1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠰᠥᠨ ᠦ᠌ ᠬᠤᠰᠤᠭᠤᠷХөлсний хусуур-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-14ᠤ᠋· ᠰ· ᠬᠥᠭᠵᠢᠯᠲᠦ

ᠬᠥᠯᠥᠰᠥᠨ ᠦ᠌ ᠬᠤᠰᠤᠭᠤᠷХөлсний хусуур-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-14ᠤ᠋· ᠰ· ᠬᠥᠭᠵᠢᠯᠲᠦ

2023-11-22

308

            ᠪ · ᠰ ᠬᠥᠭᠵᠢᠯᠲᠦ ᠵᠣᠷᠢᠭᠲᠤ

     ᠬᠥᠯᠥᠰᠥᠨ ᠦ᠌ ᠬᠤᠰᠤᠭᠤᠷ ᠪᠣᠯ ᠠᠷᠴᠠ ᠽᠠᠨᠳᠠᠨ ᠵᠡᠷᠭᠡ ᠰᠠᠢᠨ ᠮᠣᠳᠣ ᠪᠠᠷ ᠬᠢᠭᠰᠡᠨ ᠲᠣᠬᠣᠢ ᠬᠢᠷᠢ ᠤᠷᠲᠤ᠂ ᠢᠮᠠᠬᠤ ᠢᠯᠡᠭᠦᠦ ᠥᠷᠭᠡᠨ ᠬᠢᠲᠤᠭ᠎ᠠ ᠰᠢᠭ᠋ ᠡᠳ᠋ ᠶᠦᠮ᠃ ᠵᠠᠷᠢᠮ ᠬᠤᠰᠤᠭᠤᠷ ᠤ᠋ᠨ ᠬᠣᠶᠠᠷ ᠨᠢᠭᠤᠷ ᠲᠠᠯ᠎ᠠ ᠳ᠋ᠤ᠌ ᠬᠡᠢᠮᠣᠷᠢ᠂ ᠰᠣᠶᠣᠩᠪᠣ ᠵᠡᠷᠭᠡ ᠵᠢᠷᠤᠭ ᠰᠡᠢᠯᠦᠭᠰᠡᠨ ᠡᠴᠡ ᠲᠤᠩ ᠭᠣᠶᠣ ᠰᠠᠢᠬᠠᠨ ᠪᠠᠢᠳᠠᠭ᠃ ᠤᠶᠠᠭᠠᠴᠢᠨ ᠬᠤᠰᠤᠭᠤᠷ ᠢ᠋ᠶ᠋ᠠᠷ ᠮᠣᠷᠢᠨ ᠤ᠋ ᠬᠥᠯᠥᠰᠥ ᠶ᠋ᠢ ᠬᠤᠰᠤᠳᠠᠭ ᠨᠢ ᠵᠥᠪᠬᠡᠨ ᠡᠩ ᠵᠢᠷ ᠦ᠋ᠨ ᠵᠠᠩ ᠦᠢᠯᠡ ᠲᠡᠳᠦᠢ ᠪᠢᠰᠢ᠂ ᠨᠢᠭᠡ ᠵᠦᠢᠯ ᠦ᠋ᠨ ᠰᠢᠨᠵᠢᠯᠡᠬᠦ ᠤᠬᠠᠭᠠᠨᠴᠢ ᠠᠷᠠᠴᠢᠯᠠᠭ᠎ᠠ ᠶᠤᠮ᠃ ᠶᠠᠭᠤᠨ ᠤ᠋ ᠡᠮᠦᠨ᠎ᠡ᠂ ᠬᠥᠯᠥᠰᠥ ᠡᠪᠡᠷᠡᠬᠦ ᠶ᠋ᠢ ᠬᠤᠷᠳᠤᠳᠬᠠᠵᠤ ᠬᠥᠯᠥᠰᠥᠨ ᠬᠣᠣᠷᠳᠠᠯ ᠢ᠋ ᠰᠡᠷᠭᠡᠢᠯᠡᠪᠡ᠃ ᠬᠣᠯᠠ ᠳᠠᠪᠬᠢᠵᠤ ᠢᠷᠡᠭᠰᠡᠨ ᠤᠷᠤᠯᠳᠤᠭᠠᠨ ᠤ᠋ ᠮᠣᠷᠢ ᠬᠥᠯᠥᠰᠥᠨ ᠰᠦᠪᠡ ᠨᠢ ᠨᠡᠭᠡᠭᠡᠭᠳᠡᠭᠡᠳ ᠦᠰᠦᠨ ᠳ᠋ᠦ᠍ ᠨᠢ ᠮᠠᠰᠢ ᠶᠡᠬᠡ ᠬᠡᠮᠵᠢᠶᠡᠨ ᠦ᠌ ᠬᠠᠯᠠᠭᠤᠨ ᠬᠥᠯᠥᠰᠥ ᠬᠤᠷᠠᠵᠤ ᠪᠠᠢᠳᠠᠭ᠃ ᠡᠢᠮᠦ ᠡᠴᠡ ᠤᠶᠠᠭᠠᠴᠢᠨ ᠳᠠᠪᠬᠢᠵᠤ ᠢᠷᠡᠭᠰᠡᠨ ᠮᠣᠷᠢ ᠪᠠᠨ ᠠᠮᠢᠰᠬᠤᠭ᠎ᠠ ᠨᠢ ᠪᠠᠭ᠎ᠠ ᠳᠠᠷᠤᠭᠳᠠᠮᠠᠭᠴᠠ ᠬᠥᠯᠥᠰᠥ ᠶ᠋ᠢ ᠨᠢ ᠬᠤᠰᠤᠵᠤ ᠬᠥᠯᠥᠰᠥ ᠬᠠᠲᠠᠬᠤ ᠶ᠋ᠢ ᠨᠢ ᠲᠦᠷᠭᠡᠳᠬᠡᠨ᠂ ᠪᠡᠶ᠎ᠡ ᠶ᠋ᠢ ᠨᠢ ᠬᠥᠩᠭᠡᠯᠡᠳᠡᠭ ᠢ᠋ᠶ᠋ᠡᠷ ᠪᠠᠷᠠᠬᠤ ᠦᠭᠡᠢ᠂ ᠭᠣᠣᠯ ᠨᠢ ᠬᠠᠯᠠᠭᠤᠨ ᠬᠥᠯᠥᠰᠥ ᠬᠥᠯᠥᠰᠥᠨ ᠰᠦᠪᠡ ᠪᠡᠷ ᠨᠢ ᠪᠤᠴᠠᠭᠠᠳ ᠠᠷᠠᠰᠤ ᠮᠢᠬᠠᠨ  ᠳᠤ ᠨᠢ ᠰᠢᠮᠡᠳᠴᠦ᠂ ᠬᠥᠯᠥᠰᠥᠨ ᠦ᠌ ᠬᠣᠣᠷᠳᠠᠯ ᠡᠭᠦᠰᠬᠦ ᠡᠴᠡ ᠰᠡᠷᠭᠡᠢᠯᠡᠳᠡᠭ ᠤᠬᠠᠭᠠᠨ ᠲᠠᠢ ᠃ ᠡᠨᠡ ᠪᠣᠯ ᠬᠤᠰᠤᠭᠤᠷ ᠤ᠋ᠨ ᠦᠢᠯᠡᠳᠦᠯ ᠶᠦᠮ᠃ ᠬᠣᠶᠠᠷ ᠲᠤ᠂ ᠬᠥᠯᠥᠰᠥᠨ ᠰᠦᠪᠡ ᠶ᠋ᠢ ᠨᠢ ᠳᠠᠷᠤᠳᠠᠭ᠃ ᠬᠥᠯᠥᠰᠥ ᠬᠤᠰᠤᠬᠤ ᠳ᠋ᠤ᠌ ᠦᠰᠦ ᠶ᠋ᠢ ᠨᠢ ᠳᠠᠭᠠᠭᠤᠯᠤᠨ ᠪᠠᠢᠨ ᠳᠠᠬᠢᠨ ᠬᠤᠰᠤᠳᠠᠭ ᠲᠤᠯᠠ ᠨᠣᠢᠲᠠᠨ ᠦᠰᠦ ᠨᠢ ᠳᠠᠷᠤᠭᠳᠠᠵᠤ ᠨᠢᠭᠲᠠᠷᠠᠭᠠᠳ ᠨᠢᠭᠡᠨᠲᠡ ᠨᠡᠭᠡᠭᠡᠭᠳᠡᠭᠰᠡᠨ ᠬᠥᠯᠥᠰᠥᠨ ᠰᠦᠪᠡ ᠪᠡᠷ ᠨᠢ ᠰᠠᠯᠬᠢᠨ ᠴᠣᠬᠢᠬᠤ ᠠ᠋ᠴᠠ ᠰᠡᠷᠭᠡᠢᠯᠡᠵᠦ ᠴᠢᠳᠠᠳᠠᠭ᠃ ᠭᠤᠷᠪᠠ ᠳ᠋ᠤ᠌᠂ ᠢᠯᠢᠵᠦ ᠨᠤᠬᠤᠯᠠᠬᠤ ᠦᠢᠯᠡᠳᠦᠯ ᠲᠡᠢ᠃ ᠬᠥᠯᠥᠰᠥ ᠬᠤᠰᠤᠬᠤ ᠳᠤ ᠨᠢᠷᠤᠭᠤ᠂ ᠬᠣᠨᠳᠣᠯᠠᠢ᠂ ᠡᠩᠭᠡᠯᠵᠡᠭᠦᠷ ᠵᠡᠷᠭᠡ ᠭᠠᠵᠠᠷ ᠢ᠋ᠶ᠋ᠠᠷ ᠨᠢ ᠪᠠᠢᠨ ᠳᠠᠬᠢᠨ ᠬᠤᠰᠤᠳᠠᠭ ᠲᠤᠯᠠ ᠴᠢᠩᠭᠠᠷᠠᠭᠰᠠᠨ ᠪᠤᠯᠴᠢᠩ ᠳᠡᠯᠡᠭᠰᠡᠨ ᠰᠤᠳᠠᠯ  ᠳᠤ ᠨᠢᠭᠡ ᠶᠣᠰᠣᠨ ᠤ᠋ ᠢᠯᠢᠵᠦ ᠨᠤᠬᠤᠯᠠᠬᠤ ᠲᠣᠮ ᠳᠠᠷᠤᠯᠭ᠎ᠠ ᠪᠣᠯᠳᠠᠭ᠃ ᠡᠭᠦᠨ ᠡᠴᠡ ᠭᠠᠳᠠᠨ᠎ᠠ᠂ ᠬᠥᠯᠥᠰᠥ ᠬᠤᠰᠤᠬᠤ᠂ ᠮᠠᠭᠠᠵᠢᠵᠤ ᠮᠠᠯᠲᠠᠨ ᠮᠠᠭᠲᠠᠵᠤ ᠢᠷᠥᠭᠡᠬᠦ ᠨᠢ ᠬᠣᠯᠠ ᠭᠦᠶᠦᠭᠡᠳ ᠵᠣᠪᠠᠵᠤ ᠢᠷᠡᠭᠰᠡᠨ ᠮᠣᠷᠢᠨ  ᠳᠤ ᠨᠢᠭᠡ ᠵᠦᠢᠯ ᠦ᠋ᠨ ᠡᠩᠬᠦᠷᠡᠢᠯᠡᠯ ᠪᠣᠯᠳᠠᠭ ᠲᠤᠯᠠ ᠪᠡᠶ᠎ᠡ ᠨᠢ ᠬᠤᠷᠳᠤᠨ ᠲᠠᠢᠳᠬᠤᠷᠠᠳᠠᠭ᠃ ᠬᠥᠯᠥᠰᠥᠨ ᠬᠤᠰᠤᠭᠤᠷ ᠨᠢ ᠡᠢᠮᠦ ᠣᠯᠠᠨ ᠰᠠᠢᠨ ᠲᠠᠢ ᠲᠤᠯᠠ ᠭᠠᠴᠢᠭᠳᠠᠬᠤ ᠶ᠋ᠢᠨ ᠴᠠᠭ ᠲᠦ᠍ ᠤᠶᠠᠭᠠᠴᠢᠨ ᠮᠢᠨᠢ ᠨᠢᠭᠡ ᠮᠢᠨᠦ᠋ᠲ ᠴᠦ᠍ ᠰᠠᠭᠠᠲᠠᠯ ᠦᠭᠡᠢ ᠠᠶᠠᠭᠠᠨ ᠬᠥᠪᠡᠭᠡ᠂ ᠦᠬᠡᠷ ᠦ᠋ᠨ ᠬᠠᠪᠢᠷᠭ᠎ᠠ ᠪᠠᠷ ᠮᠣᠷᠢ ᠪᠠᠨ ᠬᠤᠰᠤᠵᠤ ᠶᠠᠳᠠᠷᠠᠭ᠎ᠠ ᠶ᠋ᠢ ᠨᠢ ᠲᠠᠢᠯᠳᠠᠭ᠃

     ᠦᠰᠦᠭ ᠠᠮᠢᠯᠠᠭᠤᠯᠤᠭᠴᠢ᠄ ᠣᠶᠤᠨᠴᠡᠴᠡᠭ
     ᠬᠢᠨᠠᠭᠴᠢ ᠪᠠᠭᠰᠢ᠄ ᠵ᠂ ᠪᠤᠶᠠᠨᠲᠣᠭᠲᠠᠬᠤ
     ᠢᠷᠡᠯᠲᠡ᠄ ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ
                                   2023᠂11᠂17