ᠠᠢ ᠵᠠᠶᠠᠭ᠎ᠠ – ᠵ ᠂ ᡀᠠᠬᠪᠠ Ай заяа - Алт – З ᠂ Лхахва
ᠠᠢ ᠵᠠᠶᠠᠭ᠎ᠠ
( ᠱᠣᠭ ᠰᠢᠯᠦᠭ)
ᠠᠯᠠᠭ ᠨᠢᠳᠦᠨ ᠵᠠᠶᠠᠭ᠎ᠠ
ᠡᠷᠪᠡᠬᠡᠢ ᠨᠢᠳᠦ ᠴᠢᠨᠢ
ᠡᠷᠭᠢᠯᠳᠦᠭᠡᠳ ᠪᠠᠶ᠋ᠢᠨ᠎ᠠ᠂
ᠡᠷᠭᠢᠯᠳᠦᠭᠡᠳ ᠪᠠᠶ᠋ᠢᠬᠤᠯᠠᠷ ᠶ᠋ᠢᠠᠨ
ᠡᠯᠳᠡᠪᠯᠡᠭᠡᠳ ᠪᠠᠶ᠋ᠢᠨ᠎ᠠ
ᠡᠯᠳᠡᠪᠯᠡᠭᠡᠳ ᠪᠠᠶ᠋ᠢᠬᠤᠯᠠᠷ ᠶ᠋ᠢᠠᠨ
ᠡᠭᠳᠡᠭᠦᠦ ᠲᠡᠢ ᠪᠠᠶ᠋ᠢᠨ᠎ᠠ᠃
ᠠᠢ ᠵᠠᠶᠠᠭ᠎ᠠ!
ᠲᠠᠪᠬᠤᠷᠭᠠᠲᠠᠶ᠋ᠢᠬᠠᠨ ᠲᠠᠢ ᠨᠢᠳᠦ ᠴᠢᠨᠢ
ᠳᠠᠯᠠᠯᠤᠭᠠᠳ ᠪᠠᠶ᠋ᠢᠨ᠎ᠠ
ᠳᠠᠯᠠᠯᠤᠭᠠᠳ ᠪᠠᠶ᠋ᠢᠬᠤᠯᠠᠷ ᠶ᠋ᠢᠠᠨ
ᠳᠠᠰᠬᠠᠬᠠᠳ ᠪᠠᠶ᠋ᠢᠨ᠎ᠠ
ᠳᠠᠰᠴᠢᠬᠠᠭᠰᠠᠨ ᠬᠣᠶ᠋ᠢᠨ᠎ᠠ
ᠳᠠᠭᠠᠵᠢᠩᠨᠠᠭᠠᠳ ᠪᠠᠶ᠋ᠢᠨ᠎ᠠ᠃
ᠠᠢ ᠵᠠᠶᠠᠭ᠎ᠠ!
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭ᠍ᠴᠢ ᠰᠠᠷᠠᠨ᠎ᠠ
2023᠂ 11᠂ 15 ᠤ ᠡᠳᠦᠷ
