ᠲᠡᠷᠡ ᠦᠶᠡᠰТер үес
ᠲᠡᠷᠡ ᠦᠶᠡᠰ
ᠲᠡᠷᠡ ᠦᠶᠡᠰ ᠰᠠᠢᠬᠠᠨ ᠪᠠᠢᠭᠰᠠᠨ
ᠲᠩᠷᠢ ᠭᠠᠵᠠᠷ ᠴᠡᠪᠡᠷᠬᠡᠨ ᠪᠠᠢᠭᠰᠠᠨ
ᠲᠡᠨᠢᠭᠦᠨ ᠪᠠᠢᠭᠠᠯᠢ ᠣᠩᠭᠣᠨ ᠪᠠᠢᠭᠰᠠᠨ
ᠲᠡᠨᠢᠭᠡᠷ ᠬᠣᠷᠸ᠎ᠠ ᠰᠠᠷᠠᠭᠤᠯᠬᠠᠨ ᠪᠠᠢᠭᠰᠠᠨ
ᠬᠥᠮᠦᠨ ᠦ᠌ ᠰᠡᠳᠬᠢᠯ ᠠᠷᠢᠭᠤᠨ ᠪᠠᠢᠭᠰᠠᠨ
ᠬᠤᠢᠬᠤᠷ ᠮᠡᠬᠡᠯᠡᠯ ᠢ᠋ ᠵᠢᠭᠰᠢᠳᠡᠭ ᠪᠠᠢᠭᠰᠠᠨ
ᠬᠣᠭᠣᠷᠣᠨᠳᠣ ᠶ᠋ᠢᠨ ᠪᠦᠯᠬᠦᠮᠳᠡᠯ ᠦᠨᠡᠨ ᠪᠠᠢᠭᠰᠠᠨ
ᠬᠣᠣᠷᠲᠠᠢ ᠶᠠᠪᠤᠳᠠᠯ ᠴᠡᠭᠡᠷᠲᠡᠢ ᠪᠠᠢᠭᠰᠠᠨ
ᠬᠤᠷ᠎ᠠ ᠪᠣᠷᠣᠭᠠᠨ ᠡᠯᠪᠡᠭ ᠪᠠᠢᠭᠰᠠᠨ
ᠬᠣᠭᠣᠯᠠ ᠤᠮᠳᠠ ᠪᠠᠢᠭᠠᠯᠢᠯᠢᠭ ᠪᠠᠢᠭᠰᠠᠨ
ᠬᠥᠮᠦᠨ ᠠᠮᠠ ᠴᠥᠭᠡᠨ ᠪᠠᠢᠭᠰᠠᠨ
ᠬᠥᠳᠡᠯᠮᠦᠷᠢ ᠠᠵᠢᠯ ᠳ᠋ᠤ᠌ ᠳᠤᠷᠠᠲᠠᠢ ᠪᠠᠢᠭᠰᠠᠨ
ᠪᠡᠯᠴᠢᠭᠡᠷ ᠨᠤᠲᠤᠭ ᠠᠭᠤᠳᠠᠮ ᠪᠠᠢᠭᠰᠠᠨ
ᠪᠠᠢᠭᠠᠯᠢ ᠮᠠᠯᠵᠢᠯ ᠥᠩᠰᠢᠭ ᠪᠠᠢᠭᠰᠠᠨ
ᠠᠢᠯ ᠠᠢᠮᠠᠭ ᠡᠶ᠎ᠡ ᠲᠡᠢ ᠪᠠᠢᠭᠰᠠᠨ
ᠠᠵᠢᠯ ᠬᠢᠬᠦ ᠳ᠋ᠦ᠍ ᠪᠦᠯᠬᠦᠮᠳᠡᠯ ᠲᠡᠢ ᠪᠠᠢᠭᠰᠠᠨ
ᠬᠠᠭᠤᠷᠮᠠᠭ ᠵᠦᠢᠯᠡᠰ ᠬᠣᠷᠢᠭᠠᠲᠠᠢ ᠪᠠᠢᠭᠰᠠᠨ
ᠬᠤᠳᠠᠯᠳᠤᠭ᠎ᠠ ᠮᠠᠢᠮᠠᠢ ᠢ ᠭᠣᠣᠯᠴᠢ ᠪᠠᠢᠭᠰᠠᠨ
ᠬᠤᠳᠠᠯᠴᠢ ᠬᠥᠮᠦᠨ ᠴᠥᠭᠡᠨ ᠪᠠᠢᠭᠰᠠᠨ
ᠬᠣᠢᠲᠤ ᠡᠭᠦᠳᠡ ᠴᠣᠣᠵᠢᠲᠠᠢ ᠪᠠᠢᠭᠰᠠᠨ
ᠢᠷᠡᠯᠲᠡ᠄ᠸᠢᠴᠠᠲ ᠬᠣᠯᠪᠣᠭ᠎ᠠ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠳᠬᠠᠨᠰᠣ᠎ᠠ
