ᠰᠠᠪᠠᠭᠤᠷСавуур-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-12ᠤ᠋· ᠰ· ᠬᠥᠭᠵᠢᠯᠲᠦ
ᠰᠠᠪᠠᠭᠤᠷ
ᠪ᠂ ᠰ ᠬᠥᠭᠵᠢᠯᠲᠦ ᠵᠣᠷᠢᠭᠲᠤ
ᠰᠠᠪᠠᠭᠤᠷ᠂ ᠪᠠᠰᠠ ᠴᠣᠬᠢᠭᠤᠷ ᠭᠡᠳᠡᠭ᠂ ᠮᠠᠯ ᠤ᠋ᠨ ᠡᠮᠴᠢ ᠮᠠᠯ ᠤ᠋ᠨ ᠰᠤᠳᠠᠯ ᠢ᠋ ᠬᠠᠨᠠᠬᠤ ᠳ᠋ᠤ᠌ ᠬᠠᠨᠠᠭᠤᠷ ᠢ᠋ᠶ᠋ᠠᠨ ᠬᠠᠪᠴᠢᠭᠤᠯᠳᠠᠭ ᠨᠢᠭᠡ ᠦᠵᠦᠭᠦᠷ ᠲᠦ᠍ ᠨᠢ ᠬᠠᠭᠠᠯᠵᠤ ᠭᠠᠷᠭᠠᠭᠰᠠᠨ ᠠᠮᠠ ᠪᠦᠬᠦᠢ ᠲᠣᠬᠣᠢ ᠬᠢᠷᠢ ᠤᠷᠲᠤ ᠮᠣᠳᠣ ᠶᠤᠮ᠃ ᠰᠠᠪᠠᠭᠤᠷ ᠨᠢ ᠰᠤᠳᠠᠯ ᠤ᠋ᠨ ᠭᠡᠮᠲᠦᠯ ᠢ᠋ ᠵᠣᠬᠢᠬᠤ ᠬᠡᠮᠵᠢᠶᠡᠨ ᠳ᠋ᠦ᠍ ᠨᠢ ᠬᠢᠵᠠᠭᠠᠷᠯᠠᠵᠤ ᠴᠢᠳᠠᠳᠠᠭ᠃ ᠬᠠᠨᠠᠭᠤᠷ ᠢ᠋ᠶ᠋ᠠᠨ ᠬᠠᠪᠴᠢᠭᠤᠷ ᠠᠮᠠᠨ ᠳ᠋ᠤ᠌ ᠨᠢ ᠬᠠᠪᠴᠢᠭᠤᠯᠵᠤ᠂ ᠬᠤᠷᠴᠠ ᠦᠵᠦᠭᠦᠷ ᠦ᠋ᠨ ᠬᠢᠨᠢ ᠥᠨᠳᠥᠷ ᠪᠣᠭᠣᠨᠢ ᠪᠤᠯᠲᠠᠢᠬᠤ ᠶ᠋ᠢ ᠨᠢ ᠬᠡᠷᠡᠭᠴᠡᠭᠡ ᠪᠡᠨ ᠦᠨᠳᠦᠰᠦᠯᠡᠨ ᠲᠣᠬᠢᠷᠠᠭᠤᠯᠤᠭᠰᠠᠨ ᠤ᠋ ᠳᠠᠷᠠᠭ᠎ᠠ᠂ ᠭᠠᠷ ᠤ᠋ᠨ ᠲᠣᠮᠵᠢᠶ᠎ᠠ ᠪᠠᠷ ᠢ᠋ᠶ᠋ᠠᠨ ᠭᠡᠮᠲᠦᠭᠰᠡᠨ ᠮᠠᠯ ᠤ᠋ᠨ ᠰᠤᠳᠠᠯ ᠪᠠ ᠪᠠᠯᠴᠢᠷ ᠢ᠋ ᠨᠢ ᠰᠠᠪᠠᠵᠤ ᠬᠠᠨᠠᠳᠠᠭ ᠲᠤᠯᠠ ᠬᠤᠷᠳᠤᠨ᠂ ᠭᠠᠪᠰᠢᠭᠠᠢ᠂ ᠣᠨᠣᠪᠴᠢᠲᠠᠢ᠂ ᠬᠡᠮᠵᠢᠶᠡᠲᠡᠢ ᠪᠠᠢᠳᠠᠭ ᠲᠤᠯᠠ ᠰᠤᠳᠠᠯ ᠤ᠋ᠨ ᠭᠡᠮᠲᠦᠯ ᠢ᠋ ᠵᠣᠬᠢᠬᠤ ᠬᠡᠮᠵᠢᠶᠡᠨ ᠳ᠋ᠦ᠍ ᠨᠢ ᠬᠢᠵᠠᠭᠠᠷᠯᠠᠵᠤ ᠴᠢᠳᠠᠳᠠᠭ ᠣᠨᠴᠠᠯᠢᠭ ᠲᠠᠢ᠃ ᠳᠠᠬᠢᠭᠠᠳ ᠬᠡᠯᠡᠪᠡᠯ ᠰᠠᠪᠠᠭᠤᠷ ᠢ᠋ᠶ᠋ᠠᠷ ᠬᠠᠨᠠᠪᠠᠯ᠂ ᠭᠠᠷ᠂ ᠬᠤᠪᠴᠠᠰᠤ ᠬᠤᠨᠠᠷ ᠴᠢᠰᠤᠨ ᠳ᠋ᠤ᠌ ᠪᠢᠯᠳᠠᠭᠳᠠᠬᠤ ᠦᠭᠡᠢ ᠴᠡᠪᠡᠷ ᠴᠡᠮᠴᠡᠭᠡᠷ ᠪᠠᠢᠳᠠᠭ᠃
ᠦᠰᠦᠭ ᠠᠮᠢᠯᠠᠭᠤᠯᠤᠭᠴᠢ᠄ ᠰᠡᠬᠡᠭᠡᠷᠡᠯ
ᠬᠢᠨᠠᠭᠴᠢ᠄ ᠣᠳᠬᠠᠨᠰᠤ᠎ᠠ