ᠬᠤᠯᠠᠭᠠᠢ ᠰᠣᠷᠣᠭᠰᠠᠨ ᠨᠢ – ᠴ ᠂ ᡀᠠᠮᠣᠰᠦ᠋ᠷᠦᠩ Хулгай сурсан нь – Ч ᠂ Лхамсүрэн
ᠬᠤᠯᠠᠭᠠᠢ ᠰᠣᠷᠣᠭᠰᠠᠨ ᠨᠢ
ᠴ ᠂ ᡀᠠᠮᠣᠰᠦ᠋ᠷᠦᠩ
( ᠱᠣᠭ ᠥᠭᠦᠯᠡᠯᠭᠡ)
ᠠᠷᠠᠳ ᠤ᠋ᠨ ᠵᠠᠰᠠᠭ ᠤ᠋ᠨ ᠡᠮᠦᠨ᠎ᠡ ᠦᠶ᠎ᠡ ᠳ᠋ᠦ᠍ ᠠᠢᠮᠠᠭ ᠬᠤᠰᠢᠭᠤᠨ ᠳ᠋ᠠᠭᠠᠨ ᠠᠯᠳᠠᠷᠲᠠᠢ ᠰᠠᠢᠨ ᠡᠷ᠎ᠡ ᠪᠠᠢᠵᠠᠢ᠃ ᠲᠡᠷᠡ ᠰᠠᠢᠨ ᠡᠷ᠎ᠡ ᠥᠪᠡᠷ ᠦ᠋ᠨ ᠢ᠋ᠶ᠋ᠡᠨ ᠠᠢᠮᠠᠭ ᠬᠣᠰᠢᠭᠤ ᠬᠠᠷᠠᠵᠤ ᠠᠷᠠᠳ ᠤ᠋ᠨ ᠡᠳ᠋ ᠭᠦᠷᠦᠩᠭᠡᠨ ᠳ᠋ᠦ᠍ ᠬᠢᠮᠤᠰᠤᠨ ᠤ᠋ ᠴᠢᠨᠡᠭᠡ ᠴᠤ᠌ ᠬᠦᠷᠳᠡᠭ ᠦᠭᠡᠢ ᠤᠴᠢᠷ ᠲᠡᠭᠦᠨ ᠢ᠋ ᠨᠤᠲᠤᠭ ᠤ᠋ᠨ ᠬᠢᠨ ᠰᠠᠢᠨ ᠰᠢᠷᠠᠪ ᠭᠡᠳᠡᠭ ᠪᠣᠯᠵᠠᠢ᠃ ᠰᠠᠢᠨ ᠰᠢᠷᠠᠪ ᠭᠤᠸᠠᠢ ᠨᠠᠰᠤ ᠪᠠᠨ ᠵᠢᠷᠠ ᠭᠠᠷᠤᠭᠰᠠᠨ ᠠ᠋ᠴᠠ ᠬᠣᠢᠰᠢ ᠬᠤᠯᠠᠭᠠᠢ ᠬᠢᠬᠦ ᠪᠡᠨ ᠪᠣᠯᠢᠵᠤ ᠭᠠᠯ ᠤ᠋ᠨ ᠢᠯᠴᠢ ᠪᠠᠷᠠᠳᠠᠨ ᠭᠡᠷ ᠦ᠋ᠨ ᠮᠤᠬᠤᠷ ᠰᠠᠬᠢᠵᠤ ᠰᠠᠭᠤᠬᠤ ᠪᠣᠯᠵᠠᠢ᠃ ᠲᠡᠷᠡ ᠨᠤᠲᠤᠭ ᠳᠤ ᠪᠠᠨ ᠪᠤᠲᠠ ᠪᠤᠭ ᠨᠡᠢᠯᠡᠭᠰᠡᠨ ᠮᠢᠩᠭ᠎ᠠ ᠰᠢᠬᠠᠮ ᠮᠠᠯ ᠲᠠᠢ ᠯᠤᠪᠰᠠᠩᠬᠦᠦ ᠶ᠋ᠢᠨ ᠬᠢ ᠭᠡᠵᠦ ᠨᠢᠭᠡ ᠠᠢᠯ ᠪᠠᠢᠵᠠᠢ᠃ ᠯᠤᠪᠰᠠᠩᠬᠦᠦ ᠡᠬᠡᠨᠡᠷ ᠲᠡᠢ ᠪᠡᠨ ᠬᠣᠶᠠᠭᠤᠯᠠ ᠠᠵᠠᠢ᠃ ᠲᠡᠳᠡᠨ ᠦ ᠬᠢ ᠨᠢᠭᠡ ᠵᠣᠨ ᠰᠠᠢᠨ ᠰᠢᠷᠠᠪ ᠤᠨ ᠬᠢ ᠲᠠᠢ ᠵᠣᠷᠢᠭᠤᠳᠠ ᠰᠠᠭᠠᠬᠠᠯᠲᠠ ᠪᠠᠭᠤᠵᠤ ᠪᠠᠢᠨ ᠪᠠᠢᠨ ᠠᠢᠯᠴᠢᠯᠠᠨ ᠢᠷᠡᠵᠦ ᠵᠠᠯᠠᠭᠤ ᠳ᠋ᠠᠭᠠᠨ ᠬᠤᠯᠠᠭᠠᠢ ᠬᠢᠵᠦ ᠶᠠᠪᠤᠭᠰᠠᠨ ᠢ᠋ ᠨᠢ ᠰᠠᠢᠨ ᠰᠢᠷᠠᠪ ᠢ᠋ᠶ᠋ᠠᠷ ᠶᠠᠷᠢᠭᠤᠯᠵᠤ ᠡᠳᠦᠷᠵᠢᠨ ᠰᠠᠭᠤᠳᠠᠭ ᠪᠣᠯᠵᠠᠢ᠃ ᠪᠠᠢᠨ ᠪᠠᠢᠭᠰᠠᠭᠠᠷ ᠶᠡᠷᠦ ᠨᠢ ᠰᠠᠢᠨ ᠡᠷ᠎ᠡ ᠪᠣᠯᠵᠤ ᠬᠤᠯᠠᠭᠠᠢ ᠬᠢᠶ᠎ᠡ ᠪᠠᠢᠵᠠ᠂ ᠶᠣᠰᠣᠲᠠᠢ ᠡᠷ᠎ᠡ ᠬᠥᠮᠦᠨ ᠦ᠌ ᠬᠢᠳᠡᠭ ᠬᠡᠢ ᠮᠣᠷᠢ ᠲᠠᠢ ᠠᠵᠢᠯ ᠪᠠᠢᠨ᠎ᠠ᠃ ᠰᠠᠢᠨ ᠬᠤᠯᠠᠭᠠᠢᠴᠢ ᠪᠣᠯᠪᠠᠯ ᠲᠤᠩ ᠠᠮᠠᠷᠬᠠᠨ ᠪᠠᠶᠠᠵᠢᠬᠤ ᠶᠤᠮ ᠪᠠᠢᠨ᠎ᠠ ᠭᠡᠵᠦ ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠪᠣᠯᠳᠠᠭ ᠪᠣᠯᠵᠠᠢ᠃ ᠡᠨᠡ ᠰᠠᠨᠠᠭ᠎ᠠ ᠪᠣᠳᠣᠯ ᠢ᠋ᠶ᠋ᠠᠨ ᠡᠬᠡᠨᠡᠷ ᠲᠡᠭᠡᠨ ᠬᠡᠯᠡᠬᠦ ᠳ᠋ᠦ᠍ ᠤᠤᠬᠠᠢ ᠶ᠋ᠢᠨ ᠳᠡᠰ ᠳᠤᠷᠠᠲᠠᠢ ᠪᠠᠢᠵᠠᠢ᠃ ᠲᠡᠭᠡᠭᠡᠳ ᠯᠤᠪᠰᠠᠩᠬᠦᠦ ᠰᠠᠢᠨ ᠰᠢᠷᠠᠪ ᠤ᠋ᠨ ᠳ᠋ᠤ᠌ ᠳᠠᠬᠢᠨ ᠳᠠᠬᠢᠨ ᠢᠷᠡᠵᠦ ᠬᠤᠯᠠᠭᠠᠢ ᠬᠢᠬᠦ ᠠᠷᠭ᠎ᠠ ᠤᠬᠠᠭᠠᠨ ᠵᠢᠭᠠᠵᠤ ᠠᠯᠢ᠂ ᠪᠢ ᠵᠠᠪᠠᠯ ᠰᠤᠷᠤᠨ᠎ᠠ᠂ ᠶᠡᠷᠦ ᠨᠢ ᠰᠢᠭᠢᠷ᠎ᠡ ᠶ᠋ᠢ ᠴᠢᠨᠢ ᠬᠠᠲᠠᠭᠠᠵᠤ ᠵᠠᠯᠭᠠᠮᠵᠢᠯᠠᠨ ᠥᠪᠯᠡᠶ᠎ᠡ ᠭᠡᠵᠦ ᠥᠭᠡᠳᠡ ᠤᠷᠤᠭᠤ ᠦᠭᠡᠢ ᠱᠠᠯᠠᠭᠠᠳ ᠰᠠᠯᠬᠤ ᠪᠠᠨ ᠪᠣᠯᠢᠵᠠᠢ᠃ ᠴᠢ ᠬᠤᠯᠠᠭᠠᠢ ᠬᠢᠵᠦ ᠶᠠᠭᠠᠬᠢᠭᠰᠠᠨ ᠴᠤ᠌ ᠴᠢᠳᠠᠬᠤ ᠦᠭᠡᠢ᠂ ᠲᠡᠷᠡ ᠴᠢᠨᠢ ᠲᠡᠢᠮᠦ ᠠᠮᠠᠷ ᠠᠵᠢᠯ ᠪᠢᠰᠢ᠃ ᠬᠡᠷᠪᠡ ᠴᠢᠮ᠎ᠠ ᠶ᠋ᠢ ᠬᠤᠯᠠᠭᠠᠢ ᠰᠤᠷᠴᠢᠬᠠᠳᠠᠭ ᠶᠤᠮ ᠪᠣᠯ ᠪᠢ ᠡᠨᠡ ᠭᠠᠩᠰᠠ ᠪᠠᠨ ᠵᠦᠭᠡᠷ ᠥᠭᠭᠦᠴᠢᠭᠡᠨᠡ ᠭᠡᠵᠦ ᠲᠥᠭᠡ ᠤᠷᠲᠤ ᠴᠢᠯᠠᠭᠤᠨ ᠰᠣᠷᠣᠭᠤᠯ ᠲᠠᠢ ᠭᠠᠩᠰᠠ ᠪᠠᠨ ᠰᠠᠢᠨ ᠰᠢᠷᠠᠪ ᠭᠠᠷᠭᠠᠬᠤ ᠳ᠋ᠤ᠌ ᠯᠤᠪᠰᠠᠩᠬᠦᠦ ᠶ᠋ᠢᠨ ᠬᠣᠷᠣᠬᠠᠢ ᠨᠢ ᠬᠦᠷᠴᠦ ᠰᠢᠨᠤᠯ ᠨᠢ ᠰᠢᠲᠠᠵᠠᠢ᠃ ᠵᠠᠪᠠᠯ ᠴᠢᠳᠠᠨ᠎ᠠ᠂ ᠬᠥᠮᠦᠨ ᠦ᠌ ᠴᠢᠳᠠᠭᠰᠠᠨ ᠢ᠋ ᠪᠢ ᠶᠠᠭᠠᠬᠢᠭᠠᠳ ᠴᠢᠳᠠᠬᠤ ᠦᠭᠡᠢ ᠪᠠᠢᠬᠤᠪ ᠭᠡᠬᠦ ᠳ᠋ᠦ᠍᠂ ᠬᠡᠷᠪᠡ ᠴᠢᠳᠠᠬᠤ ᠦᠭᠡᠢ ᠪᠣᠯ ᠶᠠᠭᠠᠬᠢᠬᠤᠪ ᠭᠡᠵᠦ ᠰᠠᠢᠨ ᠰᠢᠷᠠᠪ ᠠᠰᠠᠭᠤᠵᠠᠢ᠃
ᠯᠤᠪᠰᠠᠩᠬᠦᠦ ᠰᠢᠯᠢ ᠪᠡᠨ ᠮᠠᠭᠠᠵᠢᠯᠠᠨ ᠰᠠᠭᠤᠭᠰᠠᠨ ᠢᠶᠠᠨ ᠲᠡᠭᠡᠪᠡᠯ ᠪᠢ ᠠᠵᠠᠷᠭ᠎ᠠ ᠠᠳᠤᠭᠤ ᠲᠠᠰᠤᠯᠵᠤ ᠥᠭᠭᠦᠨ᠎ᠡ ᠭᠡᠵᠦ ᠴᠡᠭᠡᠵᠢ ᠬᠠᠩᠬᠠᠯᠵᠠᠭᠤᠯᠵᠠᠢ᠃
— ᠵᠠ ᠶᠠᠭᠠᠬᠢᠬᠤᠪ ᠲᠡᠭᠡᠪᠡᠯ ᠳᠠᠷᠠᠭ᠎ᠠ ᠨᠢᠭᠡ ᠡᠳᠦᠷ ᠲᠤᠷᠰᠢᠵᠤ ᠦᠵᠡᠶ᠎ᠡ᠂ ᠬᠡᠵᠢᠶ᠎ᠡ ᠴᠤ᠌ ᠮᠠᠭᠠᠳ ᠦᠭᠡᠢ ᠰᠢᠦ ᠪᠡᠯᠡᠨ ᠪᠠᠢᠵᠤ ᠪᠠᠢᠭᠠᠷᠠᠢ ᠭᠡᠵᠡᠢ᠃ ᠯᠤᠪᠰᠠᠩᠬᠦᠦ ᠬᠠᠷᠢᠭᠠᠳ ᠡᠬᠡᠨᠡᠷ ᠲᠡᠭᠡᠨ ᠪᠠᠶᠠᠷ ᠬᠥᠷ ᠪᠣᠯᠭᠠᠨ ᠰᠠᠢᠨ ᠰᠢᠷᠠᠪ ᠤ᠋ᠨ ᠴᠢᠯᠠᠭᠤᠨ ᠰᠣᠷᠣᠭᠤᠯ ᠲᠠᠢ ᠭᠠᠩᠰᠠᠨ ᠤ᠋ ᠲᠤᠬᠠᠢ ᠪᠥᠭᠡᠮ ᠶᠠᠷᠢᠶ᠎ᠠ ᠪᠣᠯᠤᠭᠰᠠᠭᠠᠷ ᠤᠨᠲᠠᠬᠤ ᠪᠠᠷ ᠬᠡᠪᠲᠡᠭᠰᠡᠨ ᠪᠣᠯᠪᠠᠴᠤ ᠨᠣᠢᠷ ᠨᠢ ᠬᠦᠷᠦᠭᠰᠡᠨ ᠦᠭᠡᠢ᠂ ᠲᠡᠭᠦᠨ ᠡᠴᠡ ᠬᠣᠢᠰᠢ ᠬᠡᠴᠢᠨᠡᠨ ᠬᠣᠨᠣᠭ ᠨᠣᠢᠷ ᠦᠭᠡᠢ ᠬᠣᠨᠣᠭᠰᠠᠨ ᠢ᠋ ᠪᠤᠤ ᠮᠡᠳᠡ᠃ ᠢᠷᠡᠬᠦ ᠪᠦᠷᠢ ᠳ᠋ᠦ᠍ᠨᠢ ᠰᠠᠢᠨ ᠰᠢᠷᠠᠪ ᠯᠤᠪᠰᠠᠩᠬᠦᠦ ᠶ᠋ᠢ ᠮᠠᠷᠭᠠᠰᠢ ᠭᠡᠵᠦ ᠪᠤᠴᠠᠭᠠᠳᠠᠭ ᠪᠠᠢᠵᠠᠢ᠃ ᠨᠢᠭᠡ ᠡᠳᠦᠷ ᠡᠬᠢᠯᠡᠭᠡᠳ ᠰᠢᠷᠦᠭᠦᠨ ᠪᠣᠷᠣᠭᠠᠨ ᠣᠷᠣᠭᠠᠳ ᠳᠠᠷᠠᠭ᠎ᠠ ᠨᠢ ᠵᠦᠰᠡᠷᠡᠵᠡᠢ᠃ ᠡᠢᠮᠦ ᠡᠳᠦᠷ ᠬᠠᠮᠢᠭ᠎ᠠ ᠠ᠋ᠴᠠ ᠶᠠᠪᠤᠨ᠎ᠠ ᠭᠡᠵᠦ ᠳᠡ ᠭᠡᠳ ᠰᠠᠢᠨ ᠰᠢᠷᠠᠪ ᠤ᠋ᠨ ᠳ᠋ᠤ᠌ ᠣᠴᠢᠭᠰᠠᠨ ᠦᠭᠡᠢ ᠬᠠᠷᠢᠨ ᠣᠷᠣᠨ ᠳ᠋ᠠᠭᠠᠨ ᠣᠷᠣᠭᠠᠳ ᠤᠨᠲᠠᠵᠠᠢ᠃ ᠭᠡᠲᠡᠯ᠎ᠡ ᠨᠠᠷᠠ ᠵᠢᠷᠭᠠᠬᠤ ᠶ᠋ᠢᠨ ᠦᠶ᠎ᠡ ᠳ᠋ᠦ᠍ ᠰᠠᠢᠨ ᠰᠢᠷᠠᠪ ᠲᠡᠳᠡᠨ ᠦ᠌ ᠳ᠋ᠦ᠍ ᠢᠷᠡᠵᠦ᠄
— ᠵᠠ ᠬᠠᠷᠠᠩᠭᠤᠢ ᠪᠣᠯᠬᠣᠷ ᠶᠠᠪᠤᠨ᠎ᠠ᠃ ᠬᠣᠭᠣᠯᠠ ᠤᠮᠳᠠ ᠪᠠᠨ ᠰᠠᠢᠨ ᠢᠳᠡᠵᠦ ᠤᠤᠭᠤ᠂ ᠬᠣᠯᠠ ᠶᠠᠪᠤᠨ᠎ᠠ ᠰᠢᠦ ᠭᠡᠵᠡᠢ᠃ ᠯᠤᠪᠰᠠᠩᠬᠦᠦ ᠪᠠᠶᠠᠷ ᠬᠥᠷ ᠪᠣᠯᠵᠤ ᠲᠠᠪᠠᠲᠠᠢ ᠲᠤᠬᠠᠲᠠᠢ ᠢᠳᠡᠵᠦ ᠤᠤᠭᠤᠭᠠᠳ ᠬᠠᠷᠠᠩᠭᠤᠢ ᠪᠣᠯᠣᠮᠠᠭᠴᠠ ᠰᠠᠢᠨ ᠰᠢᠷᠠᠪ ᠲᠠᠢ ᠴᠣᠭ ᠬᠤᠯᠠᠭᠠᠢ ᠳ᠋ᠤ᠌ ᠮᠣᠷᠳᠠᠵᠠᠢ᠃ ᠰᠠᠢᠨ ᠰᠢᠷᠠᠪ ᠳᠠᠭᠤ ᠱᠣᠣ ᠴᠤ᠌ ᠦᠭᠡᠢ ᠶᠥᠷᠭᠡᠭᠦᠯᠦᠭᠰᠡᠭᠡᠷ ᠪᠠᠢᠨ᠎ᠠ᠂ ᠯᠤᠪᠰᠠᠩᠬᠦᠦ ᠴᠤ᠌ ᠳᠠᠭᠠᠭᠠᠳ ᠯᠠ ᠱᠣᠭᠰᠢᠭᠠᠳ ᠯᠠ ᠪᠠᠢᠵᠠᠢ᠃ ᠡᠷᠭᠢᠨ ᠲᠣᠭᠣᠷᠢᠨ ᠳᠡᠰ ᠬᠠᠷᠠᠩᠭᠤᠢ ᠪᠣᠯᠵᠤ ᠯᠤᠪᠰᠠᠩᠬᠦᠦ ᠳ᠋ᠦ᠍ ᠬᠠᠵᠠᠭᠤ ᠳ᠋ᠤ᠌ ᠶᠠᠪᠤᠭ᠎ᠠ ᠰᠢᠷᠠᠪ ᠴᠤ᠌ ᠦᠯᠦ ᠦᠵᠡᠭᠳᠡᠬᠦ ᠠᠮᠤᠢ᠃
— ᠪᠢᠳᠡ ᠣᠳᠣ ᠬᠠᠮᠢᠭ᠎ᠠ ᠶᠠᠪᠤᠵᠤ ᠪᠠᠢᠨ᠎ᠠ᠃ ᠭᠠᠵᠠᠷ ᠢ᠋ᠶ᠋ᠠᠨ ᠮᠡᠳᠡᠵᠦ ᠪᠠᠢᠭ᠎ᠠ ᠪᠢᠵᠡ ᠭᠡᠵᠦ ᠰᠠᠢᠨ ᠰᠢᠷᠠᠪ ᠢ᠋ ᠠᠰᠠᠭᠤᠬᠤ ᠳ᠋ᠤ᠌ ᠬᠠᠮᠢᠭ᠎ᠠ ᠶᠠᠪᠤᠭ᠎ᠠ ᠪᠠᠨ ᠮᠡᠳᠡᠬᠦ ᠦᠭᠡᠢ ᠪᠣᠯᠪᠠᠴᠤ ᠯᠤᠪᠰᠠᠩᠬᠦᠦ ᠨᠡᠷᠡᠯᠬᠡᠵᠦ ᠬᠠᠮᠢᠭ᠎ᠠ ᠡᠢᠮᠦ ᠣᠯᠠᠨ ᠭᠣᠣᠯ ᠪᠠᠢᠳᠠᠭ ᠪᠢᠯᠡ ᠭᠡᠵᠦ ᠪᠣᠳᠣᠨ ᠪᠠᠢᠭᠰᠠᠭᠠᠷ ᠠᠷᠪᠠᠭᠠᠳ ᠥᠷᠲᠡᠭᠡ ᠭᠠᠵᠠᠷ ᠤ᠋ᠨ ᠲᠡᠷᠲᠡᠭᠡ ᠪᠠᠢᠳᠠᠭ ᠣᠯᠠᠨ ᠰᠠᠯᠠᠭ᠎ᠠ ᠭᠣᠣᠯ ᠰᠠᠨᠠᠭᠠᠨ ᠳ᠋ᠤᠨᠢ ᠣᠷᠣᠵᠤ᠄
— ᠰᠠᠯᠬᠢᠲᠤ ᠶ᠋ᠢᠨ ᠭᠣᠣᠯ ᠢ᠋ᠶ᠋ᠠᠨ ᠮᠠᠲᠠᠯ ᠦᠭᠡᠢ ᠶᠠᠭᠠᠬᠢᠬᠤ ᠪᠣᠢ ᠰᠢᠷᠠᠪ ᠭᠤᠸᠠᠢ ᠮᠢᠨᠢ ᠭᠡᠵᠦ ᠠᠵᠢᠭ ᠦᠭᠡᠢ ᠬᠠᠷᠢᠭᠤᠯᠵᠠᠢ᠃ ᠰᠠᠢᠨ ᠰᠢᠷᠠᠪ ᠴᠤ᠌ ᠬᠠᠷᠢᠭᠤ ᠳ᠋ᠤᠨᠢ᠄
— ᠣᠪᠣᠭ᠎ᠠ ᠣᠪᠣᠭ᠎ᠠ ᠬᠤᠯᠠᠭᠠᠢᠴᠢ ᠬᠥᠮᠦᠨ ᠭᠠᠵᠠᠷ ᠢ᠋ᠶ᠋ᠠᠨ ᠢᠩᠭᠢᠵᠦ ᠯᠡ ᠮᠡᠳᠡᠳᠡᠭ ᠪᠠᠢᠬᠤ ᠬᠡᠷᠡᠭᠲᠡᠢ ᠭᠡᠬᠦ ᠳ᠋ᠦ᠍ ᠯᠤᠪᠰᠠᠩᠬᠥᠥ ᠶ᠋ᠢᠨ ᠪᠠᠶᠠᠷᠯᠠᠭᠰᠠᠨ ᠭᠡᠳᠡᠭ ᠲᠤᠢᠯ ᠦᠭᠡᠢ᠂ ᠭᠠᠩᠰᠠ ᠴᠤ᠌ ᠮᠢᠨᠦᠬᠢ ᠪᠣᠯᠤᠨ᠎ᠠ ᠭᠠᠢᠭᠤᠢ᠂ ᠴᠢ ᠪᠠᠰᠠ ᠨᠠᠮ᠎ᠠ ᠶ᠋ᠢ ᠪᠠᠰᠤᠭᠠᠳ ᠪᠠᠢᠯ᠎ᠠ ᠤᠤ᠂ ᠭᠠᠢᠭᠤᠢ ᠬᠦ᠂ ᠯᠤᠪᠰᠠᠩᠬᠦᠦ ᠶ᠋ᠢᠨ ᠬᠡᠨ ᠪᠣᠯᠬᠤ ᠮᠡᠳᠡᠵᠦ ᠠᠮᠠ ᠪᠠᠨ ᠪᠠᠷᠢᠬᠤ ᠪᠣᠢ᠃ ᠬᠤᠯᠠᠭᠠᠢᠴᠢ ᠬᠥᠮᠦᠨ ᠭᠠᠵᠠᠷ ᠲᠣᠪᠴᠢᠯᠠᠳᠠᠭ ᠠᠷᠭ᠎ᠠ ᠲᠠᠢ ᠪᠠᠢᠳᠠᠭ ᠶᠤᠮ ᠪᠠᠢᠨ᠎ᠠ᠃ ᠬᠠᠷᠢᠨ ᠲᠡᠷᠡ ᠠᠷᠭ᠎ᠠ ᠶ᠋ᠢ ᠨᠢ ᠶᠠᠭᠠᠬᠢᠵᠤ ᠮᠡᠳᠡᠵᠦ ᠠᠪᠤᠶ᠎ᠠ ᠳᠠ ᠭᠡᠵᠦ ᠪᠣᠳᠣᠵᠠᠢ᠃ ᠨᠢᠭᠡ ᠭᠠᠵᠠᠷ ᠵᠣᠭᠰᠣᠭᠠᠳ ᠰᠠᠢᠨ ᠰᠢᠷᠠᠪ ᠯᠤᠪᠰᠠᠩᠬᠦᠦ ᠶ᠋ᠢ ᠲᠣᠬᠣᠢ ᠪᠠᠷ ᠢ᠋ᠶ᠋ᠠᠨ ᠨᠢᠳᠤᠷᠤᠨ ᠬᠠᠰᠢᠶ᠎ᠠ ᠲᠠᠢ ᠬᠣᠨᠢ ᠬᠠᠷᠠᠵᠤ ᠪᠠᠢᠨ᠎ᠠ ᠤᠤ ᠭᠡᠬᠦ ᠳ᠋ᠦ᠍ ᠯᠤᠪᠰᠠᠩᠬᠦᠦ ᠰᠠᠨᠳᠤᠷᠤᠭᠰᠠᠨ ᠢ᠋ᠶ᠋ᠠᠨ ᠬᠠᠷᠠᠵᠤ ᠪᠠᠢᠨ᠎ᠠ ᠭᠡᠵᠡᠢ᠃
— ᠵᠠ ᠲᠡᠭᠡᠪᠡᠯ ᠬᠠᠰᠢᠶᠠᠨ ᠤ᠋ ᠢᠷᠣᠭᠠᠷ ᠳᠤ ᠵᠣᠭᠰᠣᠵᠤ ᠪᠠᠢᠭ᠎ᠠ ᠢᠷᠭᠡ ᠶ᠋ᠢ ᠳᠡᠭᠦᠷᠠ ᠭᠡᠵᠡᠢ᠂ ᠯᠤᠪᠰᠠᠩᠬᠦᠦ ᠠᠷᠠᠢ ᠶᠠᠳᠠᠨ ᠵᠢᠭᠠᠯᠭᠠᠵᠤ ᠪᠠᠢᠵᠤ ᠢᠷᠭᠡ ᠶ᠋ᠢ ᠰᠢᠭᠦᠷᠡᠨ ᠳᠡᠭᠦᠷᠦᠭᠡᠳ ᠬᠣᠶᠠᠭᠤᠯᠠ ᠪᠠᠨ ᠨᠡᠯᠢᠶᠡᠳ ᠶᠠᠪᠤᠭᠠᠳ ᠭᠣᠣᠯ ᠤ᠋ᠨ ᠵᠠᠬ᠎ᠠ ᠳ᠋ᠤ᠌ ᠢᠷᠡᠵᠦ ᠯᠤᠪᠰᠠᠩᠬᠦᠦ ᠬᠣᠨᠢ ᠪᠠᠨ ᠭᠠᠷᠭᠠᠵᠤ ᠰᠠᠢᠨ ᠰᠢᠷᠠᠪ ᠭᠡᠳᠡᠰᠦ ᠶ᠋ᠢ ᠨᠢ ᠠᠷᠢᠯᠭᠠᠵᠠᠢ᠂ ᠯᠤᠪᠰᠠᠩᠬᠦᠦ ᠴᠤᠴᠢᠭᠰᠠᠨ ᠢ᠋ᠶ᠋ᠠᠨ᠄
— ᠰᠢᠷᠠᠪ ᠭᠤᠸᠠᠢ ᠰᠡᠲᠡᠷ ᠲᠡᠢ ᠬᠣᠨᠢ ᠪᠠᠢᠨ᠎ᠠ᠂ ᠰᠡᠲᠡᠷ ᠢ᠋ ᠨᠢ ᠶᠠᠭᠠᠬᠢᠬᠤ ᠪᠢᠯᠡ ᠭᠡᠬᠦ ᠳ᠋ᠦ᠍᠂
— ᠮᠠᠯ ᠤ᠋ᠨ ᠰᠡᠲᠡᠷ ᠢ᠋ ᠬᠡᠭᠡᠷ᠎ᠡ ᠬᠠᠶᠠᠳᠠᠭ ᠦᠭᠡᠢ ᠶᠦᠮ᠂ ᠲᠦᠷᠡᠢᠪᠴᠢᠯᠡᠴᠡᠭᠡ᠃ ᠬᠠᠷᠢᠭᠠᠳ ᠭᠠᠯ ᠳ᠋ᠤ᠌ ᠡᠷᠭᠦᠴᠢᠭᠡᠷᠠᠢ ᠭᠡᠵᠦ ᠰᠠᠢᠨ ᠰᠢᠷᠠᠪ ᠬᠠᠷᠢᠭᠤᠯᠤᠭᠠᠳ ᠬᠣᠨᠢᠨ ᠤ᠋ ᠮᠢᠬ᠎ᠠ ᠶ᠋ᠢ ᠯᠤᠪᠰᠠᠩᠬᠦᠦ ᠶ᠋ᠢᠨ ᠮᠣᠷᠢᠨ ᠳ᠋ᠤ᠌ ᠭᠠᠨᠵᠤᠭᠠᠯᠠᠭᠠᠳ᠄
— ᠵᠠ ᠶᠠᠭᠠᠬᠢᠬᠤᠪ ᠴᠢ ᠬᠤᠯᠠᠭᠠᠢ ᠬᠢᠵᠦ ᠴᠢᠳᠠᠬᠤ ᠨᠢ᠂ ᠮᠠᠢ ᠭᠡᠳ ᠭᠠᠩᠰᠠ ᠪᠠᠨ ᠥᠭᠭᠦᠭᠰᠡᠨ ᠳ᠋ᠦ᠍ ᠯᠤᠪᠰᠠᠩᠬᠦᠦ ᠴᠤ᠌ ᠬᠢᠵᠠᠭᠠᠷ ᠦᠭᠡᠢ ᠪᠠᠶᠠᠷᠯᠠᠭᠠᠳ ᠲᠠ ᠬᠣᠨᠢᠨ ᠤ᠋ ᠮᠢᠬ᠎ᠠ ᠶ᠋ᠢ ᠠᠪᠤᠭᠠᠴᠢ ᠭᠡᠬᠦ ᠳ᠋ᠦ᠍ ᠰᠠᠢᠨ ᠰᠢᠷᠠᠪ᠄
— ᠵᠦᠭᠡᠷ ᠠᠩᠬᠠᠨ ᠤ᠋ ᠣᠯᠵᠠ ᠪᠠᠨ ᠴᠢ ᠠᠪ᠂ ᠬᠣᠵᠢᠮ ᠪᠣᠯ ᠶᠠᠭᠠᠬᠢᠬᠤᠪ ᠬᠤᠪᠢᠶᠠᠨ᠎ᠠ ᠪᠢᠵᠡ ᠬᠡᠵᠡᠢ᠃
ᠲᠡᠨᠳᠡ ᠡᠴᠡ ᠬᠣᠶᠠᠭᠤᠯᠠ ᠪᠤᠴᠠᠬᠤ ᠵᠠᠮ ᠳ᠋ᠠᠭᠠᠨ ᠣᠷᠣᠵᠤ ᠶᠠᠪᠤᠲᠠᠯ᠎ᠠ ᠲᠩᠷᠢ ᠴᠡᠯᠮᠡᠵᠦ ᠡᠭᠦᠯᠡᠨ ᠦ᠌ ᠴᠠᠭᠠᠨ᠎ᠠ ᠠ᠋ᠴᠠ ᠰᠠᠷ᠎ᠠ ᠱᠠᠬᠠᠢᠨ ᠡᠷᠭᠢᠨ ᠲᠣᠭᠣᠷᠢᠨ ᠪᠦᠷᠦᠯᠵᠡᠨ ᠬᠠᠷᠠᠭᠳᠠᠵᠤ ᠡᠬᠢᠯᠡᠵᠡᠢ᠃ ᠶᠠᠭ ᠡᠨᠡ ᠦᠶ᠎ᠡ ᠳ᠋ᠦ᠍ ᠲᠡᠷᠡ ᠬᠣᠶᠠᠷ ᠯᠤᠪᠰᠠᠩᠬᠦᠦ ᠶ᠋ᠢᠨ ᠭᠠᠳᠠᠨ᠎ᠠ ᠢᠷᠡᠴᠢᠭᠰᠡᠨ ᠪᠠᠢᠵᠠᠢ᠃ ᠯᠤᠪᠰᠠᠩᠬᠦᠦ ᠨᠥᠭᠥᠭᠡᠬᠢ ᠴᠠᠭᠠᠰᠢ ᠨᠠᠭᠠᠰᠢ ᠭᠠᠲᠤᠯᠤᠭᠠᠳ ᠪᠠᠢᠭᠰᠠᠨ ᠣᠯᠠᠨ ᠭᠣᠣᠯ ᠶᠠᠭᠠᠬᠢᠯ᠎ᠠ᠂ ᠶᠠᠭᠠᠬᠢᠭᠰᠠᠨ ᠲᠦᠷᠭᠡᠨ ᠶᠠᠪᠤᠭᠠᠳ ᠢᠷᠡᠪᠡ ᠠ᠋ ᠭᠡᠵᠦ ᠪᠣᠳᠣᠪᠠᠴᠤ ᠲᠠᠷᠭᠤᠨ ᠬᠣᠨᠢᠨ ᠤ ᠮᠢᠬ᠎ᠠ᠂ ᠠᠩᠬᠠᠨ ᠤ᠋ ᠣᠯᠵᠠ ᠳ᠋ᠠᠭᠠᠨ ᠪᠠᠶᠠᠷᠯᠠᠭᠠᠳ ᠭᠡᠷ ᠲᠡᠭᠡᠨ ᠣᠷᠣᠵᠤ ᠮᠢᠬ᠎ᠠ ᠪᠠᠨ ᠬᠠᠨᠠᠨ ᠠ᠋ᠴᠠ ᠡᠯᠭᠦᠭᠡᠳ ᠳᠤᠯᠠᠭᠠᠨ ᠬᠥᠨᠵᠢᠯᠡ ᠳ᠋ᠡᠭᠡᠨ ᠣᠷᠣᠵᠤ ᠲᠤᠭ ᠨᠣᠢᠷ ᠲᠠᠭᠠᠨ ᠳᠠᠷᠤᠭᠳᠠᠵᠠᠢ᠃ ᠯᠤᠪᠰᠠᠩᠬᠦᠦ ᠶ᠋ᠢᠨ ᠡᠬᠡᠨᠡᠷ ᠡᠷᠲᠡᠯᠡᠨ ᠪᠣᠰᠤᠭᠠᠳ ᠨᠥᠬᠥᠷ ᠦ᠋ᠨ ᠢ᠋ᠶ᠋ᠡᠨ ᠠᠪᠴᠢᠷᠠᠭᠰᠠᠨ ᠣᠯᠵᠠᠨ ᠳ᠋ᠤ᠌ ᠪᠠᠶᠠᠷᠯᠠᠨ ᠪᠠᠷᠠᠭᠤᠨ ᠬᠠ ᠶ᠋ᠢ ᠨᠢ ᠡᠪᠳᠡᠵᠦ ᠲᠣᠭᠣᠭᠠᠨ ᠳᠡᠭᠡᠷ᠎ᠡ ᠬᠢᠭᠡᠳ ᠭᠠᠷᠴᠤ ᠮᠠᠯ ᠢ᠋ᠶ᠋ᠠᠨ ᠪᠦᠷᠢᠳᠬᠡᠲᠡᠯᠡ ᠨᠢ ᠣᠩᠭᠣᠨ ᠰᠡᠲᠡᠷ ᠲᠡᠢ ᠰᠢᠷ᠎ᠠ ᠬᠠᠯᠵᠠᠨ ᠢᠷᠭᠡ ᠨᠢ ᠠᠯᠠᠭ᠎ᠠ ᠪᠠᠢᠵᠠᠢ᠃ ᠰᠠᠨᠳᠤᠷᠴᠤ ᠲᠡᠪᠡᠳᠡᠭᠰᠡᠨ ᠭᠡᠷᠭᠡᠢ ᠨᠢ ᠭᠡᠷ ᠲᠡᠭᠡᠨ ᠣᠷᠣᠵᠤ ᠬᠣᠨᠢᠨ ᠤ᠋ ᠲᠣᠯᠣᠭᠠᠢ ᠶ᠋ᠢ ᠬᠠᠷᠠᠬᠤ ᠳ᠋ᠤ᠌ ᠰᠡᠲᠡᠷ ᠲᠡᠢ ᠬᠣᠨᠢ ᠨᠢ ᠮᠥᠨ ᠪᠠᠢᠯ᠎ᠠ᠃ ᠳᠠᠭᠤ ᠱᠣᠣ ᠪᠣᠯᠵᠤ ᠨᠥᠬᠥᠷ ᠢ᠋ᠶ᠋ᠡᠨ ᠰᠡᠷᠡᠭᠡᠵᠦ ᠪᠠᠢᠲᠠᠯ᠎ᠠ ᠰᠠᠢᠨ ᠰᠢᠷᠠᠪ ᠭᠠᠳᠠᠨ᠎ᠠ ᠠ᠋ᠴᠠ ᠣᠷᠣᠵᠤ ᠢᠷᠡᠭᠡᠳ᠄
— ᠵᠠ ᠯᠤᠪᠰᠠᠩᠬᠦᠦ ᠮᠢᠨᠢ ᠴᠢ ᠴᠤ᠌ ᠠᠯᠵᠢᠬᠤ ᠦᠭᠡᠢ ᠰᠠᠢᠨ ᠬᠤᠯᠠᠭᠠᠢᠴᠢ ᠪᠣᠯᠬᠤ ᠨᠢ ᠳᠡ ᠭᠡᠳ ᠶᠣᠵᠣᠲᠠᠢ ᠢᠨᠢᠶᠡᠬᠦ ᠳ᠋ᠦ᠍ ᠯᠤᠪᠰᠠᠩᠬᠦᠦ ᠶ᠋ᠢᠨ ᠡᠬᠡᠨᠡᠷ ᠢᠴᠢᠬᠦ ᠳ᠋ᠡᠭᠡᠨ ᠳᠠᠭᠤ ᠠᠯᠳᠠᠨ ᠭᠠᠷᠴᠤ ᠭᠦᠶᠦᠵᠡᠢ᠃ ᠯᠤᠪᠰᠠᠩᠬᠦᠦ ᠦᠭᠡ ᠬᠡᠯᠡᠵᠦ ᠴᠢᠳᠠᠭᠰᠠᠨ ᠦᠭᠡᠢ ᠬᠤᠴᠢᠯᠭ᠎ᠠ ᠪᠠᠷ ᠲᠣᠯᠣᠭᠠᠢ ᠪᠠᠨ ᠪᠦᠲᠡᠭᠡᠵᠦ ᠪᠦᠬᠦᠯᠢ ᠡᠳᠦᠷ ᠬᠡᠪᠲᠡᠭᠰᠡᠨ ᠶᠦᠮ ᠭᠡᠳᠡᠭ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭ᠍ᠴᠢ ᠰᠠᠷᠠᠨ᠎ᠠ
2023᠂ 11᠂ 22 ᠤᠨ ᠡᠳᠦᠷ
