ᠤᠷᠭ᠎ᠠУурга-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-13ᠤ᠋· ᠰ· ᠬᠥᠭᠵᠢᠯᠲᠦ
ᠪ᠂ ᠰ ᠬᠥᠭᠵᠢᠯᠲᠦ ᠵᠣᠷᠢᠭᠲᠤ
ᠤᠷᠭ᠎ᠠ ᠪᠣᠯ ᠪᠦᠷᠭᠦᠳ ᠰᠢᠭ ᠮᠣᠩᠭᠣᠯᠴᠤᠳ ᠯᠤᠤ ᠰᠢᠭ᠋ ᠠᠳᠤᠭᠤ ᠪᠠᠨ ᠴᠠᠬᠢᠯᠭᠠᠨ ᠰᠢᠭ᠋ ᠴᠠᠯᠮᠠᠳᠠᠳᠠᠭ ᠰᠢᠳᠢ ᠲᠡᠢ ᠡᠳ᠋ ᠶᠦᠮ᠃ ᠶᠠᠭᠤᠨ ᠤ᠋ ᠡᠮᠦᠨ᠎ᠡ᠂ ᠤᠷᠭ᠎ᠠ ᠪᠣᠯ ᠤᠭᠰᠠᠷᠠᠵᠤ ᠪᠣᠯᠳᠠᠭ ᠰᠡᠯᠪᠢᠭ ᠲᠡᠢ ᠪᠠᠭᠠᠵᠢ ᠶᠤᠮ᠃ ᠤᠷᠭ᠎ᠠ ᠨᠢ ᠠᠳᠤᠭᠤ ᠤᠷᠭᠠᠯᠠᠬᠤ ᠳᠤᠮᠳᠠ ᠦᠷᠭᠦᠯᠵᠢ ᠬᠤᠭᠤᠷᠠᠳᠠᠭ᠃ ᠤᠷᠭ᠎ᠠ ᠬᠤᠭᠤᠷᠠᠵᠤ ᠠᠵᠢᠯ ᠰᠠᠭᠠᠲᠠᠬᠤ ᠶ᠋ᠢ ᠰᠡᠷᠭᠡᠢᠯᠡᠬᠦ ᠶ᠋ᠢᠨ ᠲᠥᠯᠥᠭᠡ ᠤᠷᠭᠠᠴᠢᠨ ᠨᠠᠷ ᠤᠷᠭ᠎ᠠ ᠪᠠᠨ ᠤᠷᠭᠠᠨ ᠴᠡᠭᠡᠵᠢ᠂ ᠤᠷᠭᠠᠨ ᠳᠤᠮᠳᠠ᠂ ᠤᠷᠭᠠᠨ ᠲᠠᠲᠠᠭᠠᠷᠢ ᠭᠡᠵᠦ ᠭᠤᠷᠪᠠᠨ ᠬᠡᠰᠡᠭ ᠬᠤᠪᠢᠶᠠᠵᠤ᠂ ᠨᠢᠭᠡ ᠪᠡᠶ᠎ᠡ ᠳ᠋ᠦ᠍ ᠣᠯᠠᠨᠲᠠ ᠲᠣᠬᠢᠶᠠᠯᠳᠤᠬᠤ ᠬᠤᠭᠤᠷᠠᠬᠤ ᠠᠶᠤᠯ ᠢ᠋ ᠭᠤᠷᠪᠠᠨ ᠣᠬᠣᠷ ᠬᠡᠰᠡᠭ ᠲᠦ᠍ ᠲᠣᠬᠢᠶᠠᠯᠳᠤᠬᠤ ᠪᠣᠯᠭᠠᠨ ᠬᠤᠪᠢᠶᠠᠷᠢᠯᠠᠭᠰᠠᠨ ᠠ᠋ᠴᠠ ᠪᠣᠳᠠᠲᠠᠢ ᠡᠪᠳᠡᠯᠡᠭᠡ ᠳ᠋ᠦ᠍ ᠤᠴᠠᠷᠠᠬᠤ ᠬᠡᠮᠵᠢᠶ᠎ᠡ ᠶ᠋ᠢ ᠨᠢᠭᠡ ᠤᠳᠠᠭ᠎ᠠ ᠳ᠋ᠤ᠌ ᠵᠥᠪᠬᠡᠨ ᠨᠢᠭᠡ ᠣᠬᠣᠷ ᠬᠡᠰᠡᠭ ᠢ᠋ᠶ᠋ᠡᠷ ᠬᠢᠵᠠᠭᠠᠷᠯᠠᠵᠤ᠂ ᠨᠢᠭᠡ ᠰᠢᠷᠬ᠎ᠠ ᠪᠦᠬᠦᠢᠯᠡ ᠤᠷᠭ᠎ᠠ ᠶ᠋ᠢ ᠨᠥᠯᠥᠭᠡᠯᠡᠬᠦ ᠡᠴᠡ ᠵᠠᠢᠯᠠᠰᠬᠢᠪᠡ᠃ ᠬᠤᠭᠤᠷᠠᠬᠤ ᠬᠡᠰᠡᠭ ᠲᠦ᠍ ᠪᠠᠢᠭ᠎ᠠ ᠳᠤᠮᠳᠠ ᠪᠠ ᠲᠠᠲᠠᠭᠠᠷᠠᠢ ᠶ᠋ᠢᠨ ᠬᠡᠰᠡᠭ ᠢ᠋ ᠤᠷᠢᠳᠠ ᠪᠠᠷ ᠵᠣᠷᠭᠣᠵᠤ ᠵᠠᠰᠠᠭᠠᠳ ᠵᠠᠷᠤᠬᠤ ᠳ᠋ᠤ᠌ ᠪᠡᠯᠡᠬᠡᠨ ᠰᠡᠯᠪᠢᠭ ᠦ᠋ᠨ ᠬᠡᠯᠪᠡᠷᠢ ᠪᠣᠯᠭᠠᠨ ᠬᠤᠪᠢᠷᠠᠭᠤᠯᠤᠭᠰᠠᠨ ᠠ᠋ᠴᠠ ᠠᠯᠢ ᠨᠢᠭᠡ ᠬᠡᠰᠡᠭ ᠨᠢ ᠬᠤᠭᠤᠷᠠᠪᠠᠴᠤ ᠣᠬᠣᠷ ᠴᠠᠭ ᠤ᠋ᠨ ᠳᠣᠲᠣᠷ᠎ᠠ ᠰᠣᠯᠢᠵᠤ ᠵᠠᠯᠭᠠᠭᠠᠳ ᠠᠵᠢᠯ ᠰᠠᠭᠠᠲᠠᠬᠤ ᠦᠭᠡᠢ ᠪᠣᠯᠭᠠᠵᠤ ᠴᠢᠳᠠᠪᠠ᠃ ᠬᠣᠶᠠᠷ ᠲᠤ᠌᠂ ᠠᠮᠠ ᠰᠡᠭᠡᠷ ᠰᠢᠭ ᠵᠠᠯᠭᠠᠰᠤ ᠨᠢ ᠰᠢᠪᠲᠤᠷᠠᠬᠤ ᠶ᠋ᠢ ᠰᠡᠷᠭᠡᠢᠯᠡᠪᠡ᠃ ᠲᠠᠲᠠᠭᠠᠷᠢ ᠪᠠ ᠳᠤᠮᠳᠠ ᠶ᠋ᠢ ᠴᠠᠢᠷ ᠮᠣᠳᠣ ᠪᠠᠷ ᠬᠢᠳᠡᠭ ᠲᠤᠯᠠ ᠲᠤᠢᠯ ᠤ᠋ᠨ ᠪᠥᠬᠡ ᠪᠠᠢᠳᠠᠭ ᠪᠥᠭᠡᠳ ᠵᠠᠯᠭᠠᠭᠠᠰᠤ ᠨᠢ ᠮᠣᠳᠣᠨ ᠳᠠᠷᠬᠠᠨ ᠤ᠋ ᠦᠷᠭᠦᠯᠵᠢ ᠵᠠᠷᠤᠳᠠᠭ ᠠᠮᠠ ᠰᠡᠭᠡᠷ ᠭᠠᠷᠭᠠᠬᠤ ᠠᠷᠭ᠎ᠠ ᠲᠠᠢ ᠣᠢᠷᠠᠯᠴᠠᠭ᠎ᠠ ᠪᠠᠢᠵᠤ᠂ ᠡᠯᠢᠭᠡᠨ ᠲᠠᠯ᠎ᠠ ᠳ᠋ᠤ᠌ ᠨᠢ ᠭᠡᠳᠡᠷᠭᠦ ᠬᠠᠷᠠᠭᠰᠠᠨ ᠲᠠᠩᠨᠠᠢ ᠶ᠋ᠢᠨ ᠬᠡᠷᠴᠢᠯᠡᠭᠡᠰᠦ ᠭᠠᠷᠭᠠᠵᠤ ᠲᠡᠪᠡᠭᠡᠯᠡᠵᠦ ᠵᠠᠯᠭᠠᠳᠠᠭ ᠲᠤᠯᠠ ᠮᠤᠯᠲᠤᠷᠠᠳᠠᠭ ᠦᠭᠡᠢ᠃ ᠳᠠᠬᠢᠭᠠᠳ ᠬᠡᠯᠡᠪᠡᠯ ᠵᠠᠯᠭᠠᠬᠤ ᠳ᠋ᠤ᠌ ᠪᠠᠨ ᠤᠷᠭᠠᠨ ᠣᠷᠢᠶᠠᠯᠲᠠ ᠪᠠᠨ ᠨᠤᠷᠠᠭᠠᠵᠤ ᠪᠠᠢᠭᠠᠳ ᠣᠷᠢᠶᠠᠳᠠᠭ ᠲᠤᠯᠠ ᠬᠠᠲᠠᠭᠰᠠᠨ ᠤ᠋ ᠳᠠᠷᠠᠭ᠎ᠠ ᠨᠡᠩ ᠴᠢᠩᠭ᠎ᠠ᠂ ᠨᠡᠩ ᠯᠠᠪᠳᠠᠭᠤᠨ ᠪᠣᠯᠳᠠᠭ᠃ ᠭᠤᠷᠪᠠ ᠳ᠋ᠤ᠌᠂ ᠤᠷᠭᠠᠨ ᠬᠤᠢᠪᠢ ᠪᠣᠯ ᠬᠠᠮᠤᠭ ᠤ᠋ᠨ ᠪᠥᠬᠡ ᠳᠡᠭᠡᠰᠦ ᠮᠥᠨ᠃ ᠭᠤᠷᠪᠠᠨ ᠡᠷᠴᠢᠮ ᠦ᠋ᠨ ᠰᠢᠷᠪᠥᠰᠥ ᠪᠤᠶᠤ ᠨᠠᠷᠢᠨ ᠰᠤᠷᠯᠢᠭ ᠢ᠋ᠶ᠋ᠠᠷ ᠨᠢᠭᠡᠳᠬᠡᠭᠰᠡᠨ ᠬᠤᠢᠪᠢ ᠨᠢ ᠪᠠᠢᠭᠠᠯᠢᠯᠢᠭ ᠮᠠᠲ᠋ᠧᠷᠢᠶᠠᠯ ᠳᠣᠲᠣᠷᠠᠬᠢ ᠬᠠᠮᠤᠭ ᠤ᠋ᠨ ᠪᠥᠬᠡᠯᠢᠭ ᠡᠳ᠋ ᠪᠠᠢᠵᠤ᠂ ᠪᠠᠷᠤᠭ ᠭᠤᠷᠪᠠᠨ ᠵᠠᠭᠤᠨ ᠵᠢᠩ ᠬᠦᠨᠳᠦ ᠶᠠᠭᠤᠮ᠎ᠠ ᠶ᠋ᠢ ᠳᠠᠭᠠᠭᠠᠳᠠᠭ᠃ ᠰᠤᠷᠯᠢᠭ ᠨᠢ ᠰᠢᠨᠳᠠᠰᠤ ᠪᠠᠷ ᠰᠢᠷᠪᠥᠰᠥ ᠵᠢ ᠬᠦᠷᠬᠦ ᠦᠭᠡᠢ ᠪᠣᠯᠪᠠᠴᠤ ᠳᠤᠲᠠᠭᠤ ᠰᠢᠷᠯᠡᠬᠦ ᠠᠷᠭ᠎ᠠ ᠠᠪᠤᠭᠰᠠᠨ ᠠ᠋ᠴᠠ ᠢᠳᠡᠭᠳᠡᠯ ᠢ᠋ᠶ᠋ᠡᠷ ᠪᠠᠭ᠎ᠠ ᠪᠠᠢᠵᠤ ᠪᠥᠬᠡ ᠪᠠᠢᠳᠠᠭ᠃ ᠡᠢᠮᠦ ᠡᠴᠡ ᠬᠤᠢᠪᠢ ᠪᠣᠯ ᠤᠯᠠᠮᠵᠢᠯᠠᠯᠲᠤ ᠳᠡᠭᠡᠰᠦᠨ ᠦ᠌ ᠳᠣᠲᠣᠷᠠᠬᠢ ᠬᠠᠮᠤᠭ ᠨᠠᠷᠢᠨ᠂ ᠬᠠᠮᠤᠭ ᠤ᠋ᠨ ᠴᠢᠨᠠᠷᠯᠢᠭ ᠳᠡᠭᠡᠰᠦ ᠪᠥᠭᠡᠳ ᠤᠷᠭ᠎ᠠ ᠬᠠᠶᠠᠬᠤ ᠳ᠋ᠤ᠌ ᠣᠨᠣᠪᠴᠢᠲᠠᠢ᠂ ᠵᠠᠷᠤᠬᠤ ᠳ᠋ᠤ᠌ ᠪᠥᠬᠡ ᠪᠠᠢᠳᠠᠭ᠃
ᠦᠰᠦᠭ ᠠᠮᠢᠯᠠᠭᠤᠯᠤᠭᠴᠢ᠄ ᠪᠠᠶᠠᠨᠰᠡᠷᠡᠩ
ᠬᠢᠨᠠᠭᠴᠢ᠄ ᠣᠳᠬᠠᠨᠰᠣ᠎ᠠ