ᠪᠣᠳᠣᠯ ᠠ᠋ᠴᠠ ᠰᠣᠴᠢᠰᠬᠢᠯ᠎ᠡ-ᠰᠡᠴᠡᠨᠪᠢᠯᠢᠭБодлоос социсхийл-Сэцнбилэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠣᠯ ᠠ᠋ᠴᠠ ᠰᠣᠴᠢᠰᠬᠢᠯ᠎ᠡ-ᠰᠡᠴᠡᠨᠪᠢᠯᠢᠭБодлоос социсхийл-Сэцнбилэг

ᠪᠣᠳᠣᠯ ᠠ᠋ᠴᠠ ᠰᠣᠴᠢᠰᠬᠢᠯ᠎ᠡ-ᠰᠡᠴᠡᠨᠪᠢᠯᠢᠭБодлоос социсхийл-Сэцнбилэг

2023-11-21

247

ᠪᠣᠳᠣᠯ ᠠ᠋ᠴᠠ ᠰᠣᠴᠢᠰᠬᠢᠯ᠎ᠡ

         ᠰᠡᠴᠡᠨᠪᠢᠯᠢᠭ 
ᠠ ᠦᠰᠦᠭ ᠲᠠᠨᠢᠬᠤ ᠦᠭᠡᠢ ᠳ᠋ᠡᠭᠡᠨ 
ᠠᠷᠪᠠᠨ ᠬᠤᠷᠤᠭᠤ ᠪᠠᠨ ᠨᠤᠬᠤᠯᠠᠯ᠎ᠠ ᠪᠢ 
ᠤᠬᠠᠭᠠᠨ ᠲᠥᠬᠥᠭᠡ ᠶ᠋ᠢ ᠨᠢ ᠣᠯᠬᠤ ᠦᠭᠡᠢ 
ᠠᠷᠭ᠎ᠠ ᠪᠠᠷᠠᠭᠳᠠᠵᠤ ᠰᠣᠴᠢᠯ᠎ᠠ ᠪᠢ 
ᠳᠤᠭᠤᠢᠯᠠᠩ ᠬᠤᠪᠢᠶᠠᠬᠤ ᠴᠢᠮᠡᠭᠡ ᠪᠡᠷ 
ᠳᠤᠭᠤᠢ ᠰᠠᠭᠤᠬᠤ ᠪᠠᠷ ᠪᠣᠯᠤᠯ᠎ᠠ ᠪᠢ 
ᠳᠤᠭᠤᠢᠯᠠᠩ ᠳ᠋ᠤ᠌ ᠬᠤᠪᠢᠶᠠᠭᠳᠠᠵᠤ ᠣᠷᠣᠭᠠᠳ  
ᠲᠦᠪᠡᠭ ᠪᠣᠯᠬᠤ ᠠ᠋ᠴᠠ ᠪᠠᠨ ᠬᠢᠴᠢᠶᠡᠯ᠎ᠡ ᠪᠢ 
ᠣᠳᠣ ᠶᠠᠭᠠᠬᠢᠳᠠᠭ ᠪᠢᠯᠡ ᠭᠡᠳ 
ᠣᠯᠠᠨ ᠪᠣᠳᠣᠯᠭ᠎ᠠ ᠪᠣᠯᠤᠯ᠎ᠠ ᠪᠢ 
ᠬᠠᠰᠢᠯᠠ ᠲᠦᠪᠡᠭ ᠪᠣᠯᠬᠤ ᠪᠠᠨ ᠪᠠᠢᠶ᠎ᠠ 
ᠬᠣᠯᠪᠣᠭᠠᠨ ᠠ᠋ᠴᠠ ᠪᠠᠨ ᠪᠠᠭᠤᠶ᠎ᠠ ᠪᠢ 
ᠦᠨᠡᠨᠴᠢ ᠴᠠᠭᠠᠪᠤᠷ ᠰᠡᠳᠬᠢᠯ ᠡᠴᠡ ᠪᠡᠨ 
ᠦᠨᠡᠨ ᠦᠭᠡ ᠪᠡᠨ ᠬᠡᠯᠡᠯ᠎ᠡ ᠪᠢ
ᠦᠭᠡ ᠬᠡᠯᠡᠵᠦ ᠴᠢᠳᠠᠬᠤ ᠦᠭᠡᠢ ᠬᠥᠮᠦᠨ
ᠥᠭᠦᠯᠡᠪᠦᠷᠢ ᠶᠠᠭᠠᠬᠢᠵᠤ ᠵᠣᠬᠢᠶᠠᠨ᠎ᠠ ᠪᠣᠢ? ᠪᠢ
ᠠᠬᠠᠯᠠᠭᠴᠢ ᠮᠢᠨᠢ ᠲᠠᠢᠯᠪᠤᠷᠢᠯᠠᠵᠤ ᠥᠭᠭᠦᠯ᠎ᠡ
ᠨᠥᠬᠥᠳ ᠮᠢᠨᠢ ᠴᠦ᠍ ᠤᠬᠠᠭᠠᠷᠠᠭᠤᠯᠵᠤ ᠪᠠᠢᠯ᠎ᠠ
ᠥᠪᠡᠷ ᠦ᠋ᠨ ᠪᠠᠶᠠᠨ ᠳ᠋ᠤ᠌ ᠪᠠᠨ ᠳᠠᠩᠴᠤ
ᠦᠨᠡᠯᠡᠯᠲᠡ ᠳᠣᠣᠷ᠎ᠠ ᠥᠭᠭᠦᠭᠰᠡᠨ ᠪᠠᠢᠯ᠎ᠠ
ᠬᠠᠢᠷᠠᠲᠠᠢ ᠨᠠᠢᠵᠠ ᠨᠠᠷ ᠲᠤ᠌ ᠪᠠᠨ ᠲᠠᠯᠠᠷᠬᠠᠯ᠎ᠠ
ᠬᠠᠯᠠᠭᠤᠨ ᠰᠡᠳᠬᠢᠯ ᠢ᠋ᠶ᠋ᠡᠨ ᠳᠡᠪᠰᠢᠭᠦᠯᠦᠶ᠎ᠡ
ᠤᠬᠠᠭᠠᠨ ᠢ᠋ ᠨᠢ ᠣᠯᠬᠤ ᠦᠭᠡᠢ ᠬᠡᠴᠡᠭᠦᠳᠡᠬᠦ ᠳ᠋ᠡᠭᠡᠨ 
ᠣᠶᠤᠨ ᠪᠣᠳᠣᠯ ᠠ᠋ᠴᠠ ᠪᠠᠨ ᠰᠣᠴᠢᠰᠬᠢᠯ᠎ᠡ ᠪᠢ᠃

   ᠦᠰᠦᠭ ᠠᠮᠢᠯᠠᠭᠤᠯᠤᠭᠴᠢ᠄ ᠣᠳᠬᠠᠨᠴᠡᠴᠡᠭ
   ᠬᠢᠨᠠᠭᠴᠢ ᠪᠠᠭᠰᠢ᠄ ᠰᠡᠬᠡᠭᠡᠷᠡᠯ