1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠭᠤᠷ ᠮᠠᠨᠴᠤ Уур манцу-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-15ᠤ᠋· ᠰ· ᠬᠥᠭᠵᠢᠯᠲᠦ

ᠤᠭᠤᠷ ᠮᠠᠨᠴᠤ Уур манцу-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-15ᠤ᠋· ᠰ· ᠬᠥᠭᠵᠢᠯᠲᠦ

2023-11-23

937

ᠤᠭᠤᠷ ᠮᠠᠨᠴᠤ

           ᠪ· ᠰ ᠬᠥᠭᠵᠢᠯᠲᠦ ᠵᠣᠷᠢᠭᠲᠤ 
             ᠣᠭᠣᠷ ᠪᠣᠯ ᠠᠮᠤ ᠴᠠᠢᠯᠭᠠᠬᠤ ᠪᠠᠭᠠᠵᠢ ᠶᠤᠮ᠃ ᠮᠣᠳᠣ᠂ ᠴᠢᠯᠠᠭᠤ᠂ ᠵᠡᠰ᠂ ᠭᠠᠤᠯᠢ᠂ ᠲᠡᠮᠦᠷ ᠵᠡᠷᠭᠡ ᠮᠠᠲ᠋ᠧᠷᠢᠶᠠᠯ ᠢ᠋ᠶ᠋ᠠᠷ ᠬᠢᠭᠰᠡᠨ ᠶᠡᠬᠡ ᠪᠠᠭ᠎ᠠ ᠣᠯᠠᠨ ᠵᠦᠢᠯ ᠦ᠋ᠨ ᠣᠭᠣᠷ ᠪᠠᠢᠳᠠᠭ᠃ ᠮᠣᠳᠣᠨ ᠤᠭᠤᠷ ᠨᠢ ᠬᠥᠩᠭᠡᠨ ᠪᠥᠭᠡᠳ ᠪᠥᠬᠡ ᠲᠤᠯᠠ ᠨᠡᠭᠦᠳᠡᠯᠯᠡᠨ ᠮᠠᠯᠵᠢᠳᠠᠭ ᠮᠣᠩᠭᠣᠯᠴᠤᠳ ᠬᠡᠷᠡᠭᠯᠡᠬᠦ ᠳᠤᠷᠠᠲᠠᠢ ᠪᠠᠢᠳᠠᠭ᠃ ᠡᠩ ᠦ᠋ᠨ ᠮᠣᠳᠣᠨ ᠣᠭᠣᠷ ᠤ᠋ᠨ ᠷᠠᠳᠢᠦ᠋ᠰ ᠨᠢ ᠶᠡᠷᠦ ᠳ᠋ᠦ᠍ ᠪᠡᠨ 30cm ᠠ᠋ᠴᠠ ᠳᠡᠭᠡᠭᠰᠢ᠂ ᠥᠨᠳᠥᠷ ᠨᠢ50cm ᠠ᠋ᠴᠠ ᠳᠡᠭᠡᠭᠰᠢ ᠪᠠᠢᠳᠠᠭ᠃ ᠶᠠᠭᠤᠨ ᠤ᠋ ᠤᠷᠢᠳᠠ᠂ ᠣᠭᠣᠷ ᠬᠢᠬᠦ ᠳ᠋ᠦ᠍《ᠰᠢᠲᠠᠭᠠᠬᠤ》 ᠠᠷᠭ᠎ᠠ ᠶ᠋ᠢ ᠬᠡᠷᠡᠭᠯᠡᠳᠡᠭ᠃ ᠬᠦᠴᠦ ᠪᠠ ᠴᠠᠭ ᠢ᠋ ᠠᠷᠪᠢᠯᠠᠬᠤ ᠶ᠋ᠢᠨ ᠲᠥᠯᠥᠭᠡ ᠮᠣᠳᠣᠨ ᠳᠠᠷᠬᠠᠳ ᠮᠢᠨᠢ ᠤᠭᠤᠷ ᠢ᠋ᠶ᠋ᠠᠨ ᠨᠦᠬᠡᠯᠡᠬᠦ ᠳ᠋ᠦ᠍ ᠤᠷᠢᠳᠠ ᠪᠠᠷ ᠴᠦᠴᠡ ᠪᠡᠷ ᠵᠢᠭᠠᠬᠠᠨ ᠨᠦᠬᠡ ᠬᠣᠩᠬᠣᠢᠯᠭᠠᠵᠤ ᠳᠣᠲᠣᠷ᠎ᠠ ᠨᠢ ᠨᠡᠭᠦᠷᠡᠰᠦᠨ ᠴᠣᠭ ᠬᠢᠵᠦ ᠰᠢᠲᠠᠭᠠᠭᠠᠳ ᠳᠠᠷᠠᠭ᠎ᠠ ᠨᠢ ᠴᠦᠴᠡ ᠪᠡᠷ ᠤᠬᠤᠳᠠᠭ᠃ ᠳᠠᠬᠢᠨ ᠳᠠᠪᠲᠠᠨ ᠰᠢᠲᠠᠭᠠᠵᠤ ᠳᠠᠬᠢᠨ ᠳᠠᠪᠲᠠᠨ ᠤᠬᠤᠭᠰᠠᠨ ᠤ᠋ ᠡᠴᠦᠰ ᠲᠤ  ᠤᠭᠤᠷ ᠤ᠋ᠨ ᠴᠡᠭᠡᠯ ᠨᠢ ᠠᠭᠤᠵᠢᠮ ᠪᠥᠭᠡᠳ ᠭᠥᠯᠢᠭᠡᠷ ᠪᠣᠯᠳᠠᠭ᠃ ᠬᠣᠶᠠᠷ ᠲᠤ ᠂ ᠬᠥᠯ ᠣᠭᠣᠷ ᠨᠢ ᠬᠥᠰᠢᠭᠦᠷᠭᠡ ᠶ᠋ᠢᠨ ᠤᠬᠠᠭᠠᠨ ᠢ᠋ ᠰᠠᠢᠬᠠᠨ ᠠᠰᠢᠭᠯᠠᠵᠠᠢ᠃ ᠪᠠᠶᠠᠴᠤᠳ ᠤ᠋ᠨ ᠵᠠᠷᠤᠳᠠᠭ ᠬᠥᠯ ᠤᠭᠤᠷ ᠨᠢ ᠬᠦᠨᠳᠦ ᠶ᠋ᠢᠨ ᠬᠦᠴᠦ ᠪᠠ ᠬᠥᠰᠢᠭᠦᠷᠬᠡ ᠶ᠋ᠢᠨ ᠤᠬᠠᠭᠠᠨ ᠢ᠋ ᠬᠡᠷᠡᠭᠯᠡᠭᠰᠡᠨ ᠡᠴᠡ ᠬᠦᠴᠦ ᠪᠠ ᠴᠠᠭ ᠢ᠋ ᠠᠷᠪᠢᠯᠠᠳᠠᠭ ᠪᠥᠭᠡᠳ ᠪᠤᠳᠠᠭ᠎ᠠ ᠴᠠᠢᠯᠭᠠᠬᠤ ᠴᠢᠳᠠᠮᠵᠢ ᠪᠠᠷ ᠰᠠᠢᠨ ᠪᠠᠢᠳᠠᠭ᠃ ᠵᠠᠷᠢᠮ ᠬᠥᠯ ᠣᠭᠣᠷ ᠨᠢ ᠮᠠᠨᠴᠤ ᠶᠢᠨ ᠳᠤᠬᠤᠨ ᠳᠡᠭᠡᠷ᠎ᠡ ᠡᠴᠡ ᠳᠡᠭᠡᠰᠦ ᠤᠶᠠᠵᠤ᠂ ᠪᠠᠷᠤᠭ30 ᠭᠷᠠᠳᠦ᠋ᠰ ᠦ᠋ᠨ ᠥᠯᠢᠭᠰᠡᠨ ᠥᠨᠴᠥᠭ ᠢ᠋ᠶ᠋ᠡᠷ ᠬᠣᠢᠰᠢ ᠲᠠᠲᠠᠵᠤ ᠥᠯᠢᠢᠯᠭᠡᠳᠡᠭ ᠡᠴᠡ ᠬᠦᠴᠦᠨ ᠢ᠋ ᠨᠡᠩ ᠢᠯᠡᠭᠦᠦ ᠠᠷᠪᠢᠯᠠᠳᠠᠭ᠃ ᠭᠤᠷᠪᠠ ᠳ᠋ᠤ᠌᠂ ᠤᠭᠤᠷ ᠨᠢ ᠣᠯᠠᠨ ᠵᠦᠢᠯ ᠦ᠋ᠨ ᠬᠡᠷᠡᠭᠴᠡᠭᠡ ᠲᠡᠢ ᠪᠠᠢᠳᠠᠭ᠃ ᠣᠭᠣᠷ ᠪᠤᠳᠠᠭ᠎ᠠ ᠴᠠᠢᠯᠭᠠᠬᠤ ᠠ᠋ᠴᠠ ᠭᠠᠳᠠᠨ᠎ᠠ ᠪᠠᠰᠠ ᠪᠣᠷᠴᠠ ᠨᠦᠳᠦᠵᠦ᠂ ᠴᠠᠢ ᠬᠡᠮᠬᠡᠯᠵᠦ ᠪᠣᠯᠳᠠᠭ᠃ ᠴᠠᠢ ᠴᠢᠨᠠᠬᠤ ᠳ᠋ᠤ᠌ ᠶᠠᠭᠤᠨ ᠤ᠋ ᠡᠮᠦᠨ᠎ᠡ ᠴᠠᠢ ᠪᠠᠨ ᠰᠠᠢᠨ ᠬᠡᠮᠬᠡᠯᠬᠦ ᠴᠢᠬᠤᠯᠠ ᠲᠠᠢ ᠲᠤᠯᠠ ᠮᠣᠩᠭᠣᠯᠴᠤᠳ ᠴᠠᠢ ᠪᠠᠨ ᠤᠭᠤᠷ ᠲᠤ ᠨᠦᠳᠦᠵᠦ ᠬᠡᠮᠬᠡᠯᠳᠡᠭ᠂ ᠢᠩᠭᠢᠵᠦ ᠴᠢᠨᠠᠬᠤ ᠴᠠᠢ ᠨᠢ ᠭᠠᠯ ᠳ᠋ᠤ᠌ ᠠᠷᠪᠢᠲᠠᠢ᠂ ᠴᠠᠢ ᠢᠳᠡᠭᠡᠰᠢᠬᠦ ᠨᠢ ᠬᠤᠷᠳᠤᠨ ᠪᠥᠭᠡᠳ ᠨᠦᠮᠵᠦᠭ ᠪᠠᠢᠳᠠᠭ᠃ ᠡᠢᠮᠦ ᠡᠴᠡ ᠮᠣᠩᠭᠣᠯᠴᠤᠳ ᠤ᠋ᠨ ᠥᠷᠯᠥᠭᠡ ᠡᠷᠲᠡ ᠶ᠋ᠢᠨ ᠬᠠᠮᠤᠭ ᠠᠩᠬᠠᠨ ᠤ᠋ ᠠᠵᠢᠯ ᠪᠣᠯ ᠴᠠᠢ ᠨᠦᠳᠦᠬᠦ ᠶᠠᠪᠤᠳᠠᠯ ᠪᠥᠭᠡᠳ ᠡᠭᠦᠨ ᠦ᠌ ᠤᠯᠠᠮ ᠠ᠋ᠴᠠ《ᠣᠭᠣᠷ ᠤ᠋ᠨ ᠳᠠᠭᠤᠨ ᠰᠣᠨᠣᠰᠳᠠᠬᠤ ᠦᠶ᠎ᠡ》 ᠭᠡᠳᠡᠭ ᠦᠭᠡ ᠨᠢ ᠥᠷᠯᠥᠭᠡ ᠡᠷᠲᠡ ᠶ᠋ᠢᠨ ᠴᠠᠢ ᠴᠢᠨᠠᠬᠤ ᠦᠶ᠎ᠡ ᠶ᠋ᠢᠨ ᠴᠠᠭ ᠮᠥᠴᠡ ᠶ᠋ᠢ ᠵᠢᠭᠠᠬᠤ ᠴᠠᠭ ᠬᠡᠮᠵᠢᠶᠡᠨ ᠦ᠌ ᠨᠡᠷ᠎ᠡ ᠦᠭᠡ ᠪᠣᠯᠵᠠᠢ᠃ ᠡᠭᠦᠨ ᠡᠴᠡ ᠭᠠᠳᠠᠨ᠎ᠠ ᠮᠣᠩᠭᠣᠯᠴᠤᠳ ᠦᠬᠡᠷ ᠦ᠋ᠨ ᠮᠢᠬᠠᠨ ᠪᠣᠷᠴᠠ ᠪᠠᠨ ᠤᠭᠤᠷ ᠲᠤ ᠬᠢᠵᠦ ᠨᠦᠳᠦᠭᠡᠳ ᠲᠤᠯᠤᠮᠯᠠᠵᠤ ᠬᠠᠳᠠᠭᠠᠯᠠᠳᠠᠭ᠃ ᠢᠩᠭᠢᠵᠦ ᠬᠠᠳᠠᠭᠠᠯᠠᠬᠤ ᠨᠢ ᠭᠠᠵᠠᠷ ᠡᠵᠡᠯᠡᠬᠦ ᠦᠭᠡᠢ᠂ ᠪᠣᠯᠭᠣᠵᠤ ᠢᠳᠡᠬᠦ ᠳ᠋ᠦ᠍ ᠳᠥᠭᠥᠮ᠂ ᠥᠯᠥᠰᠬᠦ ᠦᠭᠡᠢ ᠪᠠᠢᠳᠠᠭ ᠠ᠋ᠴᠠ ᠡᠷᠲᠡ ᠳᠡᠭᠡᠷ᠎ᠡ ᠦᠶ᠎ᠡ ᠳ᠋ᠦ᠍ ᠮᠣᠩᠭᠣᠯ ᠴᠡᠷᠢᠭ ᠦ᠋ᠨ ᠬᠡᠭᠡᠷ᠎ᠡ ᠶ᠋ᠢᠨ ᠬᠦᠨᠡᠰᠦ ᠪᠣᠯᠵᠤ ᠪᠠᠢᠵᠠᠢ᠃

   ᠢᠷᠡᠯᠲᠡ᠄《ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠭᠡᠬᠦ ᠨᠣᠮ ᠠ᠋ᠴᠠ
   ᠦᠰᠦᠭ ᠠᠮᠢᠯᠠᠭᠤᠯᠤᠭᠴᠢ᠄ ᠣᠳᠣᠨᠲᠤᠶᠠᠭ᠎ᠠ
   ᠬᠢᠨᠠᠭᠴᠢ ᠪᠠᠭᠰᠢ᠄ ᠰᠡᠬᠡᠭᠡᠷᠡᠯ᠂ ᠭᠠᠷᠮ᠎ᠠ᠂ ᠵ᠂ ᠪᠤᠶᠠᠨᠲᠣᠭᠲᠠᠬᠤ
   ᠶᠡᠷᠦᠩᠬᠡᠢ ᠬᠢᠨᠠᠭᠴᠢ ᠪᠠᠭᠰᠢ᠄ ᠣᠳᠬᠠᠰᠤ᠎ᠠ