ᠬᠡᠴᠡᠭᠦᠦ ᠸᠠᠩ ᠲᠣᠭᠲᠠᠬᠤᠲᠥᠷ 1997 ᠣᠨ ᠲᠡᠦᠬᠡᠨ ᠺᠢᠨᠣ᠋Хэцүү Ван Тогтохтөр
ᠳᠥᠭᠥᠮ ᠨᠠᠮᠲᠠᠷ
ᠪᠠᠲᠤᠣ᠋ᠳᠽᠡᠷ ᠦ᠋ᠨ ᠲᠣᠭᠲᠠᠬᠤᠲᠥᠷ 1797 ᠣᠨ ᠤ᠋ 9 ᠳ᠋ᠦ᠍ᠭᠡᠷ ᠰᠠᠷ᠎ᠠ ᠶ᠋ᠢᠨ 15 ᠳ᠋ᠤ᠌ ᠰᠡᠴᠡᠨ ᠬᠠᠨ ᠠᠢᠮᠠᠭ ᠤ᠋ᠨ ᠢᠯᠳᠦᠨ ᠬᠤᠰᠢᠭᠤᠨ ᠤ᠋ ᠨᠤᠲᠤᠭ 《ᠰᠠᠩ ᠤ᠋ᠨ ᠳᠠᠯᠠᠢ》 ᠬᠡᠮᠡᠬᠦ ᠭᠠᠵᠠᠷ ᠲᠤ᠌ ᠵᠠᠰᠠᠭ ᠨᠣᠶᠠᠨ ᠪᠠᠲᠤᠣ᠋ᠳᠽᠡᠷ ᠦ᠋ᠨ ᠭᠡᠷ ᠪᠦᠯᠢ ᠳ᠋ᠦ᠍ ᠲᠥᠷᠦᠵᠢ᠂ 25 ᠨᠠᠰᠤᠨ ᠳ᠋ᠤ᠌ ᠪᠠᠨ ᠡᠴᠢᠭᠡ ᠶ᠋ᠢᠨ ᠢ᠋ᠶ᠋ᠡᠨ ᠬᠡᠷᠬᠡᠮ ᠵᠡᠷᠭᠡ ᠶ᠋ᠢ ᠵᠠᠯᠭᠠᠨ ᠬᠤᠰᠢᠭᠤᠨ ᠤ᠋ ᠨᠣᠶᠠᠨ ᠪᠣᠯᠤᠭᠰᠠᠨ ᠪᠠ 1839 ᠣᠨ ᠳ᠋ᠤ᠌ ᠬᠡᠪᠡᠢ ᠸᠠᠩ᠂ 1859 ᠣᠨ ᠳ᠋ᠤ᠌ ᠰᠡᠴᠡᠨ ᠬᠠᠨ ᠠᠢᠮᠠᠭ ᠤ᠋ᠨ ᠴᠢᠭᠤᠯᠭᠠᠨ ᠤ᠋ ᠳᠠᠷᠤᠭ᠎ᠠ ᠪᠠᠷ ᠰᠣᠩᠭᠣᠭᠳᠠᠵᠠᠢ᠃ ᠲᠡᠷᠡᠪᠡᠷ 1868 ᠣᠨ ᠤ᠋ 4 ᠳ᠋ᠦ᠍ᠭᠡᠷ ᠰᠠᠷ᠎ᠠ ᠳ᠋ᠤ᠌ ᠪᠡᠭᠡᠵᠢᠩ ᠳ᠋ᠦ᠍ ᠶᠠᠪᠤᠭᠠᠳ ᠪᠤᠴᠠᠬᠤ ᠵᠠᠮ ᠳ᠋ᠤ᠌ ᠪᠠᠨ ᠤᠴᠢᠷ ᠪᠢᠲᠡᠭᠦᠯᠢᠭ ᠰᠢᠯᠲᠠᠭᠠᠨ ᠢ᠋ᠶ᠋ᠠᠷ ᠨᠠᠰᠤ ᠪᠠᠷᠠᠵᠠᠢ᠃ ᠴᠢᠩᠭᠢᠰ ᠬᠠᠭᠠᠨ ᠤ᠋ 27 ᠳ᠋ᠠᠬᠢ ᠦᠶ᠎ᠡ ᠶ᠋ᠢᠨ ᠤᠳᠤᠮ ᠪᠥᠭᠡᠳ ᠲᠥᠷᠥ ᠨᠡᠢᠭᠡᠮ ᠦ᠋ᠨ ᠵᠢᠳᠬᠦᠯᠲᠡᠨ᠂ ᠰᠣᠶᠣᠨ ᠭᠡᠭᠡᠷᠡᠭᠦᠯᠦᠭᠴᠢ᠂ ᠠᠪᠢᠶᠠᠰᠯᠢᠭ ᠵᠣᠬᠢᠶᠠᠨ ᠪᠠᠢᠭᠤᠯᠤᠭᠴᠢ᠂ ᠡᠬᠡ ᠣᠷᠣᠨᠴᠢ ᠬᠥᠮᠦᠨ ᠶᠤᠮ᠃
