ᠲᠥᠭᠡᠷᠢᠭᠰᠡᠨ ᠭᠦᠩᠵᠦТөөрсөн гүнж ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠭᠡᠷᠢᠭᠰᠡᠨ ᠭᠦᠩᠵᠦТөөрсөн гүнж

ᠲᠥᠭᠡᠷᠢᠭᠰᠡᠨ ᠭᠦᠩᠵᠦТөөрсөн гүнж

2022-03-22

814

ᠲᠥᠭᠡᠷᠢᠭᠰᠡᠨ ᠭᠦᠩᠵᠦ

    ᠡᠷᠲᠡ ᠤᠷᠢᠳᠤ ᠶ᠋ᠢᠨ ᠴᠠᠭ ᠲᠤ ᠳᠠᠭᠤ ᠴᠠᠬᠢᠯᠭᠠᠨ ᠲᠠᠢ ᠪᠣᠷᠣᠭ᠎ᠠ ᠠᠰᠬᠠᠷᠠᠭᠰᠠᠨ ᠨᠢᠭᠡᠨ ᠦᠳᠡᠰᠢ ᠡᠷᠴᠢᠯᠡᠨ ᠱᠤᠤᠭᠢᠬᠤ ᠳᠠᠯᠠᠢ ᠶ᠋ᠢᠨ ᠳᠠᠪᠠᠯᠭ᠎ᠠ ᠨᠢᠭᠡᠨ ᠵᠡᠷᠭᠡ ᠳᠥᠩᠭᠡᠵᠦ ᠲᠥᠷᠥᠭᠰᠡᠨ ᠬᠣᠶᠠᠷ ᠥᠬᠢᠨ ᠦ᠌ ᠲᠤᠬᠠᠢ ᠮᠡᠳᠡᠭᠡ ᠶ᠋ᠢ ᠳᠣᠭᠣᠯᠭᠠᠬᠤ ᠪᠠᠷ ᠳᠠᠪᠠᠯᠭᠠᠯᠠᠨ᠎ᠠ᠃
ᠨᠢᠭᠡ ᠥᠬᠢᠨ ᠨᠢ ᠳᠣᠷᠣᠨ᠎ᠠ ᠵᠦᠭ ᠦ᠋ᠨ ᠬᠠᠭᠠᠨ ᠤ᠋ ᠭᠡᠷ ᠪᠦᠯᠢ ᠳ᠋ᠦ᠍ ᠲᠥᠷᠥᠭᠰᠡᠨ ᠭᠦᠩᠵᠦ ᠪᠠᠢᠯ᠎ᠠ᠂ ᠡᠨᠡ ᠥᠬᠢᠨ ᠢ᠋ ᠨᠠᠤᠮᠢ ᠭᠡᠵᠦ ᠨᠡᠷᠡᠯᠡᠵᠡᠢ᠃
ᠬᠠᠷᠢᠨ ᠨᠥᠭᠦᠭᠡ ᠥᠬᠢᠨ ᠨᠢ ᠥᠷᠥᠨ᠎ᠡ ᠨᠤᠲᠤᠭ ᠤ᠋ᠨ ᠵᠢᠷ ᠦ᠋ᠨ ᠨᠢᠭᠡ ᠬᠣᠨᠢᠴᠢᠨ ᠠᠢᠯ ᠳ᠋ᠤ᠌ ᠲᠥᠷᠥᠵᠡᠢ᠂ ᠲᠡᠭᠦᠨ ᠢ᠋ ᠳ᠋ᠢ᠍ᠽᠢ ᠭᠡᠵᠦ ᠨᠡᠷᠡᠯᠡᠵᠡᠢ ᠭᠡᠨ᠎ᠡ᠃
ᠣᠨ ᠵᠢᠯ ᠤᠯᠠᠷᠢᠨ ᠥᠩᠭᠡᠷᠡᠭᠰᠡᠭᠡᠷ ᠨᠠᠤᠮᠢ ᠥᠬᠢᠨ ᠬᠠᠭᠠᠨ ᠠᠪᠤ ᠬᠠᠲᠤᠨ ᠡᠵᠢ ᠶ᠋ᠢᠨ ᠢ᠋ᠶ᠋ᠡᠨ ᠬᠠᠢᠷ᠎ᠠ ᠶ᠋ᠢ ᠪᠤᠯᠢᠶᠠᠭᠰᠠᠨ ᠥᠬᠢᠨ ᠪᠣᠯᠤᠯ᠎ᠠ᠂ ᠬᠦᠰᠡᠭᠰᠡᠨ ᠪᠦᠬᠦᠨ ᠨᠢ ᠪᠡᠶᠡᠯᠡᠳᠡᠭ ᠪᠣᠯᠬᠣᠷ ᠥᠬᠢᠨ ᠠᠭᠠᠵᠢᠮ ᠳ᠋ᠤ᠌ ᠪᠠᠨ ᠶᠡᠬᠡᠷᠬᠡᠦ ᠵᠠᠩ ᠲᠠᠢ ᠪᠣᠯᠵᠠᠢ ᠭᠡᠨ᠎ᠡ᠃
ᠨᠠᠤᠮᠢ᠄ ᠦ᠁᠂ ᠶᠠᠮᠠᠷ ᠦᠵᠡᠰᠬᠦᠯᠡᠩ ᠲᠡᠢ ᠶᠦᠮ ᠪᠣᠢ! ᠡᠵᠢ ᠠ᠋᠂ ᠠᠪᠤ ᠠ᠋᠂ ᠪᠢ ᠰᠠᠷᠠ ᠶ᠋ᠢ ᠠᠪᠤᠮᠠᠷ ᠪᠠᠢᠨ᠎ᠠ᠃
ᠡᠵᠢ᠄ ᠰᠠᠷᠠ ᠭᠡᠨ᠎ᠡ? ᠭᠡᠬᠦ ᠳ᠋ᠦ᠍ ᠪᠡᠨ ᠶᠠᠭᠠᠬᠢᠵᠤ? ᠨᠠᠤᠮᠢ᠄ ᠶᠠᠭᠠᠬᠢᠵᠤ ᠭᠡᠳᠡᠭ ᠨᠢ ᠨᠠᠳᠠ ᠳ᠋ᠤ᠌ ᠬᠠᠮᠢᠶ᠎ᠠ ᠦᠭᠡᠢ᠂ ᠪᠢ ᠰᠠᠷᠠ ᠶ᠋ᠢ ᠠᠪᠤᠮᠠᠷ ᠪᠠᠢᠨ᠎ᠠ᠃
ᠡᠵᠢ᠄ ᠭᠡᠬᠦ ᠳ᠋ᠦ᠍ ᠪᠡᠨ᠁
ᠠᠪᠤ᠄ ᠳᠡᠭᠡᠯ ᠦᠭᠡᠢ ᠶᠠᠭᠠᠬᠢᠬᠤᠪ ᠳᠠ᠂ ᠬᠣᠩᠭᠣᠷ ᠮᠢᠨᠢ᠂ ᠦ᠂ ᠵᠥ᠂ ᠵᠥ᠂ᠵᠥ᠁ ᠬᠠᠷᠠᠭᠤᠯ᠂ ᠰᠠᠷᠠ ᠶ᠋ᠢ ᠣᠳᠣᠬᠠᠨ ᠠᠪᠴᠢᠷᠠᠵᠤ ᠭᠦᠩᠵᠦ ᠳ᠋ᠦ᠍ ᠥᠭ᠂ ᠠ᠋᠁
ᠬᠠᠷᠠᠭᠤᠯ᠄ ᠬᠡ᠁᠂ ᠵᠠ ᠮᠡᠳᠡᠯ᠎ᠡ ᠡᠷᠬᠢᠮ ᠳᠡᠭᠡᠳᠦᠰ ᠠ᠋᠂
ᠠᠪᠤ᠄ ᠵᠠ᠂ ᠮᠠᠢ᠂ ᠥᠬᠢᠨ ᠮᠢᠨᠢ᠂ ᠣᠳᠣ ᠰᠠᠷᠠ ᠴᠢᠨᠦᠬᠢ ᠪᠣᠯᠤᠭᠰᠠᠨ᠂ ᠦ᠂ ᠵᠦ᠂ ᠵᠦ᠂ ᠵᠦ᠁
ᠨᠠᠤᠮᠢ᠄ ᠲᠡᠢᠮᠦ ᠠ᠋᠂
ᠬᠠᠷᠢᠨ ᠡᠨᠡ ᠦᠶ᠎ᠡ ᠳ᠋ᠦ᠍ ᠬᠣᠨᠢᠴᠢᠨ ᠤ᠋ ᠭᠡᠷ ᠲᠦ᠍᠂
ᠳ᠋ᠢ᠍ᠽᠢ ᠶ᠋ᠢᠨ ᠡᠵᠢ᠄ ᠳ᠋ᠢ᠍ᠽᠢ ᠥᠷᠥᠭᠡ ᠪᠡᠨ ᠴᠡᠪᠡᠷᠯᠡᠭᠡᠷᠡᠢ᠂
ᠳ᠋ᠢ᠍ᠽᠢ ᠄ ᠡᠵᠢ ᠠ᠋᠂ ᠮᠢᠨᠦ ᠳᠠᠰᠢᠨᠵᠠ ᠮᠠᠭᠤᠬᠠᠢ ᠪᠣᠯᠴᠢᠬᠠᠨ᠎ᠠ ᠰᠢᠳᠡ᠂ ᠲᠠ ᠥᠪᠡᠷ ᠢ᠋ᠶ᠋ᠡᠨ ᠴᠡᠪᠡᠷᠯᠡᠴᠢᠬᠡ᠂
ᠡᠵᠢ᠄ ᠠ᠂ ᠵᠠ᠂ ᠵᠠ᠂ ᠣᠢᠯᠠᠭᠠᠯ᠎ᠠ ᠥᠬᠢᠨ ᠮᠢᠨᠢ᠂
ᠳ᠋ᠢ᠍ᠽᠢ ᠬᠡᠲᠦᠷᠬᠡᠢ ᠪᠤᠷᠤᠭᠤ ᠡᠷᠬᠡᠯᠡᠵᠦ ᠥᠰᠦᠭᠰᠡᠨ ᠡᠴᠡ ᠪᠣᠯᠤᠭᠠᠳ ᠶᠡᠬᠡ ᠪᠠᠷᠳᠠᠮ ᠪᠣᠯᠵᠠᠢ ᠭᠡᠨ᠎ᠡ᠃
ᠳ᠋ᠢ᠍ᠽᠢ ᠄ ᠪᠢ ᠬᠠᠮᠤᠭ ᠤ᠋ᠨ ᠬᠥᠭᠡᠷᠦᠬᠦᠨ ᠥᠬᠢᠨ ᠪᠢᠰᠢ ᠭᠡᠵᠢ ᠤᠤ?
ᠨᠠᠤᠮᠢ᠄ ᠪᠢ ᠬᠠᠮᠤᠭ ᠤ᠋ᠨ ᠰᠢᠯᠢᠳᠡᠭ ᠨᠢ ᠪᠢᠰᠢ ᠭᠡᠵᠢ ᠤᠤ?
ᠳ᠋ᠢ᠍ᠽᠢ ᠄ ᠪᠢ ᠬᠠᠮᠤᠭ ᠤ᠋ᠨ ᠬᠥᠭᠡᠷᠦᠬᠦᠨ ᠪᠢᠰᠢ ᠭᠡᠵᠢ ᠤᠤ?
ᠨᠠᠤᠮᠢ᠄ ᠪᠢ ᠬᠠᠮᠤᠭ ᠤ᠋ᠨ ᠬᠥᠭᠡᠷᠦᠬᠦᠨ᠂ ᠬᠠᠮᠤᠭ ᠤ᠋ᠨ ᠬᠥᠭᠡᠷᠦᠬᠦᠨ᠂ ᠠ᠂ ᠬᠠ ᠬᠠ
ᠳ᠋ᠢ᠍ᠽᠢ ᠄ ᠪᠢ ᠬᠠᠮᠤᠭ ᠤ᠋ᠨ ᠰᠢᠯᠢᠳᠡᠭ ᠨᠢ᠁
ᠰᠢᠳᠢᠲᠡᠨ᠄ᠠᠳᠠᠯᠢᠬᠠᠨ ᠨᠢᠭᠡ ᠣᠳᠣᠨ ᠳ᠋ᠤ᠌ ᠲᠥᠷᠥᠭᠰᠡᠨ ᠪᠣᠯᠤᠭᠠᠳ ᠴᠤ᠌ ᠲᠡᠷᠡ ᠤᠤ᠂ ᠵᠥᠷᠢᠭᠦᠳ ᠬᠡᠦᠬᠡᠳ ᠦ᠋ᠳ ᠶᠦᠮ ᠠ᠋᠂ ᠠᠷᠪᠠᠨ ᠨᠠᠢ᠍ᠮᠠᠨ ᠨᠠᠰᠤ ᠬᠦᠷᠬᠦ ᠪᠡᠷ ᠴᠢᠨᠢ ᠬᠣᠶᠠᠭᠤᠯᠠᠨ ᠢ᠋ ᠴᠢᠨᠢ ᠰᠤᠷᠭᠠᠭᠠᠳ  ᠥᠭᠭᠦᠨ᠎ᠡ ᠃
ᠢᠩᠭᠢᠭᠡᠳ ᠠᠷᠪᠠᠨ ᠨᠠᠢ᠍ᠮᠠᠨ ᠨᠠᠰᠤ ᠬᠦᠷᠬᠦ ᠦᠶ᠎ᠡ ᠳ᠋ᠦ᠍ ᠨᠢ ᠰᠢᠳᠢᠲᠡᠨ ᠨᠠᠤᠮᠢ ᠶ᠋ᠢᠨ ᠣᠷᠳᠣᠨ ᠳ᠋ᠤ᠌ ᠣᠴᠢᠬᠤ ᠪᠠᠷ ᠰᠢᠢᠳᠦᠯ᠎ᠡ᠃
ᠨᠠᠤᠮᠢ᠄ ᠠ᠂ ᠬᠡᠨᠴᠤ ᠮᠢᠨᠦ ᠦᠭᠡ ᠶ᠋ᠢ ᠰᠣᠨᠣᠰᠬᠤ ᠦᠭᠡᠢ ᠶᠦᠮ ᠠ᠋᠂ ᠪᠢ ᠡᠨᠡ ᠣᠷᠳᠣᠨ ᠠ᠋ᠴᠠ ᠵᠠᠯᠬᠠᠵᠤ ᠪᠠᠢᠨ᠎ᠠ᠂ᠰᠢᠳᠢᠲᠡᠨ᠄ᠨᠡᠭᠡᠷᠡᠨ ᠤᠤ?
ᠨᠠᠤᠮᠢ᠄ ᠦ᠂ ᠲᠠ ᠬᠡᠨ ᠪᠣᠢ?
ᠰᠢᠳᠢᠲᠡᠨ᠄ ᠪᠢ ᠰᠢᠳᠢᠲᠦ ᠵᠠᠭᠠᠯᠮᠠᠢᠯᠠᠭᠰᠠᠨ ᠡᠬᠡ ᠴᠢᠨᠢ ᠪᠠᠢᠨ᠎ᠠ᠂
ᠨᠠᠤᠮᠢ᠄ ᠰᠢᠳᠢᠲᠦ ᠶᠠᠮᠠᠷ ᠡᠬᠡ ᠭᠡᠨ᠎ᠡ?
ᠰᠢᠳᠢᠲᠡᠨ᠄ ᠴᠢ ᠣᠷᠳᠣᠨ ᠳ᠋ᠤ᠌ ᠪᠠᠢᠬᠤ ᠠ᠋ᠴᠠ ᠵᠠᠯᠬᠠᠵᠤ ᠪᠠᠢᠨ᠎ᠠ ᠭᠡᠰᠡᠨ ᠤᠤ? ᠴᠢᠮ᠎ᠠ ᠳ᠋ᠤ᠌ ᠥᠪᠡᠷ ᠦ᠋ᠨ ᠢ᠋ᠶ᠋ᠡᠨ ᠬᠦᠰᠡᠭᠰᠡᠨ ᠭᠠᠵᠠᠷ ᠠᠮᠢᠳᠤᠷᠠᠬᠤ ᠪᠣᠯᠤᠮᠵᠢ ᠶ᠋ᠢ ᠥᠭᠪᠡᠯ ᠴᠢ ᠵᠥᠪᠰᠢᠶᠡᠷᠡᠬᠦ ᠤᠤ?
ᠨᠠᠤᠮᠢ᠄ ᠠ᠋᠂ ᠡᠨᠳᠡ ᠡᠴᠡ ᠯᠡ ᠬᠤᠷᠳᠤᠨ ᠶᠠᠪᠤᠮᠠᠷ ᠪᠠᠢᠨ᠎ᠠ᠂ ᠢᠩᠭᠢᠬᠦ ᠳ᠋ᠦ᠍ ᠶᠠᠭᠠᠬᠢᠭᠠᠳ ᠨᠠᠳᠠ ᠳ᠋ᠤ᠌ ᠲᠤᠰᠠᠯᠠᠬᠤ ᠭᠡᠳ ᠪᠠᠢᠳᠠᠭ ᠪᠢᠯᠡ?
ᠰᠢᠳᠢᠲᠡᠨ᠄ ᠪᠢ ᠴᠢᠨᠦ ᠰᠢᠳᠢᠲᠦ ᠵᠠᠭᠠᠯᠮᠠᠢᠯᠠᠭᠰᠠᠨ ᠡᠬᠡ ᠭᠡᠵᠦ ᠬᠡᠯᠡᠭᠰᠡᠨ ᠪᠢᠵᠡ ᠳᠡ᠂
ᠨᠠᠤᠮᠢ ᠭᠡᠨᠡᠳᠲᠡ ᠨᠢᠳᠦ ᠡᠷᠢᠶᠡᠯᠵᠢᠯᠡᠬᠦ ᠠᠰᠤᠷᠤ ᠲᠣᠮᠣ ᠵᠢᠷᠤᠭ ᠤ᠋ᠨ ᠭᠢᠯᠠᠷᠠᠢ ᠳ᠋ᠤ᠌ ᠢᠷᠡᠴᠢᠬᠡᠯ᠎ᠡ᠃
ᠨᠠᠤᠮᠢ᠄ ᠶᠠᠭᠤ! ᠪᠢ ᠬᠠᠮᠢᠭ᠎ᠠ ᠨᠢ ᠪᠠᠢᠨ᠎ᠠ?
ᠰᠢᠳᠢᠲᠦ ᠵᠢᠷᠤᠭ᠄ ᠠ᠋᠁ ᠰᠠᠢᠨ ᠪᠠᠢᠨ᠎ᠠ ᠤᠤ? ᠴᠢ ᠰᠣᠩᠭᠣᠯᠲᠠ ᠶ᠋ᠢᠨ ᠥᠷᠥᠭᠡᠨ ᠳ᠋ᠦ᠍ ᠪᠠᠢᠨ᠎ᠠ᠂ ᠪᠢᠳᠡ ᠨᠠᠷ ᠰᠢᠳᠢᠲᠦ ᠵᠢᠷᠤᠭ ᠤ᠋ᠳ ᠪᠠᠢᠭ᠎ᠠ ᠶᠤᠮ᠂ ᠴᠢ ᠬᠦᠰᠡᠭᠰᠡᠨ ᠭᠠᠵᠠᠷ ᠤᠷᠤᠭᠤ ᠪᠠᠨ ᠣᠴᠢᠵᠤ ᠪᠣᠯᠤᠨ᠎ᠠ᠂ ᠬᠦᠰᠡᠭᠰᠡᠨ ᠭᠠᠵᠠᠷ ᠤᠷᠤᠭᠤ ᠪᠠᠨ!
ᠰᠢᠳᠢᠲᠦ ᠵᠢᠷᠤᠭ᠄ ᠲᠡᠢᠮᠦ ᠠ᠋᠂ ᠲᠡᠢᠮᠦ  ᠠᠴᠠ ᠨᠠᠮ᠎ᠠ ᠶ᠋ᠢ ᠰᠣᠩᠭᠣ᠃
ᠰᠢᠳᠢᠲᠦ ᠵᠢᠷᠤᠭ᠄ ᠦᠭᠡᠢ᠂ ᠨᠠᠮ᠎ᠠ ᠶ᠋ᠢ ᠰᠣᠩᠭᠣ᠂ ᠨᠠᠮ᠎ᠠ ᠶ᠋ᠢ ᠰᠣᠩᠭᠣ᠂ ᠨᠠᠮ᠎ᠠ ᠶ᠋ᠢ ᠰᠣᠩᠭᠣ
ᠦᠭᠡᠢ᠂ ᠨᠠᠮ᠎ᠠ ᠶ᠋ᠢ ᠰᠣᠩᠭᠣ᠃
ᠨᠠᠤᠮᠢ᠄ ᠦ᠁
ᠨᠠᠤᠮᠢ ᠡᠪᠡᠰᠦ ᠨᠣᠭᠣᠭ᠎ᠠ ᠬᠠᠯᠢᠭᠤᠷᠠᠭᠰᠠᠨ ᠨᠤᠭᠤ ᠲᠠᠢ ᠡᠴᠦᠰ ᠲᠡᠭᠦᠰᠬᠡᠯ ᠦᠭᠡᠢ ᠦᠷᠭᠦᠯᠵᠢᠯᠡᠨ ᠤᠷᠤᠰᠬᠤ ᠮᠢᠷᠠᠯᠵᠠᠨ ᠳᠣᠯᠭᠢᠶᠠᠯᠠᠬᠤ ᠤᠷᠤᠰᠬᠠᠯ ᠤᠰᠤ ᠲᠠᠢ ᠵᠢᠷᠤᠭ ᠤᠷᠤᠭᠤ ᠬᠠᠷᠠᠯ᠎ᠠ᠃
ᠨᠠᠤᠮᠢ᠄ ᠨᠠᠳᠠ ᠳ᠋ᠤ᠌᠂ ᠨᠠᠳᠠ ᠳ᠋ᠤ᠌᠂ ᠡᠨᠡ ᠵᠢᠷᠤᠭ ᠯᠠ ᠨᠠᠮ᠎ᠠ ᠶ᠋ᠢ ᠳᠠᠭᠤᠳᠠᠭᠠᠳ ᠪᠠᠢᠭ᠎ᠠ ᠶᠤᠮ ᠰᠢᠭ᠋ ᠰᠠᠨᠠᠭᠳᠠᠭᠠᠳ ᠪᠠᠢᠨ᠎ᠠ᠂ ᠪᠢ ᠡᠨᠡ ᠵᠢᠷᠤᠭ ᠢ᠋ ᠰᠣᠩᠭᠣᠯ᠎ᠠ᠃
ᠭᠦᠩᠵᠦ ᠣᠷᠣᠭᠰᠢ ᠠᠯᠬᠤᠭᠠᠳ ᠤᠷᠠᠨ ᠵᠢᠷᠤᠭ ᠤᠷᠤᠭᠤ ᠠᠭᠤᠰᠤᠨ ᠣᠷᠣᠯ᠎ᠠ᠃
ᠡᠨᠡ ᠦᠶ᠎ᠡ ᠳ᠋ᠦ᠍ ᠰᠢᠳᠢᠲᠡᠨ ᠳ᠋ᠢ᠍ᠽᠢ ᠲᠡᠢ ᠠᠭᠤᠯᠵᠠᠬᠤ ᠪᠠᠷ ᠶᠠᠪᠤᠵᠤ ᠪᠠᠢᠯ᠎ᠠ᠃
ᠳ᠋ᠢ᠍ᠽᠢ ᠄ᠮᠢᠨᠦ ᠴᠡᠪᠡᠷᠬᠡᠨ ᠭᠠᠷ᠂ ᠶᠠᠭᠠᠬᠢᠵᠤ ᠨᠠᠮ᠎ᠠ ᠶ᠋ᠢ ᠡᠢᠮᠦ ᠠᠵᠢᠯ ᠬᠢ ᠭᠡᠵᠦ ᠬᠡᠯᠡᠵᠦ ᠴᠢᠳᠠᠵᠤ ᠪᠠᠢᠨ᠎ᠠ᠂ ᠪᠢ ᠡᠨᠳᠡ ᠴᠢᠨᠠᠭᠰᠢᠳᠠ ᠪᠠᠢᠵᠤ ᠴᠢᠳᠠᠬᠤ ᠦᠭᠡᠢ ᠨᠢ ᠠ᠋᠂
ᠰᠢᠳᠢᠲᠡᠨ᠄ ᠲᠡᠢᠮᠦ ᠭᠡᠵᠢ ᠤᠤ?
ᠳ᠋ᠢ᠍ᠽᠢ ᠄ ᠦ᠁ ᠲᠠ ᠬᠡᠨ ᠪᠣᠢ?
ᠰᠢᠳᠢᠲᠦ ᠵᠠᠭᠠᠯᠮᠠᠢᠯᠠᠭᠰᠠᠨ ᠡᠬᠡ ᠥᠪᠡᠷ ᠦ᠋ᠨ ᠢ᠋ᠶ᠋ᠡᠨ ᠲᠤᠬᠠᠢ ᠬᠡᠯᠡᠭᠰᠡᠨ ᠪᠣᠯᠪᠠᠴᠤ᠂ ᠳ᠋ᠢ᠍ᠽᠢ ᠡᠷᠡᠭᠡᠯᠵᠡᠭᠰᠡᠨ ᠬᠠᠷᠠᠴᠠ ᠪᠠᠷ ᠬᠠᠷᠠᠵᠤ ᠪᠠᠢᠯ᠎ᠠ᠃
ᠳ᠋ᠢ᠍ᠽᠢ ᠄ ᠪᠢ ᠲᠠᠨ ᠳ᠋ᠤ᠌ ᠶᠠᠭᠠᠬᠢᠵᠤ ᠢᠲᠡᠭᠡᠬᠦ ᠪᠣᠯᠵᠤ ᠪᠠᠢᠨ᠎ᠠ?
ᠰᠢᠳᠢᠲᠡᠨ᠄ ᠬᠡᠩ ᠁ᠠᠷᠪᠠᠨ ᠵᠢᠷᠭᠤᠭᠠᠨ ᠨᠠᠰᠤᠨ ᠤ᠋ ᠲᠥᠷᠥᠭᠰᠡᠨ ᠡᠳᠦᠷ ᠢ᠋ᠶ᠋ᠡᠷ ᠴᠢ ᠬᠦᠰᠡᠭᠰᠡᠨ ᠪᠡᠯᠡᠭ ᠢ᠋ᠶ᠋ᠡᠨ ᠠᠪᠴᠤ ᠴᠢᠳᠠᠭ᠎ᠠ ᠦᠭᠡᠢ ᠪᠣᠯᠬᠣᠷ ᠡᠳᠦᠷᠵᠢᠨ ᠢᠶᠠᠨ ᠤᠬᠢᠯᠠᠭᠰᠠᠨ ᠪᠢᠵᠡ ᠳᠡ᠂
ᠳ᠋ᠢ᠍ᠽᠢ ᠄ ᠦ᠁ ᠲᠠ ᠶᠠᠭᠠᠬᠢᠵᠤ ᠮᠡᠳᠡᠭᠰᠡᠨ ᠶᠦ᠍ᠮ ᠪᠣᠢ?
ᠰᠢᠳᠢᠲᠡᠨ᠄ ᠪᠢ ᠬᠡᠯᠡᠭᠰᠡᠨ ᠰᠢᠦ ᠳᠡ᠂ ᠪᠢ ᠴᠢᠨᠦ ᠰᠢᠳᠢᠲᠦ ᠵᠠᠭᠠᠯᠮᠠᠢᠯᠠᠭᠰᠠᠨ ᠡᠬᠡ᠂
ᠳ᠋ᠢ᠍ᠽᠢ ᠄ ᠠᠢ ᠯᠠ ᠯᠠ᠂ ᠲᠡᠭᠡᠬᠦ ᠪᠡᠷ ᠰᠢᠳᠢᠲᠦ ᠵᠠᠭᠠᠯᠮᠠᠢᠯᠠᠭᠰᠠᠨ ᠡᠬᠡ ᠠ᠋᠂ ᠲᠠ ᠨᠠᠮ᠎ᠠ ᠶ᠋ᠢ ᠡᠨᠳᠡ ᠡᠴᠡ ᠶᠠᠪᠤᠭᠤᠯᠵᠤ ᠴᠢᠳᠠᠬᠤ ᠤᠤ?
ᠰᠢᠳᠢᠲᠡᠨ᠄ ᠴᠢᠳᠠᠯ ᠦᠭᠡᠢ ᠶᠠᠭᠠᠬᠢᠬᠤᠪ᠂
ᠳ᠋ᠢ᠍ᠽᠢ ᠄ ᠠ᠁ ᠪᠢ ᠬᠠᠮᠢᠭ᠎ᠠ ᠨᠢ  ᠢᠷᠡᠴᠢᠬᠡᠪᠡ?
ᠰᠢᠳᠢᠲᠦ ᠵᠢᠷᠤᠭ᠄ ᠴᠢ ᠰᠣᠩᠭᠣᠯᠲᠠ ᠶ᠋ᠢᠨ ᠥᠷᠥᠭᠡᠨ ᠳ᠋ᠦ᠍ ᠪᠠᠢᠨ᠎ᠠ᠂
ᠡᠳᠡᠭᠡᠷ ᠰᠢᠳᠢᠲᠦ ᠵᠢᠷᠤᠭ ᠤ᠋ᠳ ᠤᠷᠤᠭᠤ ᠣᠷᠣᠭᠠᠳ ᠬᠦᠰᠡᠭᠰᠡᠨ ᠭᠠᠵᠠᠷ ᠲᠤ ᠪᠠᠨ ᠣᠴᠢᠵᠤ ᠪᠣᠯᠤᠨ᠎ᠠ ᠰᠢᠦ᠂
ᠳ᠋ᠢ᠍ᠽᠢ ᠄ ᠦ᠂ ᠪᠢ ᠠᠯᠢ ᠶ᠋ᠢ ᠨᠢ ᠰᠣᠩᠭᠣᠬᠤ ᠪᠣᠢ?
ᠨᠠᠮ᠎ᠠ ᠶ᠋ᠢ ᠰᠣᠩᠭᠣ᠂ ᠨᠠᠮ᠎ᠠ ᠶ᠋ᠢ᠂ ᠨᠠᠮ᠎ᠠ ᠶ᠋ᠢ᠂ ᠨᠠᠮ᠎ᠠ ᠶ᠋ᠢ
ᠳ᠋ᠢ᠍ᠽᠢ ᠣᠯᠠᠨ ᠰᠠᠢᠬᠠᠨ ᠵᠢᠷᠤᠭ ᠤ᠋ᠳ ᠢ᠋ ᠬᠠᠷᠠᠭᠠᠳ  ᠰᠢᠢᠳᠴᠦ ᠶᠠᠳᠠᠵᠤ ᠪᠠᠢᠯ᠎ᠠ᠂
ᠳ᠋ᠢ᠍ᠽᠢ ᠄ ᠡᠩ᠂ ᠡᠨᠡ ᠮᠢᠨᠦ᠂ ᠤᠢᠳᠬᠠᠷ ᠲᠠᠢ ᠭᠡᠷ ᠪᠠᠢᠨ᠎ᠠ᠂ ᠪᠠᠢᠵᠠ᠂ ᠡᠨᠡ ᠥᠬᠢᠨ ᠴᠢᠨᠢ ᠬᠡᠨ ᠪᠢᠯᠡ?
ᠲᠡᠷᠡ ᠥᠬᠢᠨ ᠨᠠᠤᠮᠢ ᠪᠠᠢᠯ᠎ᠠ᠂ᠭᠡᠪᠡᠴᠦ ᠳ᠋ᠢ᠍ᠽᠢ ᠳ᠋ᠦ᠍ ᠲᠠᠭᠠᠯᠠᠭᠳᠠᠭᠰᠠᠨ ᠦᠭᠡᠢ᠂ ᠲᠡᠷᠡ ᠴᠠᠭᠠᠰᠢ ᠶᠠᠪᠤᠯ᠎ᠠ᠃ ᠢᠩᠭᠢᠭᠡᠳ ᠨᠠᠤᠮᠢ ᠶ᠋ᠢᠨ ᠭᠠᠢᠬᠠᠯᠲᠠᠢ ᠰᠠᠢᠬᠠᠨ ᠲᠤᠭ ᠨᠠᠮᠢᠷᠠᠭᠰᠠᠨ ᠰᠦᠷᠯᠢᠭ ᠰᠠᠢᠬᠠᠨ ᠣᠷᠳᠣᠨ ᠲᠠᠢ ᠵᠢᠷᠤᠭ ᠢ᠋ ᠬᠠᠷᠠᠯ᠎ᠠ᠃
ᠳ᠋ᠢ᠍ᠽᠢ ᠄ ᠡᠨᠡ ᠲᠡᠭᠦᠰ ᠵᠢᠷᠤᠭ ᠪᠠᠢᠨ᠎ᠠ᠂ ᠣᠷᠳᠣᠨ᠂ ᠡᠩ᠂ ᠬᠥᠥᠭ ᠠᠵᠠ ᠵᠢᠷᠭᠠᠯ ᠲᠠᠢ ᠮᠢᠰᠢᠶᠡᠭᠰᠡᠭᠡᠷ ᠥᠬᠢᠨ ᠵᠢᠷᠤᠭ ᠤᠷᠤᠭᠤ ᠪᠣᠯᠭᠣᠮᠵᠢᠲᠠᠢ ᠣᠷᠣᠯ᠎ᠠ᠂ ᠥᠬᠢᠳ ᠨᠢᠭᠡ ᠨᠢᠭᠡᠨ ᠦ᠌ ᠪᠡᠨ ᠲᠥᠷᠥᠭᠰᠡᠨ ᠨᠤᠲᠤᠭ ᠲᠤ ᠣᠴᠢᠵᠠᠭᠠᠪᠠ᠃ ᠲᠡᠳᠡᠨ ᠢ᠋ ᠰᠢᠳᠢᠲᠦ ᠵᠠᠭᠠᠯᠮᠠᠢᠯᠠᠭᠰᠠᠨ ᠡᠬᠡ ᠬᠠᠷᠠᠵᠤ ᠪᠠᠢᠯ᠎ᠠ᠃
ᠡᠨᠡ ᠦᠶ᠎ᠡ ᠳ᠋ᠦ᠍ ᠨᠠᠤᠮᠢ ᠶ᠋ᠢᠨ ᠡᠵᠢ ᠠᠪᠤ ᠥᠬᠢᠨ ᠢ᠋ᠶ᠋ᠡᠨ ᠠᠯᠠᠭ᠎ᠠ ᠪᠣᠯᠤᠭᠰᠠᠨ ᠳ᠋ᠤ᠌ ᠭᠠᠰᠢᠭᠤᠳᠠᠵᠤ ᠪᠠᠢᠯ᠎ᠠ᠃ ᠬᠠᠭᠠᠨ ᠴᠡᠷᠢᠭ ᠦ᠋ᠳ ᠢ᠋ᠶ᠋ᠡᠨ ᠶᠠᠪᠤᠭᠤᠯᠵᠤ ᠤᠯᠤᠰ ᠣᠷᠣᠨ ᠤ᠋ ᠪᠠᠨ ᠥᠨᠴᠥᠭ ᠪᠤᠯᠤᠩ ᠪᠦᠷᠢ ᠶ᠋ᠢ ᠰᠢᠯᠭᠠᠭᠤᠯᠤᠭᠰᠠᠨ ᠪᠣᠯᠪᠠᠴᠤ ᠥᠬᠢᠨ ᠢ᠋ᠶ᠋ᠡᠨ ᠣᠯᠵᠤ ᠴᠢᠳᠠᠭᠰᠠᠨ ᠦᠭᠡᠢ᠃
ᠳ᠋ᠢ᠍ᠽᠢ ᠄ ᠦ᠂ ᠶᠠᠮᠠᠷ ᠰᠦᠷᠯᠢᠭ ᠶᠦᠮ ᠪᠣᠢ? ᠡᠢᠰᠢ ᠪᠡᠨ ᠶᠠᠭᠠᠬᠢᠵᠤ ᠣᠷᠣᠬᠤ ᠤᠤ?
ᠭᠡᠨᠡᠳᠲᠡ ᠣᠷᠳᠣᠨ ᠤ᠋ ᠰᠢᠪᠡᠭᠴᠢᠨ ᠢ᠋ ᠣᠯᠵᠤ ᠬᠠᠷᠠᠯ᠎ᠠ᠃
ᠳ᠋ᠢ᠍ᠽᠢ ᠄ ᠠ᠂ ᠡᠨᠡ ᠡᠮᠡᠭᠲᠡᠢ ᠣᠷᠳᠣᠨ ᠳ᠋ᠤ᠌ ᠠᠵᠢᠯᠯᠠᠳᠠᠭ ᠶᠤᠮ ᠰᠢᠭ᠋ ᠪᠠᠢᠨ᠎ᠠ᠂ ᠪᠢ  ᠴᠤ᠌ ᠭᠡᠰᠡᠨ ᠠᠵᠢᠯ ᠬᠢᠶ᠎ᠡ᠂ ᠲᠡᠭᠡᠵᠦ ᠯᠡ ᠣᠷᠳᠣᠨ ᠳ᠋ᠤ᠌ ᠣᠷᠣᠵᠤ ᠦᠵᠡᠬᠦ ᠡᠴᠡ᠂
ᠢᠩᠭᠢᠭᠡᠳ ᠳ᠋ᠢ᠍ᠽᠢ ᠬᠠᠭᠠᠨ ᠤ᠋ ᠭᠠᠯ ᠲᠣᠭᠣᠭᠠᠨ ᠳ᠋ᠤ᠌ ᠠᠵᠢᠯ ᠳ᠋ᠤ᠌ ᠣᠷᠣᠯ᠎ᠠ᠃
ᠬᠠᠷᠢᠨ ᠭᠡᠷ᠎ ᠲᠤ ᠨᠢ ᠡᠵᠢ ᠠᠪᠤ ᠶ᠋ᠢᠨ ᠬᠢᠨᠢ ᠰᠠᠨᠠᠭ᠎ᠠ ᠨᠢ ᠵᠣᠪᠠᠵᠤ᠂ ᠥᠬᠢᠨ ᠢ᠋ᠶ᠋ᠡᠨ ᠣᠢᠭ᠎ᠠ ᠦᠭᠡᠢ ᠡᠷᠢᠵᠦ ᠬᠠᠢᠵᠤ ᠪᠠᠢᠯ᠎ᠠ᠂
ᠡᠵᠢ᠄ ᠳ᠋ᠢ᠍ᠽᠢ  ᠡ᠁  ᠮᠢᠨᠦ ᠥᠬᠢᠨ ᠬᠠᠮᠢᠭ᠎ᠠ ᠨᠢ ᠪᠠᠢᠨ᠎ᠠ? ᠦ᠁
ᠬᠣᠨᠢᠴᠢᠨ ᠤ᠋ ᠡᠬᠡᠨᠡᠷ ᠨᠠᠤᠮᠢ ᠶ᠋ᠢ ᠭᠠᠵᠠᠷ ᠬᠡᠪᠲᠡᠭᠡᠳ ᠤᠨᠲᠠᠵᠤ ᠪᠠᠢᠬᠤ ᠶ᠋ᠢ ᠣᠯᠵᠤ ᠬᠠᠷᠠᠭᠠᠳ ᠭᠠᠢᠬᠠᠯ᠎ᠠ᠃ ᠨᠠᠤᠮᠢ ᠵᠢᠷᠤᠭ ᠤᠷᠤᠭᠤ ᠣᠷᠣᠭᠠᠳ ᠲᠥᠭᠡᠷᠢᠵᠦ ᠪᠦᠷ ᠶᠠᠳᠠᠷᠠᠵᠤ ᠲᠤᠢᠯᠳᠠᠭᠰᠠᠨ ᠪᠠᠢᠯ᠎ᠠ᠃ ᠭᠦᠩᠵᠦ ᠰᠡᠷᠡᠭᠡᠳ ᠵᠢᠵᠢᠭ ᠰᠦᠷᠡᠯ ᠦ᠋ᠨ ᠪᠠᠢᠰᠢᠩ ᠳ᠋ᠤ᠌ ᠪᠠᠢᠭ᠎ᠠ ᠪᠠᠨ ᠬᠠᠷᠠᠭᠠᠳ ᠮᠠᠰᠢ ᠶᠡᠬᠡ ᠭᠠᠢᠬᠠᠯ᠎ᠠ᠃
ᠨᠠᠤᠮᠢ᠄ ᠪᠢ ᠬᠠᠮᠢᠭ᠎ᠠ ᠨᠢ ᠪᠠᠢᠨ᠎ᠠ?
ᠳ᠋ᠢ᠍ᠽᠢ ᠶ᠋ᠢᠨ ᠠᠪᠤ᠄ ᠪᠢᠳᠡ ᠴᠢᠮ᠎ᠠ ᠶ᠋ᠢ ᠪᠤᠲᠠᠨ ᠤ᠋ ᠬᠠᠵᠠᠭᠤ ᠳ᠋ᠤ᠌ ᠤᠨᠲᠠᠵᠤ ᠪᠠᠢᠬᠤ ᠳ᠋ᠤ᠌ ᠴᠢᠨᠢ ᠣᠯᠤᠭᠠᠳ ᠭᠡᠷ ᠲᠡᠭᠡᠨ ᠠᠪᠴᠢᠷᠠᠭᠰᠠᠨ ᠶᠤᠮ᠃ ᠴᠢ ᠥᠯᠥᠰᠴᠦ ᠪᠠᠢᠭ᠎ᠠ ᠪᠠᠢᠯᠭᠦᠢ ᠳᠡ?
ᠨᠠᠤᠮᠢ᠄ ᠨᠠᠳᠠ ᠳ᠋ᠤ᠌ ᠡᠢᠮᠦ ᠵᠢᠷ ᠦ᠋ᠨ ᠬᠣᠭᠣᠯᠠ ᠥᠭᠬᠦ ᠬᠡᠷᠡᠭ ᠦᠭᠡᠢ᠂ ᠪᠢ ᠪᠣᠯ ᠭᠦᠩᠵᠦ ᠪᠠᠢᠨ᠎ᠠ᠃
ᠡᠨᠡ ᠦᠭᠡ ᠶ᠋ᠢ ᠰᠣᠨᠣᠰᠤᠭᠠᠳ ᠬᠣᠨᠢᠴᠢᠨ ᠡᠬᠡᠨᠡᠷ ᠨᠥᠬᠥᠷ ᠬᠣᠶᠠᠷ ᠭᠠᠢᠬᠠᠯ᠎ᠠ᠃
ᠳ᠋ᠢ᠍ᠽᠢ ᠶ᠋ᠢᠨ ᠡᠵᠢ᠄ ᠡᠨᠡ ᠥᠬᠢᠨ ᠶᠡᠬᠡ ᠰᠣᠴᠢᠷᠳᠠᠭᠰᠠᠨ ᠪᠠᠢᠨ᠎ᠠ᠂ ᠬᠥᠭᠡᠷᠦᠬᠦᠢ ᠥᠬᠢᠨ᠂
ᠨᠠᠤᠮᠢ᠄ ᠶᠠᠭᠠᠬᠢᠭᠠᠳ ᠰᠢᠪᠡᠨᠡᠵᠦ ᠶᠠᠷᠢᠭᠠᠳ ᠪᠠᠢᠭ᠎ᠠ ᠶᠤᠮ?
ᠨᠠᠤᠮᠢ᠄ ᠶᠠᠭᠠᠬᠢᠭᠠᠳ ᠰᠢᠪᠡᠨᠡᠵᠦ ᠶᠠᠷᠢᠭᠠᠳ ᠪᠠᠢᠭ᠎ᠠ ᠶᠤᠮ?ᠨᠠᠳᠠ ᠳ᠋ᠤ᠌ ᠢᠳᠡᠴᠢᠬᠡᠮᠡᠷ ᠠᠷᠠᠢ ᠳᠥᠩᠭᠡᠭᠦᠷ ᠶᠠᠭᠤᠮ᠎ᠠ ᠣᠯᠤᠭᠠᠳ ᠢᠷ᠎ᠡ᠂
ᠳ᠋ᠢ᠍ᠽᠢ ᠶ᠋ᠢᠨ ᠠᠪᠤ᠄ ᠡᠩ᠂ ᠬᠣᠭᠣᠯᠠ ᠪᠠᠨ ᠢᠳᠡ᠂  ᠠᠯᠢᠪ᠂ ᠬᠣᠩᠭᠣᠷ ᠮᠢᠨᠢ᠂ ᠵᠣᠴᠢᠨ ᠬᠣᠭᠣᠯᠠ ᠪᠠᠨ ᠢᠳᠡᠭ᠃
ᠨᠠᠤᠮᠢ ᠬᠣᠭᠣᠯᠠ ᠶ᠋ᠢ ᠳᠤᠷ᠎ᠠ ᠦᠭᠡᠢᠴᠡᠨ ᠬᠠᠷᠠᠭᠰᠠᠨ ᠪᠣᠯᠪᠠᠴᠤ᠂ ᠥᠯᠥᠰᠬᠦ ᠶ᠋ᠢᠨ ᠡᠷᠬᠡᠨ ᠳ᠋ᠦ᠍ ᠠᠷᠭ᠎ᠠ ᠪᠤᠶᠤ ᠢᠳᠡᠵᠦ ᠣᠷᠬᠢᠯ᠎ᠠ᠂ ᠲᠡᠳᠡ ᠨᠠᠷ  ᠲᠤ ᠲᠠᠯᠠᠷᠬᠠᠬᠤ ᠲᠤᠬᠠᠢ ᠴᠤ᠌ ᠪᠣᠳᠣᠭᠰᠠᠨ ᠦᠭᠡᠢ ᠃ ᠬᠣᠭᠣᠯᠠ ᠪᠠᠨ ᠢᠳᠡᠵᠦ ᠳᠠᠭᠤᠰᠤᠭᠠᠳ ᠳᠣᠣᠷᠠᠲᠤ ᠳᠠᠪᠬᠤᠷ ᠤᠷᠤᠭᠤ ᠪᠠᠭᠤᠭᠠᠳ ᠬᠣᠨᠢᠴᠢᠨ ᠬᠣᠶᠠᠷ ᠢ᠋ ᠭᠤᠨᠢᠭᠲᠠᠢ ᠰᠢᠪᠡᠨᠡᠵᠦ ᠪᠠᠢᠬᠤ ᠶ᠋ᠢ ᠰᠣᠨᠣᠰᠤᠯ᠎ᠠ᠃ ᠳ᠋ᠢ᠍ᠽᠢ ᠶ᠋ᠢᠨ ᠡᠵᠢ᠄ ᠮᠠᠨ ᠤ᠋ ᠬᠠᠮᠤᠭ ᠤ᠋ᠨ ᠰᠡᠭᠦᠯᠴᠢ ᠶ᠋ᠢᠨ ᠪᠢᠰᠢᠯᠠᠭ ᠪᠠᠢᠭᠰᠠᠨ ᠰᠢᠦ ᠳᠡ᠂
ᠳ᠋ᠢ᠍ᠽᠢ ᠶ᠋ᠢᠨ ᠠᠪᠤ᠄ ᠰᠠᠨᠠᠭ᠎ᠠ ᠵᠣᠪᠠᠬᠤ ᠬᠡᠷᠡᠭ ᠦᠭᠡᠢ ᠳᠡ ᠬᠣᠩᠭᠣᠷ ᠮᠢᠨᠢ᠂ ᠡᠨᠡ ᠥᠬᠢᠨ ᠲᠡᠢ ᠰᠠᠢᠬᠠᠨ ᠬᠠᠷᠢᠴᠠᠬᠤ ᠬᠡᠷᠡᠭᠲᠡᠢ᠂ ᠶᠠᠳᠠᠵᠤ ᠯᠠ ᠥᠬᠢᠨ ᠦ᠌ ᠮᠢᠨᠢ ᠦᠶ᠎ᠡ ᠶ᠋ᠢᠨ ᠬᠡᠦᠬᠡᠳ ᠪᠠᠢᠨ᠎ᠠ ᠰᠢᠦ ᠳᠡ᠂ ᠨᠠᠳᠠ ᠳ᠋ᠤ᠌ ᠥᠬᠢᠨ ᠢ᠋ ᠮᠢᠨᠢ ᠰᠠᠨᠠᠭᠳᠠᠭᠤᠯᠵᠤ ᠪᠠᠢᠨ᠎ᠠ᠂ ᠣᠷᠣᠢ ᠶ᠋ᠢᠨ ᠬᠣᠭᠣᠯᠠᠨ ᠳ᠋ᠤ᠌ ᠢᠳᠡᠬᠦ ᠲᠠᠯᠬ᠎ᠠ ᠲᠠᠷᠢᠶ᠎ᠠ ᠪᠢᠳᠡᠨ ᠳ᠋ᠦ᠍ ᠪᠠᠢᠭ᠎ᠠ ᠰᠢᠦ ᠳᠡ᠂
ᠳ᠋ᠢ᠍ᠽᠢ ᠶ᠋ᠢᠨ ᠡᠵᠢ᠄ ᠲᠡᠢᠮᠦ ᠠ᠋᠂ ᠪᠢᠳᠡ ᠥᠯᠥᠰᠴᠦ ᠦᠬᠦᠬᠦ ᠦᠭᠡᠢ ᠯᠡ ᠳᠡ᠂
ᠨᠠᠤᠮᠢ᠄ ᠶᠠᠭᠤ! ᠡᠳᠡ ᠨᠠᠷ ᠲᠤ ᠥᠭᠡᠷ᠎ᠡ ᠢᠳᠡᠬᠦ ᠶᠠᠭᠤᠮ᠎ᠠ ᠪᠠᠢᠬᠤ ᠦᠭᠡᠢ ᠭᠡᠵᠢ ᠤᠤ ᠳᠠ᠂ ᠪᠠᠢᠭᠰᠠᠨ ᠬᠣᠭᠣᠯᠠ ᠪᠠᠨ ᠨᠠᠳᠠ ᠳ᠋ᠤ᠌  ᠥᠭᠭᠦᠭᠰᠡᠨ ᠭᠡᠵᠢ ᠤᠤ?
ᠨᠠᠤᠮᠢ ᠭᠡᠨᠡᠳᠲᠡ ᠪᠦᠳᠦᠭᠦᠯᠢᠭ ᠮᠠᠭᠤᠬᠠᠢ ᠵᠠᠩ ᠭᠠᠷᠭᠠᠭᠰᠠᠨ ᠳ᠋ᠤ᠌ ᠪᠠᠨ ᠶᠡᠬᠡᠳᠡ ᠭᠡᠮᠰᠢᠵᠡᠢ᠃ ᠲᠡᠷᠡ ᠡᠮᠦᠨ᠎ᠡ ᠨᠢ ᠢᠴᠢᠵᠦ ᠪᠠᠢᠭ᠎ᠠ ᠦᠭᠡᠢ ᠶᠦ᠍ᠮ᠂ ᠬᠠᠷᠢᠨ ᠣᠳᠣ ᠥᠭᠡᠷᠡᠴᠢᠯᠡᠭᠳᠡᠬᠦ ᠰᠠᠢᠬᠠᠨ ᠪᠣᠯᠤᠮᠵᠢ ᠭᠠᠷᠤᠭᠰᠠᠨ ᠪᠠᠢᠯ᠎ᠠ᠃
ᠡᠳᠦᠷ ᠬᠣᠨᠣᠭ ᠥᠩᠭᠡᠷᠡᠬᠦ ᠲᠣᠰᠤᠮ ᠨᠠᠤᠮᠢ ᠶᠠᠳᠠᠭᠤ ᠬᠣᠣᠰ ᠢ᠋ ᠠᠵᠢᠭᠯᠠᠨ ᠦᠷᠦ ᠡᠪᠡᠳᠴᠦ ᠪᠠᠭ᠎ᠠ ᠪᠠᠭ᠎ᠠ ᠪᠠᠷ ᠲᠤᠰᠠᠯᠠᠳᠠᠭ ᠪᠣᠯᠤᠯ᠎ᠠ᠃
ᠨᠠᠤᠮᠢ᠄ ᠦ᠁ ᠬᠠ ᠬᠠ ᠬᠠ᠂ ᠦ᠋ ᠠ᠂ ᠡᠨᠡ ᠶᠡᠬᠡ ᠠᠮᠲᠠᠲᠠᠢ ᠶᠤᠮ ᠠ᠋᠂
ᠳ᠋ᠢ᠍ᠽᠢ ᠶ᠋ᠢᠨ ᠡᠵᠢ᠄ ᠪᠢ ᠶᠠᠮᠠᠷ ᠶᠡᠬᠡ ᠪᠠᠶᠠᠷᠯᠠᠵᠤ ᠪᠠᠢᠨ᠎ᠠ ᠭᠡᠵᠢ᠂ ᠲᠥᠮᠥᠰᠥ ᠠᠷᠢᠯᠭᠠᠵᠤ  ᠥᠭᠭᠦᠭᠰᠡᠨ ᠳ᠋ᠦ᠍ ᠪᠠᠶᠠᠷᠯᠠᠯ᠎ᠠ᠂ ᠣᠳᠣ ᠲᠥᠮᠥᠰᠥ ᠪᠡᠨ ᠢᠳᠡ ᠳᠠ᠂
ᠨᠠᠤᠮᠢ ᠰᠠᠢᠨ ᠬᠥᠮᠦᠨ ᠪᠣᠯᠵᠤ ᠥᠭᠡᠷᠡᠴᠢᠯᠡᠭᠳᠡᠵᠦ ᠪᠠᠢᠬᠤ ᠬᠣᠭᠣᠷᠣᠨᠳᠣ ᠳ᠋ᠢ᠍ᠽᠢ ᠣᠷᠳᠣᠨ ᠳ᠋ᠤ᠌ ᠴᠠᠭ ᠢ᠋ ᠠᠶᠤᠮᠰᠢᠭᠲᠠᠢ ᠥᠩᠭᠡᠷᠡᠭᠡᠵᠦ ᠪᠠᠢᠯ᠎ᠠ᠃
ᠰᠢᠪᠡᠭᠴᠢᠨ᠄ ᠳ᠋ᠢ᠍ᠽᠢ ᠠᠶᠠᠭ᠎ᠠ  ᠲᠠᠪᠠᠭ ᠤᠬᠢᠶᠠ᠂
ᠳ᠋ᠢ᠍ᠽᠢ᠄  ᠦ᠂ ᠵᠠ
ᠰᠢᠪᠡᠭᠴᠢᠨ᠄ ᠳ᠋ᠢ᠍ᠽᠢ ᠬᠣᠭᠣᠯᠠᠨ ᠤ᠋ ᠬᠡᠷᠡᠭᠰᠡᠯ ᠢ᠋ ᠶᠠᠮᠠᠷ  ᠴᠤ᠌ ᠲᠣᠰᠣ ᠦᠭᠡᠢ ᠪᠣᠯᠭᠠᠬᠤ ᠬᠡᠷᠡᠭᠲᠡᠢ᠂
ᠳ᠋ᠢ᠍ᠽᠢ᠄  ᠦ᠂ ᠠ᠂ ᠵᠠ ᠁
ᠳ᠋ᠢ᠍ᠽᠢ ᠲᠡᠨᠳᠡ ᠪᠠᠢᠭ᠎ᠠ ᠬᠥᠮᠦᠰ ᠲᠡᠢ ᠠᠯᠢ ᠪᠣᠯᠬᠤ ᠪᠠᠷ ᠡᠶᠡᠯᠳᠡᠭ ᠬᠠᠷᠢᠴᠠᠬᠤ ᠶ᠋ᠢ ᠬᠢᠴᠢᠶᠡᠵᠦ ᠪᠠᠢᠯ᠎ᠠ᠂ ᠭᠡᠪᠡᠴᠦ ᠲᠡᠳᠡ ᠳ᠋ᠢ᠍ᠽᠢ ᠶ᠋ᠢ ᠶᠠᠮᠠᠷ ᠬᠥᠮᠦᠨ ᠭᠡᠳᠡᠭ ᠢ᠋ ᠮᠡᠳᠡᠵᠦ ᠪᠠᠢᠯ᠎ᠠ᠃
ᠳ᠋ᠢ᠍ᠽᠢ᠄ ᠪᠢ ᠡᠨᠡ ᠭᠠᠯ ᠲᠣᠭᠣᠭᠠᠨ ᠠ᠋ᠴᠠ ᠶᠠᠪᠤᠮᠠᠷ ᠪᠠᠢᠨ᠎ᠠ᠂ ᠡᠨᠳᠡ ᠪᠠᠢᠭ᠎ᠠ ᠪᠦᠬᠦ ᠬᠥᠮᠦᠨ ᠪᠦᠭᠦᠳᠡ ᠪᠦᠳᠦᠭᠦᠯᠢᠭ ᠮᠠᠭᠤᠬᠠᠢ ᠠᠭᠠᠰᠢ ᠲᠠᠢ ᠶᠤᠮ᠂ ᠨᠠᠳᠠ ᠰᠢᠭ᠋ ᠰᠠᠢᠨ ᠬᠥᠮᠦᠨ ᠡᠨᠳᠡ ᠪᠠᠢᠬᠤ ᠶᠣᠰᠣ ᠦᠭᠡᠢ᠃
ᠨᠢᠭᠡ ᠡᠳᠦᠷ ᠨᠠᠤᠮᠢ ᠠᠯᠠᠭ᠎ᠠ ᠪᠣᠯᠤᠭᠰᠠᠨ ᠢ᠋ ᠬᠥᠮᠦᠰ ᠦ᠋ᠨ ᠶᠠᠷᠢᠶᠠᠨ ᠠ᠋ᠴᠠ ᠳ᠋ᠢ᠍ᠽᠢ ᠰᠣᠨᠣᠰᠴᠤ ᠮᠡᠳᠡᠯ᠎ᠡ᠃ ᠨᠠᠤᠮᠢ ᠶ᠋ᠢᠨ ᠵᠢᠷᠤᠭ ᠢ᠋ ᠰᠠᠨᠠᠭᠠᠳ ᠭᠡᠨᠡᠳᠲᠡ ᠨᠢᠭᠡ ᠰᠠᠨᠠᠭ᠎ᠠ ᠣᠷᠣᠵᠤ ᠢᠷᠡᠯ᠎ᠡ᠃
ᠳ᠋ᠢ᠍ᠽᠢ᠄ ᠪᠢ ᠶᠠᠭᠤ ᠬᠢᠬᠦ ᠪᠡᠨ ᠮᠡᠳᠡᠯ᠎ᠡ᠂ ᠵᠠ ᠢᠩᠭᠢᠭᠡᠳ ᠪᠠᠭ᠎ᠠ ᠵᠡᠷᠭᠡ ᠳᠠᠪᠤᠰᠤ᠂ᠳᠠᠬᠢᠭᠠᠳ ᠵᠢᠭᠠᠬᠠᠨ ᠢ᠋᠂ ᠳᠠᠬᠢᠭᠠᠳ ᠵᠢᠭᠠᠬᠠᠨ ᠢ᠋ ᠨᠡᠮᠡᠭᠡᠳ᠂ ᠠ ᠬᠠ ᠬᠠ ᠬᠠ
ᠬᠠᠭᠠᠨ᠄ ᠦ᠂ ᠠ᠋᠂ ᠶᠠᠭᠤ ᠪᠣᠢ? ᠬᠡᠨ ᠡᠨᠡ ᠬᠣᠭᠣᠯᠠ ᠶ᠋ᠢ ᠬᠢᠭᠰᠡᠨ ᠪᠣᠢ? ᠲᠡᠷᠡ ᠬᠥᠮᠦᠨ ᠢ᠋ ᠠᠪᠤᠭᠠᠳ ᠢᠷ᠎ᠡ᠂ ᠶᠠᠭᠠᠬᠢᠭᠠᠳ ᠨᠠᠳᠠ ᠳ᠋ᠤ᠌ ᠡᠢᠮᠦ ᠠᠶᠤᠮᠰᠢᠭᠲᠠᠢ ᠬᠣᠭᠣᠯᠠ ᠬᠢᠵᠦ ᠥᠭᠳᠡᠭ ᠪᠢᠯᠡ?
ᠳ᠋ᠧᠽᠢ᠄ ᠠ᠂ ᠲᠠᠨ ᠤ᠋ ᠠᠩᠬᠠᠷᠤᠯ ᠳ᠋ᠤ᠌ ᠥᠷᠲᠥᠬᠦ ᠭᠡᠵᠦ ᠵᠣᠷᠢᠭᠤᠳᠠ ᠢᠩᠭᠢᠭᠰᠡᠨ ᠶᠦᠮ ᠠ᠋᠂ ᠲᠠᠨ ᠤ᠋ ᠥᠬᠢᠨ ᠬᠠᠮᠢᠭ᠎ᠠ ᠨᠢ ᠪᠠᠢᠭ᠎ᠠ ᠶ᠋ᠢ ᠪᠢ ᠮᠡᠳᠡᠨ᠎ᠡ᠂
ᠬᠠᠲᠤᠨ᠄ ᠶᠠᠭᠤ? ᠬᠠᠮᠢᠭ᠎ᠠ ᠨᠢ ᠪᠠᠢᠭ᠎ᠠ ᠭᠡᠵᠢ?
ᠳ᠋ᠢ᠍ᠽᠢ᠄ ᠲᠡᠷᠡ ᠮᠢᠨᠦ ᠲᠥᠷᠥᠭᠰᠡᠨ ᠨᠤᠲᠤᠭ ᠲᠤ ᠪᠠᠢᠭ᠎ᠠ᠂ ᠪᠢ ᠲᠠᠢᠰᠢ ᠪᠠᠨ ᠳᠠᠭᠠᠭᠤᠯᠤᠭᠠᠳ ᠣᠴᠢᠵᠤ ᠴᠢᠳᠠᠨ᠎ᠠ᠂ ᠭᠡᠬᠦ ᠳ᠋ᠦ᠍ ᠪᠡᠨ
ᠬᠠᠭᠠᠨ᠄ ᠭᠡᠬᠦ ᠳ᠋ᠦ᠍ ᠪᠡᠨ
ᠳ᠋ᠢ᠍ᠽᠢ᠄ ᠨᠠᠳᠠ ᠳ᠋ᠤ᠌ ᠱᠠᠩᠨᠠᠯ ᠥᠭᠬᠦ ᠬᠡᠷᠡᠭᠲᠡᠢ᠂
ᠱᠠᠩᠨᠠᠯ ᠥᠭᠬᠦ ᠦᠭᠡᠢ ᠪᠣᠯ ᠭᠦᠩᠵᠦ ᠪᠡᠨ ᠣᠯᠵᠤ ᠴᠢᠳᠠᠬᠤ ᠦᠭᠡᠢ᠂
ᠬᠠᠭᠠᠨ ᠤ᠋ ᠠᠭᠤᠷ ᠨᠢ ᠬᠡᠳᠦᠢ ᠬᠦᠷᠴᠦ ᠪᠠᠢᠭᠰᠠᠨ ᠴᠤ᠌ ᠬᠠᠢᠷᠠᠲᠠᠢ ᠥᠬᠢᠨ ᠢ᠋ᠶ᠋ᠡᠨ ᠣᠯᠤᠨ᠎ᠠ ᠭᠡᠵᠦ ᠪᠣᠳᠣᠭᠠᠳ ᠵᠥᠪᠰᠢᠶᠡᠷᠡᠯ᠎ᠡ᠃
ᠲᠡᠳᠡ ᠤᠳᠠᠯ ᠦᠭᠡᠢ ᠨᠤᠭᠤ ᠤᠷᠤᠭᠤ ᠬᠥᠳᠡᠯᠦᠯ᠎ᠡ᠂ᠳ᠋ᠢ᠍ᠽᠢ ᠭᠡᠷ ᠦ᠋ᠨ ᠬᠢᠨ ᠳ᠋ᠦ᠍ ᠪᠡᠨ ᠶᠠᠮᠠᠷ ᠶᠡᠬᠡ ᠠᠶᠤᠯ ᠠᠪᠴᠢᠷᠠᠵᠤ ᠪᠠᠢᠭ᠎ᠠ ᠪᠠᠨ ᠮᠡᠳᠡᠭᠰᠡᠨ ᠦᠭᠡᠢ᠂ ᠵᠥᠪᠬᠡᠨ ᠠᠪᠬᠤ ᠱᠠᠩᠨᠠᠯ ᠢ᠋ᠶ᠋ᠠᠨ ᠯᠠ ᠪᠣᠳᠣᠵᠤ ᠪᠠᠢᠯ᠎ᠠ᠃
ᠲᠡᠳᠡ ᠢᠷᠡᠭᠡᠳ ᠨᠠᠤᠮᠢ ᠬᠣᠨᠢᠴᠢᠨ ᠡᠬᠡᠨᠡᠷ ᠨᠥᠬᠥᠷ ᠬᠣᠶᠠᠷ ᠲᠠᠢ ᠢᠨᠢᠶᠡᠯᠳᠦᠨ ᠵᠣᠭᠰᠣᠵᠤ ᠪᠠᠢᠭ᠎ᠠ ᠶ᠋ᠢ ᠬᠠᠷᠠᠯ᠎ᠠ᠃ ᠤᠷᠪᠠᠭᠠᠷ ᠶᠡᠬᠡ ᠵᠠᠩ ᠲᠠᠢ ᠭᠦᠩᠵᠦ ᠪᠠᠢᠬᠤ ᠪᠠᠨ ᠪᠣᠯᠢᠭᠠᠳ ᠬᠠᠷᠢᠨ  ᠴᠤ᠌ ᠤᠯᠠᠭ᠎ᠠ ᠪᠤᠲᠠᠷᠠᠭᠰᠠᠨ ᠴᠢᠷᠠᠢ ᠲᠠᠢ ᠢᠨᠢᠶᠡᠵᠦ ᠬᠦᠬᠦᠷᠡᠭᠰᠡᠨ ᠥᠬᠢᠨ ᠪᠣᠯᠤᠭᠰᠠᠨ ᠪᠠᠢᠯ᠎ᠠ᠃
ᠬᠠᠭᠠᠨ᠄ ᠡᠨᠡ᠂ ᠡᠨᠡ ᠦᠨᠡᠬᠡᠷ ᠥᠬᠢᠨ ᠮᠢᠨᠢ ᠮᠥᠨ ᠭᠡᠵᠢ ᠤᠤ?
ᠬᠠᠲᠤᠨ᠄ ᠡᠨᠡ ᠮᠥᠨ ᠪᠠᠢᠨ᠎ᠠ᠂ ᠦ ᠬᠦ᠂ ᠮᠢᠨᠦ ᠥᠬᠢᠨ ᠪᠠᠢᠨ᠎ᠠ᠂
ᠬᠠᠭᠠᠨ᠄ ᠠ᠋᠂ ᠴᠢ ᠶᠠᠭᠠᠬᠢᠵᠤ ᠥᠬᠢᠨ ᠢ᠋ ᠮᠢᠨᠢ ᠬᠤᠯᠠᠭᠠᠢᠯᠠᠵᠤ ᠵᠢᠷᠦᠬᠡᠯᠡᠵᠦ ᠪᠠᠢᠨ᠎ᠠ?
ᠨᠠᠤᠮᠢ᠄ ᠡᠵᠢ ᠠ᠋᠂ ᠠᠪᠤ ᠠ᠋᠂ ᠬᠦᠯᠢᠶᠡ᠂
ᠬᠠᠭᠠᠨ ᠬᠢᠯᠢᠩᠨᠡᠵᠦ ᠠᠭᠤᠷᠯᠠᠭᠰᠠᠨ ᠲᠤᠯᠠ ᠬᠥᠭᠡᠷᠦᠬᠦᠢ ᠶᠠᠳᠠᠭᠤ ᠬᠣᠣᠰ ᠢ᠋ ᠬᠠᠷᠠᠭᠤᠯ ᠤ᠋ᠳ  ᠲᠤ ᠪᠡᠨ ᠬᠡᠯᠡᠨ ᠪᠠᠷᠢᠪᠴᠢᠯᠠᠪᠠ᠃ ᠡᠭᠦᠨ ᠢ᠋ ᠬᠠᠷᠠᠭᠠᠳ ᠳ᠋ᠢ᠍ᠽᠢ ᠶᠡᠬᠡᠳᠡ ᠠᠶᠤᠵᠠᠢ ᠭᠡᠨ᠎ᠡ᠃
ᠳ᠋ᠧᠽᠢ ᠶ᠋ᠢᠨ ᠠᠪᠤ᠄ ᠭᠦᠩᠵᠦ ᠭᠡᠳᠡᠭ ᠢ᠋ ᠨᠢ ᠪᠢᠳᠡ ᠬᠣᠶᠠᠷ ᠮᠡᠳᠡᠭᠡ ᠦᠭᠡᠢ᠂
ᠬᠠᠭᠠᠨ᠄ ᠴᠢᠮᠡᠭᠡ ᠦᠭᠡᠢ᠂ ᠲᠠ ᠬᠣᠶᠠᠷ ᠢ᠋ ᠱᠣᠷᠣᠩ ᠳ᠋ᠤ᠌ ᠬᠣᠷᠢᠨ᠎ᠠ᠂
ᠳ᠋ᠢ᠍ᠽᠢ᠄ ᠶᠠᠭᠤ
ᠳ᠋ᠢ᠍ᠽᠢ ᠶ᠋ᠢᠨ ᠡᠵᠢ᠄ ᠳ᠋ᠢ᠍ᠽᠢ᠁
ᠬᠠᠭᠠᠨ᠄ ᠡᠨᠡ ᠥᠬᠢᠨ ᠢ᠋ ᠲᠠᠨᠢᠬᠤ ᠶᠤᠮ ᠤᠤ? ᠪᠢᠳᠡᠨ ᠢ᠋ ᠨᠠᠭᠠᠰᠢ ᠨᠢ ᠳᠠᠭᠠᠭᠤᠯᠵᠤ ᠢᠷᠡᠭᠰᠡᠨ ᠶᠦᠮ᠂ ᠡᠨᠡ ᠥᠬᠢᠨ ᠢ᠋  ᠴᠤ᠌ ᠭᠡᠰᠡᠨ ᠱᠣᠷᠣᠩ ᠳ᠋ᠤ᠌ ᠬᠣᠷᠢ᠂
ᠳ᠋ᠢ᠍ᠽᠢ ᠶ᠋ᠢᠨ ᠠᠪᠤ᠄ ᠦ᠂ ᠦᠭᠡᠢ᠂ ᠭᠤᠶᠤᠶ᠎ᠠ᠂ ᠡᠷᠬᠢᠮ ᠳᠡᠭᠡᠳᠦᠰ ᠠ᠋᠂ ᠥᠰᠢᠪᠡᠯ ᠪᠢᠳᠡᠨ ᠢ᠋ ᠱᠣᠷᠣᠩ ᠳ᠋ᠤ᠌ ᠬᠣᠷᠢ᠂ ᠥᠬᠢᠨ ᠢ᠋ ᠮᠢᠨᠢ ᠬᠣᠷᠢᠵᠤ ᠪᠣᠯᠬᠤ ᠦᠭᠡᠢ᠃
ᠥᠪᠡᠷᠰᠡᠳ ᠢ᠋ ᠨᠢ ᠠᠶᠤᠯ ᠳ᠋ᠤ᠌ ᠤᠴᠠᠷᠠᠭᠤᠯᠤᠭᠰᠠᠨ ᠴᠤ᠌ ᠭᠡᠰᠡᠨ ᠥᠬᠢᠨ ᠢ᠋ᠶ᠋ᠡᠨ ᠬᠠᠷᠠᠭᠠᠳ ᠪᠠᠶᠠᠷᠯᠠᠵᠤ ᠪᠠᠢᠭ᠎ᠠ ᠠᠪᠤ ᠡᠵᠢ ᠶ᠋ᠢ ᠪᠡᠨ ᠬᠠᠷᠠᠭᠠᠳ ᠮᠠᠭᠤᠬᠠᠢ ᠵᠠᠩ ᠭᠠᠷᠭᠠᠵᠤ ᠪᠠᠢᠭᠰᠠᠨ ᠳ᠋ᠤ᠌ ᠪᠠᠨ ᠳ᠋ᠢ᠍ᠽᠢ ᠭᠡᠮᠰᠢᠵᠡᠢ ᠭᠡᠨ᠎ᠡ᠃
ᠳ᠋ᠢ᠍ᠽᠢ᠄ ᠡᠵᠢ ᠠ᠋᠂ ᠠᠪᠤ ᠠ᠋᠂ ᠨᠠᠮ᠎ᠠ ᠶ᠋ᠢ ᠠᠭᠤᠴᠢᠯᠠᠭᠠᠷᠠᠢ᠂ ᠪᠢ ᠦᠨᠡᠬᠡᠷ ᠮᠠᠭᠤ ᠥᠬᠢᠨ ᠶᠦᠮ ᠠ᠋᠂
ᠭᠡᠨᠡᠳᠲᠡ ᠰᠢᠳᠢᠲᠦ ᠵᠠᠭᠠᠯᠮᠠᠢᠯᠠᠭᠰᠠᠨ ᠡᠬᠡ ᠢᠨᠢᠶᠡᠮᠰᠦᠭᠯᠡᠭᠰᠡᠭᠡᠷ ᠭᠠᠷᠴᠤ ᠢᠷᠡᠯ᠎ᠡ᠃
ᠰᠢᠳᠢᠲᠡᠨ᠄ ᠡᠷᠬᠢᠮ ᠳᠡᠭᠡᠳᠦᠰ ᠠ᠋᠂ ᠪᠢ ᠲᠠᠨ ᠤ᠋ ᠥᠬᠢᠨ ᠢ᠋ ᠰᠠᠢᠬᠠᠨ ᠰᠡᠳᠬᠢᠯ ᠲᠡᠢ ᠪᠣᠯᠭᠠᠬᠤ ᠶ᠋ᠢᠨ ᠲᠤᠯᠠᠳᠠ ᠵᠣᠷᠢᠭᠤᠳᠠ ᠣᠷᠳᠣᠨ ᠠ᠋ᠴᠠ ᠶᠠᠪᠤᠭᠤᠯᠤᠭᠰᠠᠨ ᠪᠢᠯᠡ᠂
ᠬᠠᠭᠠᠨ᠄ ᠶᠠᠭᠤ?
ᠰᠢᠳᠢᠲᠡᠨ᠄ ᠬᠣᠨᠢᠴᠢᠨ ᠮᠢᠨᠢ᠂ ᠥᠬᠢᠨ ᠢ᠋ ᠴᠢᠨᠢ ᠳᠠᠷᠤᠤᠬᠠᠨ ᠵᠠᠩ ᠰᠤᠷᠭᠠᠬᠤ ᠶ᠋ᠢᠨ ᠲᠤᠯᠠᠳᠠ ᠪᠢ ᠭᠡᠷ ᠡᠴᠡ ᠨᠢ ᠠᠪᠴᠤ ᠶᠠᠪᠤᠭᠰᠠᠨ ᠪᠢᠯᠡ᠂ ᠡᠨᠡ ᠬᠣᠶᠠᠷ ᠬᠣᠶᠠᠭᠤᠯᠠ ᠪᠠᠨ ᠰᠠᠢᠨ ᠣᠢᠯᠠᠭᠠᠵᠤ ᠰᠤᠷᠤᠭᠰᠠᠨ ᠶᠤᠮ ᠰᠢᠭ᠋ ᠪᠠᠢᠨ᠎ᠠ᠃
ᠳ᠋ᠢ᠍ᠽᠢ᠄ ᠲᠡᠢᠮᠦ ᠠ᠋᠂ ᠪᠢ ᠬᠡᠵᠢᠶ᠎ᠡ ᠴᠦ᠍ ᠳᠠᠬᠢᠵᠤ ᠪᠠᠷᠳᠠᠮ ᠵᠠᠩ ᠭᠠᠷᠭᠠᠬᠤ ᠦᠭᠡᠢ᠂ ᠠ᠋᠂ ᠪᠢ ᠦᠨᠡᠬᠡᠷ ᠮᠠᠭᠤᠬᠠᠢ ᠵᠠᠩ ᠭᠠᠷᠭᠠᠵᠤ ᠪᠠᠢᠵᠠᠢ᠂ ᠲᠠ ᠬᠣᠶᠠᠷ ᠢ᠋ ᠡᠢᠮᠦ ᠵᠣᠪᠠᠯᠠᠩ ᠳ᠋ᠤ᠌ ᠤᠨᠠᠭᠠᠵᠤ ᠪᠠᠢᠬᠤ ᠳ᠋ᠤ᠌ ᠬᠦᠷᠲᠡᠯ᠎ᠡ ᠲᠠ ᠬᠣᠶᠠᠷ ᠨᠠᠮ᠎ᠠ ᠶ᠋ᠢ ᠬᠠᠮᠠᠭᠠᠯᠠᠵᠤ ᠪᠠᠢᠨ᠎ᠠ ᠰᠢᠦ ᠳᠡ᠂
ᠳ᠋ᠢ᠍ᠽᠢ ᠶ᠋ᠢᠨ ᠠᠪᠤ᠄ ᠥᠬᠢᠨ ᠮᠢᠨᠢ ᠳᠡ᠂ ᠶᠠᠭᠤ ᠴᠤ᠌  ᠪᠣᠯᠵᠤ ᠪᠠᠢᠭᠰᠠᠨ ᠪᠢᠳᠡ ᠬᠣᠶᠠᠷ ᠴᠢᠮ᠎ᠠ ᠶ᠋ᠢ ᠬᠠᠢᠷᠠᠯᠠᠨ᠎ᠠ᠂
ᠨᠠᠤᠮᠢ᠄ ᠠᠪᠤ ᠠ᠋᠂ ᠡᠳᠡ ᠨᠠᠷ ᠢ᠋ ᠰᠤᠯᠠᠯᠠᠭᠠᠴᠢ ᠳᠠ᠂ ᠡᠨᠡ ᠬᠣᠶᠠᠷ ᠬᠥᠮᠦᠨ ᠨᠠᠳᠠ ᠳ᠋ᠤ᠌ ᠶᠡᠬᠡ ᠰᠠᠢᠨ ᠲᠤᠰᠠᠯᠠᠵᠤ ᠪᠠᠢᠭᠰᠠᠨ᠂ ᠪᠢ ᠡᠳᠡᠨ ᠡᠴᠡ ᠶᠡᠬᠡ ᠵᠦᠢᠯ ᠰᠤᠷᠤᠭᠰᠠᠨ᠂ ᠶᠡᠬᠡ ᠵᠦᠢᠯ ᠰᠤᠷᠭᠠᠭᠰᠠᠨ ᠲᠠ ᠬᠣᠶᠠᠷ  ᠲᠤ ᠮᠠᠰᠢ ᠶᠡᠬᠡ  ᠪᠠᠶᠠᠷᠯᠠᠯ᠎ᠠ᠃
ᠳ᠋ᠢ᠍ᠽᠢ᠄ ᠪᠢ ᠶᠠᠮᠠᠷ ᠥᠭᠡᠳᠡ ᠦᠭᠡᠢ ᠬᠥᠮᠦᠨ ᠪᠠᠢᠭᠰᠠᠨ ᠢ᠋ᠶ᠋ᠠᠨ ᠣᠳᠣ ᠯᠠ ᠣᠢᠯᠠᠭᠠᠯ᠎ᠠ᠂ ᠥᠪᠡᠷ ᠢ᠋ ᠪᠡᠨ ᠥᠭᠡᠷᠡᠴᠢᠯᠡᠨ᠎ᠡ ᠭᠡᠵᠦ ᠠᠮᠠᠯᠠᠶ᠎ᠠ᠂ ᠪᠠᠶᠠᠷᠯᠠᠯ᠎ᠠ᠂ ᠰᠢᠳᠢᠲᠦ ᠵᠠᠭᠠᠯᠮᠠᠢᠯᠠᠭᠰᠠᠨ ᠡᠬᠡ ᠠ᠋᠂
ᠬᠠᠭᠠᠨ᠂ 
ᠬᠠᠲᠤᠨ᠄ ᠦ᠁ᠪᠢᠳᠡᠨ ᠢ᠋ ᠴᠤ᠌ ᠭᠡᠰᠡᠨ ᠠᠭᠤᠴᠢᠯᠠᠭᠠᠷᠠᠢ᠂ ᠮᠠᠭᠤᠬᠠᠢ ᠵᠠᠩ ᠭᠠᠷᠭᠠᠵᠤ ᠪᠠᠢᠭᠰᠠᠨ ᠳ᠋ᠤ᠌᠂
ᠰᠢᠳᠢᠲᠡᠨ᠄ ᠲᠠ ᠬᠣᠶᠠᠷ ᠢ᠋ᠶ᠋ᠠᠷ ᠦᠨᠡᠬᠡᠷ ᠶᠡᠬᠡ ᠪᠠᠬᠠᠷᠬᠠᠵᠤ ᠪᠠᠢᠨ᠎ᠠ᠂ ᠲᠠ ᠬᠣᠶᠠᠷ ᠢ᠋ ᠦᠷᠭᠦᠯᠵᠢ ᠬᠠᠷᠠᠵᠤ ᠪᠠᠢᠨ᠎ᠠ ᠰᠢᠦ᠂ ᠵᠠ᠂ ᠪᠠᠶᠠᠷᠲᠠᠢ!
ᠨᠠᠤᠮᠢ ᠪᠣᠯᠤᠨ ᠲᠡᠭᠦᠨ ᠦ᠌ ᠡᠴᠢᠭᠡ ᠡᠬᠡ᠂ ᠳ᠋ᠢ᠍ᠽᠢ ᠪᠣᠯᠤᠨ ᠲᠡᠭᠦᠨ ᠦ᠌ ᠠᠪᠤ ᠡᠵᠢ ᠰᠠᠯᠬᠤ ᠶᠣᠰᠣ ᠬᠢᠭᠡᠳ ᠣᠷᠳᠣᠨ ᠤᠷᠤᠭᠤ ᠪᠠᠨ ᠶᠠᠪᠤᠵᠠᠭᠠᠯ᠎ᠠ᠂
ᠳ᠋ᠢ᠍ᠽᠢ ᠠᠮᠠᠯᠠᠭᠰᠠᠨ ᠶᠣᠰᠣᠭᠠᠷ ᠢ᠋ᠶ᠋ᠠᠨ ᠳᠠᠷᠤᠤᠬᠠᠨ ᠲᠤᠰᠠᠴᠢ ᠥᠬᠢᠨ ᠪᠣᠯᠵᠠᠢ᠂ ᠡᠭᠦᠨ ᠢ᠋ ᠨᠢ ᠬᠠᠷᠠᠭᠠᠳ ᠠᠪᠤ ᠡᠵᠢ ᠨᠢ ᠬᠢᠵᠠᠭᠠᠷ ᠦᠭᠡᠢ ᠶᠡᠬᠡ ᠪᠠᠶᠠᠷᠯᠠᠯ᠎ᠠ᠃ ᠨᠠᠤᠮᠢ ᠴᠤ᠌ ᠭᠡᠰᠡᠨ ᠰᠠᠢᠬᠠᠨ ᠰᠡᠳᠬᠢᠯ ᠲᠠᠢ ᠪᠣᠯᠵᠤ ᠬᠥᠮᠦᠨ ᠪᠦᠷᠢ ᠶ᠋ᠢ ᠭᠠᠢᠬᠠᠰᠢᠷᠠᠭᠤᠯᠤᠯ᠎ᠠ᠂ ᠬᠥᠮᠦᠰ ᠲᠡᠭᠦᠨ ᠢ᠋ ᠢᠯᠡᠭᠦᠦ ᠶᠡᠬᠡ ᠪᠡᠷ ᠬᠠᠢᠷᠠᠯᠠᠬᠤ ᠪᠣᠯᠵᠠᠢ᠃
ᠬᠣᠶᠠᠷ ᠥᠬᠢᠨ ᠪᠡᠶ᠎ᠡ ᠪᠠᠶᠠᠨ ᠠ᠋ᠴᠠ ᠪᠠᠨ ᠳᠠᠷᠤᠤᠬᠠᠨ ᠰᠠᠢᠬᠠᠨ ᠰᠡᠳᠬᠢᠯ ᠲᠡᠢ ᠪᠠᠢᠬᠤ ᠶ᠋ᠢ ᠰᠤᠷᠤᠯᠴᠠᠵᠤ᠂ ᠥᠭᠭᠦᠭᠰᠡᠨ ᠦ᠌ ᠪᠡᠨ ᠬᠢᠷᠢ ᠪᠡᠷ ᠬᠠᠢᠷ᠎ᠠ ᠬᠠᠯᠠᠮᠵᠢ ᠠᠪᠳᠠᠭ ᠭᠡᠳᠡᠭ ᠢ᠋ ᠣᠢᠯᠠᠭᠠᠵᠠᠢ᠃ ᠭᠡᠬᠦ ᠳ᠋ᠦ᠍ ᠪᠡᠨ ᠥᠭᠬᠦ ᠨᠢ ᠠᠪᠬᠤ ᠠ᠋ᠴᠠ ᠪᠠᠨ ᠢᠯᠡᠭᠦᠦ ᠴᠢᠬᠤᠯᠠ᠂ ᠡᠨᠡ ᠬᠣᠶᠠᠷ ᠦᠷᠭᠦᠯᠵᠢ ᠡᠭᠦᠨ ᠢ᠋ ᠰᠠᠨᠠᠵᠤ ᠶᠠᠪᠤᠨ᠎ᠠ ᠭᠡᠳᠡᠭ  ᠲᠤ ᠢᠲᠡᠭᠡᠯᠲᠡᠢ ᠪᠠᠢᠨ᠎ᠠ᠃

   ᠦᠰᠦᠭ ᠠᠮᠢᠯᠠᠭᠤᠯᠤᠭᠴᠢ᠄ ᠠᠯᠲᠠᠨᠬᠤᠶᠠᠭ
   ᠦᠰᠦᠭ ᠬᠠᠳᠠᠭᠴᠢ᠄ ᠭᠠᠸᠠ
   ᠬᠢᠨᠠᠭᠴᠢ᠄ ᠢᠷᠡᠭᠡᠳᠦᠢ᠂ ᠣᠳᠬᠠᠨᠰᠸ᠎ᠠ