤᠰᠬᠠᠢ ᠬᠢᠭᠰᠡᠨ ᠮᠠᠭᠠᠵᠢᠭᠤᠷ ᠢ᠋ᠶ᠋ᠠᠷ ᠦᠰᠦ ᠳᠠᠭᠠᠬᠢ ᠶ᠋ᠢ ᠨᠢ ᠮᠠᠭᠠᠵᠢᠵᠤ ᠠᠷᠠᠴᠢᠯᠠᠳᠠᠭ᠃ ᠶᠠᠭᠤᠨ ᠤ᠋ ᠡᠮᠦᠨ᠎ᠡ᠂ ᠮᠠᠭᠠᠵᠢᠭᠤᠷ ᠪᠣᠯ ᠬᠥᠮᠦᠨ ᠮᠣᠷᠢ ᠡᠨᠡᠭᠰᠢᠵᠦ ᠳᠠᠰᠬᠤ ᠶ᠋ᠢᠨ ᠳᠣᠮᠨᠣᠭᠤᠷ ᠮᠥᠨ᠃ ᠲᠤᠰᠬᠠᠢ ᠬᠢᠭᠰᠡᠨ ᠮᠠᠭᠠᠵᠢᠭᠤᠷ ᠢ᠋ᠶ᠋ᠠᠷ ᠮᠣᠷᠢ ᠪᠠᠨ ᠮᠠᠭᠠᠵᠢᠬᠤ ᠨᠢ ᠰᠢᠨ᠎ᠡ ᠬᠠᠭᠤᠴᠢᠨ ᠦᠰᠦ ᠰᠤᠷ ᠤ᠋ᠨ ᠬᠢᠨᠢ ᠰᠣᠯᠢᠯᠴᠠᠭ᠎ᠠ ᠶ᠋ᠢ ᠠᠬᠢᠭᠤᠯᠬᠤ ᠪᠠᠷ ᠪᠠᠷᠠᠬᠤ ᠦᠭᠡᠢ᠂ ᠠᠷᠠᠰᠤᠨ ᠳᠣᠣᠷᠠᠬᠢ ᠴᠢᠰᠤᠨ ᠤ᠋ ᠰᠣᠯᠢᠯᠴᠠᠭ᠎ᠠ ᠶ᠋ᠢ ᠴᠤ᠌ ᠠᠬᠢᠭᠤᠯᠵᠤ ᠦᠰᠦ ᠰᠤᠷ ᠢ᠋ ᠨᠢ ᠤᠯᠠᠮ ᠭᠢᠯᠲᠠᠭᠠᠨᠠᠮ᠎ᠠ ᠪᠣᠯᠭᠠᠵᠤ ᠥᠩᠭᠡ ᠵᠢᠰᠦ ᠣᠷᠣᠭᠤᠯᠳᠠᠭ᠃ ᠮᠠᠭᠠᠵᠢᠬᠤ ᠨᠢ ᠵᠠᠭᠠᠲᠤᠨᠠᠬᠤ ᠶ᠋ᠢ ᠵᠣᠭᠰᠣᠭᠠᠵᠤ ᠲᠠᠭᠠᠯᠠᠮᠵᠢᠲᠠᠢ ᠪᠣᠯᠭᠠᠳᠠᠭ ᠪᠥᠭᠡᠳ ᠡᠵᠡᠨ ᠨᠢ ᠢᠯᠢᠵᠦ ᠮᠠᠭᠠᠵᠢᠬᠤ ᠶ᠋ᠢᠨ ᠳᠠᠭᠠᠤ ᠮᠣᠷᠢ ᠲᠠᠢ ᠪᠠᠨ ᠶᠠᠷᠢᠯᠴᠠᠵᠤ᠂ ᠭᠠᠪᠢᠶ᠎ᠠ ᠵᠢᠳᠬᠦᠯ ᠢ᠋ ᠨᠢ ᠮᠠᠭᠲᠠᠵᠤ ᠡᠩᠬᠦᠷᠡᠢᠯᠡᠳᠡᠭ ᠡᠴᠡ ᠡᠵᠡᠨ ᠦ᠌ ᠪᠡᠨ ᠦᠭᠡ ᠶ᠋ᠢ ᠣᠢᠯᠠᠭᠠᠵᠤ ᠵᠠᠩ ᠢ᠋ ᠮᠡᠳᠡᠳᠡᠭ ᠬᠤᠷᠳᠤᠨ ᠬᠦᠯᠦᠭ ᠲᠦ ᠨᠢᠭᠡ ᠵᠦᠢᠯ ᠦ᠋ᠨ ᠲᠠᠢᠳᠬᠤᠷᠠᠯ ᠪᠣᠯᠳᠠᠭ᠃ ᠡᠢᠮᠦ ᠡᠴᠡ ᠮᠠᠭᠠᠵᠢᠭᠤᠷ ᠪᠣᠯ ᠠᠵᠢᠨᠠᠢ ᠬᠦᠯᠦᠭ ᠪᠠ ᠡᠵᠡᠨ ᠬᠣᠶᠠᠭᠤᠯᠠ ᠬᠠᠷᠢᠯᠴᠠᠨ ᠡᠨᠡᠭᠰᠢᠬᠦ ᠶ᠋ᠢᠨ ᠳᠣᠮᠨᠣᠭᠤᠷ ᠶᠤᠮ᠃ ᠬᠣᠶᠠᠷ ᠲᠤ᠂ ᠮᠠᠭᠠᠵᠢᠭᠤᠷ ᠤ᠋ᠨ ᠦᠵᠦᠭᠦᠷ ᠪᠣᠯ ᠲᠤᠭᠤᠷᠠᠢ ᠳ᠋ᠤ᠌ ᠨᠠᠭᠠᠯᠳᠤᠭᠰᠠᠨ ᠦᠲᠦᠭ ᠰᠢᠭᠡᠭ ᠢ᠋ ᠠᠷᠢᠯᠭᠠᠬᠤ ᠠᠯᠤᠬ᠎ᠠ ᠮᠥᠨ᠃ ᠲᠤᠰᠬᠠᠢ ᠬᠢᠴᠡ ᠲᠡᠢ ᠮᠠᠭᠠᠵᠢᠭᠤᠷ ᠤ᠋ᠨ ᠲᠣᠯᠣᠭᠠᠢ ᠳᠡᠭᠡᠷ᠎ᠡ ᠨᠢ ᠵᠢᠭᠠᠬᠠᠨ ᠱᠣᠷᠣ ᠲᠠᠢ ᠪᠥᠭᠡᠳ ᠪᠠᠷᠢᠭᠤᠯ ᠳᠡᠭᠡᠷ᠎ᠡ ᠨᠢ ᠳᠥᠷᠪᠡᠯᠵᠢᠨ ᠨᠦᠬᠡ ᠲᠡᠢ ᠪᠠᠢᠳᠠᠭ᠃ ᠡᠪᠦᠯ ᠦ᠋ᠨ ᠴᠠᠭ ᠲᠤ ᠮᠣᠷᠢᠨ ᠵᠥᠴᠢᠶ᠎ᠡ ᠶ᠋ᠢᠨ ᠦᠲᠦᠭ ᠰᠢᠭᠡᠭ ᠨᠢ ᠲᠤᠭᠤᠷᠠᠢ ᠳᠣᠣᠷ᠎ᠠ ᠨᠢ ᠨᠠᠭᠠᠯ ᠲᠤ ᠵᠤ ᠬᠥᠯᠳᠡᠭᠡᠳ ᠮᠣᠷᠢ ᠠᠯᠬᠤᠵᠤ ᠭᠢᠰᠬᠢᠵᠦ ᠪᠣᠯᠬᠤ ᠦᠭᠡᠢ ᠪᠣᠯᠳᠠᠭ᠃ ᠮᠠᠭᠠᠵᠢᠭᠤᠷ ᠤ᠋ᠨ ᠵᠢᠭᠠᠬᠠᠨ ᠪᠤᠯᠲᠠᠢᠵᠤ ᠭᠠᠷᠤᠭᠰᠠᠨ ᠦᠵᠦᠭᠦᠷ ᠪᠣᠯ ᠡᠢᠮᠦᠷᠬᠦᠦ ᠬᠥᠯᠳᠡᠭᠦᠦ ᠰᠢᠷᠣᠢ ᠶ᠋ᠢ ᠠᠷᠢᠯᠭᠠᠬᠤ ᠲᠤᠰᠬᠠᠢ ᠪᠠᠭᠠᠵᠢ ᠮᠥᠨ᠃ ᠡᠨᠡ ᠬᠦ᠌ ᠦᠵᠦᠭᠦᠷ ᠨᠢ ᠤᠷᠲᠤ ᠣᠬᠣᠷ ᠨᠢ ᠲᠣᠬᠢᠷᠠᠮᠵᠢᠲᠠᠢ᠂ ᠲᠤᠰᠬᠠᠢ ᠲᠣᠪᠯᠠᠵᠤ ᠬᠢᠭᠰᠡᠨ ᠲᠤᠯᠠ ᠲᠤᠭᠤᠷᠠᠢ ᠶ᠋ᠢᠨ ᠭᠠᠬᠠᠢ ᠪᠤᠶᠤ ᠵᠥᠭᠡᠯᠡᠨ ᠤᠯᠠ ᠶ᠋ᠢ ᠰᠢᠷᠬᠠᠲᠤᠭᠤᠯᠬᠤ ᠦᠭᠡᠢ ᠪᠠᠢᠳᠠᠭ ᠤᠬᠠᠭᠠᠨ ᠲᠠᠢ᠃ ᠭᠤᠷᠪᠠ ᠳ᠋ᠤ᠌᠂ ᠪᠠᠷᠢᠭᠤᠯ ᠨᠢ ᠲᠠᠬ᠎ᠠ ᠶ᠋ᠢᠨ ᠬᠠᠳᠠᠭᠠᠰᠤ ᠶ᠋ᠢ ᠵᠠᠰᠠᠬᠤ ᠥᠷᠥᠯᠪᠢ ᠮᠥᠨ᠃ ᠵᠠᠮ ᠶᠠᠪᠤᠬᠤ᠂ ᠬᠤᠷᠳᠤᠨ ᠳᠠᠪᠬᠢᠬᠤ ᠠ᠋ᠴᠠ ᠪᠣᠯᠤᠭᠠᠳ ᠲᠠᠬᠠᠨ ᠬᠠᠳᠠᠭᠠᠰᠤ ᠦᠷᠭᠦᠯᠵᠢ ᠬᠠᠵᠠᠢᠬᠤ ᠪᠤᠶᠤ ᠮᠤᠷᠤᠢᠳᠠᠭ᠃ ᠮᠠᠭᠠᠵᠢᠭᠤᠷ ᠤ᠋ᠨ ᠪᠠᠷᠢᠭᠤᠯ ᠳᠡᠭᠡᠷ᠎ᠡ ᠪᠠᠢᠭ᠎ᠠ ᠳᠥᠷᠪᠡᠯᠵᠢᠨ ᠨᠦᠬᠡ ᠪᠣᠯ ᠬᠠᠳᠠᠭᠠᠰᠤᠨ ᠲᠣᠯᠣᠭᠠᠢ ᠬᠠᠵᠠᠢᠬᠤ ᠶ᠋ᠢ ᠵᠠᠰᠠᠬᠤ ᠬᠡᠷᠡᠭᠴᠡᠭᠡ ᠲᠡᠢ ᠪᠥᠭᠡᠳ ᠭᠠᠷ ᠲᠤ ᠡᠪᠲᠡᠢ᠂ ᠬᠦᠴᠦᠨ ᠳ᠋ᠦ᠍ ᠠᠷᠪᠢᠲᠠᠢ ᠥᠷᠥᠯᠪᠢ ᠶᠦᠮ᠃
ᠦᠰᠦᠭ ᠠᠮᠢᠯᠠᠭᠤᠯᠤᠭᠴᠢ᠄ ᠣᠶᠤᠨᠴᠡᠴᠡᠭ
ᠬᠢᠨᠠᠭᠴᠢ ᠄ ᠵ᠂ ᠪᠤᠶᠠᠨᠲᠣᠭᠲᠠᠬᠤ
ᠶᠡᠷᠦᠩᠬᠡᠢ ᠬᠢᠨᠠᠭᠴᠢ᠄ ᠤᠳᠬᠠᠨᠰᠤ᠎ᠠ
ᠢᠷᠡᠯᠲᠡ᠄ ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ
2023᠂11᠂18