ᠨᠠᠢᠷ – ᠨ ᠂ ᠢᠰᠢᠳᠠᠪᠠᠬᠠᠢ Hайр – Н ᠂ Ишитавхай ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢᠷ – ᠨ ᠂ ᠢᠰᠢᠳᠠᠪᠠᠬᠠᠢ Hайр – Н ᠂ Ишитавхай

ᠨᠠᠢᠷ – ᠨ ᠂ ᠢᠰᠢᠳᠠᠪᠠᠬᠠᠢ Hайр – Н ᠂ Ишитавхай

ᠠᠩᠭᠢᠯᠠᠯ:ᠬᠣᠱᠣᠩ ᠱᠣᠭ
2023-11-19

244

ᠨᠠᠢᠷ (ᠭᠤᠷᠮᠤᠰᠤᠨ ᠦᠭᠦᠯᠡᠯᠭᠡ 3 )


       ᠨᠠᠢᠷ ᠶᠡᠬᠡ ᠬᠥᠯ ᠲᠡᠢ ᠬᠣᠯᠠ ᠣᠢᠷ᠎ᠠ ᠳ᠋ᠤ᠌ ᠴᠣᠤᠷᠢᠶᠠᠲᠠᠢ ᠡᠬᠢᠯᠡᠭᠰᠡᠨ ᠨᠢ ᠬᠣᠲᠠ ᠭᠠᠵᠠᠷ ᠤ᠋ᠨ ᠬᠠᠮᠤᠭ ᠤ᠋ᠨ ᠲᠣᠮᠣ ᠵᠣᠭᠣᠭ ᠤ᠋ᠨ ᠭᠠᠵᠠᠷ ᠤ᠋ᠨ ᠨᠢᠭᠡ ᠶ᠋ᠢ ᠶᠠᠭᠤᠲᠠᠢ ᠬᠡᠦᠳᠡᠢ ᠨᠢ ᠬᠥᠯᠥᠰᠥᠯᠡᠵᠦ ᠠᠪᠤᠭᠰᠠᠨ ᠶᠠᠪᠤᠳᠠᠯ ᠪᠠᠢᠯ᠎ᠠ᠃ ᠣᠢ ᠲᠡᠮᠳᠡᠭᠯᠡᠭᠴᠢ《 ᠦᠨ᠎ᠡ ᠬᠠᠢᠷᠠᠯᠠᠬᠤ ᠦᠭᠡᠢ ᠰᠢᠦ》 ᠭᠡᠰᠡᠨ ᠪᠠᠢᠪᠠ᠃
       ᠯᠤᠤᠵᠠᠩ ᠭᠤᠸᠠᠢ ᠶ᠋ᠢᠨ ᠨᠠᠰᠤᠨ ᠤ᠋ ᠣᠢ ᠳ᠋ᠤ᠌ ᠬᠣᠲᠠ ᠬᠥᠳᠡᠭᠡ ᠡᠴᠡ ᠣᠯᠠᠨ ᠬᠥᠮᠦᠨ ᠴᠤᠭᠯᠠᠵᠠᠢ᠃ ᠢᠷᠡᠭᠰᠡᠨ ᠬᠥᠮᠦᠨ ᠪᠣᠯᠭᠠᠨ ᠭᠠᠷ ᠴᠠᠢᠯᠭᠠᠬᠤ ᠪᠡᠯᠡᠭ ᠲᠠᠢ᠂ ᠥᠪᠡᠷ ᠲᠦ᠋ᠨᠢ᠂ ᠠᠪᠠᠭᠠᠢ ᠳ᠋ᠤᠨᠢ᠂ ᠬᠡᠦᠬᠡᠳ ᠲᠦ᠋ᠨᠢ ᠭᠡᠰᠡᠨ ᠶᠠᠭᠤᠮ᠎ᠠ ᠲᠠᠢ ᠬᠥᠮᠦᠨ ᠴᠦ᠍ ᠮᠡᠷ ᠰᠡᠷ ᠪᠠᠢᠪᠠ᠃ ᠡᠷᠦᠬᠡ ᠶ᠋ᠢᠨ ᠬᠥᠮᠦᠨ ᠦ᠌ ᠲᠣᠭ᠎ᠠ ᠪᠠᠷ  ᠪᠡᠯᠡᠭ ᠲᠠᠢ ᠢᠷᠡᠭᠰᠡᠨ ᠬᠥᠮᠦᠨ ᠴᠠᠭᠠᠨ᠎ᠠ ᠯᠠ ᠨᠢᠭᠡ ᠨᠦᠮᠵᠦᠭᠲᠡᠢ ᠬᠣᠭᠣᠯᠠᠨ ᠤ᠋ ᠰᠢᠷᠡᠭᠡᠨ ᠳ᠋ᠦ᠍ ᠰᠠᠭᠤᠬᠤ ᠳ᠋ᠠᠭᠠᠨ ᠴᠣ ᠭᠡᠷ ᠦ᠋ᠨ ᠡᠵᠡᠨ ᠳ᠋ᠦ᠍ ᠢᠯᠡ ᠦᠵᠡᠭᠳᠡᠬᠦ ᠨᠢᠭᠤᠷ ᠪᠠᠷᠠᠳᠠᠨ ᠰᠠᠭᠤᠳᠠᠯ ᠣᠯᠤᠭᠠᠳ ᠰᠠᠭᠤᠴᠢᠬᠠᠭᠰᠠᠨ ᠪᠠᠢᠪᠠ᠃ 
       ᠶᠠᠪᠤᠵᠤ ᠶᠠᠪᠤᠵᠤ ᠬᠠᠮᠤᠭ ᠤ᠋ᠨ ᠲᠣᠮᠣ  ᠪᠡᠯᠡᠭ ᠠᠮᠠᠯᠠᠭᠰᠠᠨ ᠬᠥᠮᠦᠨ ᠭᠡᠬᠦ ᠶᠦᠮ ᠪᠣᠯ ᠬᠥᠳᠡᠭᠡᠨ ᠡᠴᠡ ᠢᠷᠡᠭᠰᠡᠨ ᠨᠢᠭᠡᠳᠦᠯ ᠦ᠋ᠨ ᠳᠠᠷᠤᠭ᠎ᠠ ᠨᠠᠢᠵᠠ ᠨᠢ ᠪᠠᠢᠯ᠎ᠠ᠃ ᠲᠡᠷᠡ ᠶᠠᠭᠤ ᠠᠮᠠᠯᠠᠭᠰᠠᠨ ᠪᠣᠢ ᠭᠡᠪᠡᠯ ᠨᠤᠲᠤᠭ ᠤ᠋ᠨ ᠢ᠋ᠶ᠋ᠠᠨ ᠬᠠᠮᠤᠭ ᠤ᠋ᠨ ᠥᠨᠳᠥᠷ ᠠᠭᠤᠯᠠ — ᠶᠡᠬᠡ — ᠰᠠᠨᠰᠠᠷ ᠢ᠋ ᠦᠨᠡᠭᠡ ᠲᠡᠢ᠂ ᠴᠢᠨᠣ᠎ᠠ ᠲᠠᠢ᠂ ᠲᠠᠤᠯᠠᠢ ᠲᠠᠢ᠂ ᠬᠠᠳᠠ ᠲᠠᠢ᠂ ᠶᠠᠷᠭᠠᠢ ᠲᠠᠢ ᠨᠢ ᠲᠠᠨ ᠳ᠋ᠤ᠌ ᠳᠤᠷᠠᠰᠬᠠᠴᠢᠬᠠᠶ᠎ᠠ ᠭᠡᠰᠡᠨ ᠪᠠᠢᠯ᠎ᠠ! 
       ᠤᠭ ᠨᠢ ᠭᠠᠵᠠᠷ᠂ ᠤᠰᠤ᠂ ᠠᠩ ᠠᠮᠢᠲᠠᠨ᠂ ᠠᠭᠤᠯᠠᠰ ᠨᠡᠢᠲᠡ ᠶ᠋ᠢᠨ ᠥᠮᠴᠢ ᠯᠡ ᠳᠡ ᠭᠡᠰᠡᠨ ᠴᠦ᠍ ᠲᠥᠷᠥᠭᠰᠡᠨ ᠨᠤᠲᠤᠭ ᠤᠰᠤ ᠪᠠᠨ ᠳᠤᠷᠠᠰᠴᠤ ᠶᠠᠪᠤᠭ ᠬᠡ ᠪᠢᠵᠡ ᠬᠡᠯᠴᠡᠨ᠎ᠡ᠃ 
       ᠬᠥᠳᠡᠭᠡᠨ ᠡᠴᠡ ᠢᠷᠡᠭᠰᠡᠨ ᠬᠥᠮᠦᠨ ᠲᠡᠢᠮᠦ ᠪᠡᠯᠡᠭ ᠠᠮᠠᠯᠠᠭᠰᠠᠨ ᠲᠤᠬᠠᠢ ᠣᠢ ᠳ᠋ᠤ᠌ ᠤᠷᠢᠭᠳᠠᠭᠰᠠᠨ ᠬᠡᠨ ᠬᠥᠮᠦᠨ ᠦᠭᠡᠢ ᠨᠢᠭᠡ ᠶ᠋ᠢ ᠪᠣᠳᠣᠵᠤ ᠶᠠᠭᠠᠬᠢᠵᠤ ᠳᠡᠷᠡᠨ ᠡᠴᠡ ᠳᠠᠪᠠᠭᠤ ᠵᠦᠢᠯ ᠠᠮᠠᠯᠠᠨ ᠳᠤᠷᠠᠰᠬᠠᠳᠠᠭ ᠪᠢᠯᠡ ᠭᠡᠰᠡᠨ ᠪᠣᠳᠣᠯ ᠳ᠋ᠤ᠌ ᠣᠷᠣᠵᠠᠢ᠃ 
       ᠨᠢᠭᠡ ᠨᠥᠬᠥᠷ ᠡᠢᠨ ᠪᠣᠳᠣᠭᠰᠠᠨ ᠨᠢ᠄ ᠪᠢ ᠪᠣᠯ ᠯᠤᠤᠵᠠᠩ ᠭᠤᠸᠠᠢ ᠶ᠋ᠢ ᠶᠡᠷᠦ ᠡᠴᠡ ᠪᠠᠨ ᠯᠠ ᠮᠠᠭᠲᠠᠨ ᠳᠠᠭᠤᠯᠠᠶ᠎ᠠ᠃ ᠤᠷᠢᠳᠤ ᠡᠮᠦᠨ᠎ᠡ ᠬᠡᠨ ᠴᠦ᠍ ᠳᠠᠭᠤᠯᠠᠵᠤ ᠰᠣᠨᠣᠰᠤᠭ᠎ᠠ ᠦᠭᠡᠢ ᠦᠭᠡ ᠪᠡᠷ ᠮᠠᠭᠲᠠᠬᠤ ᠨᠢ ᠵᠦᠢᠲᠡᠢ᠃ ᠵᠢᠱ᠌ᠢᠶᠡᠯᠡᠬᠦ ᠶᠦᠮ ᠪᠣᠯ᠂ ᠮᠠᠨ ᠤ᠋ ᠯᠤᠤᠵᠠᠩ ᠭᠤᠸᠠᠢ ᠬᠡᠨ ᠴᠦ᠍ ᠣᠯᠤᠭ᠎ᠠ ᠦᠭᠡᠢ ᠬᠠᠮᠤᠭ ᠤ᠋ᠨ ᠰᠠᠢᠬᠠᠨ ᠠᠪᠠᠭᠠᠢ ᠶ᠋ᠢ ᠠᠪᠤᠭᠰᠠᠨ ᠬᠥᠮᠦᠨ᠃ ᠲᠣᠯᠤᠭᠠᠳᠠᠬᠢ ᠳᠡᠭᠡᠷ᠎ᠡ ᠪᠡᠨ ᠡᠢᠮᠦ ᠰᠠᠢᠬᠠᠨ ᠬᠥᠮᠦᠨ ᠲᠡᠢ ᠭᠡᠷᠯᠡᠭᠰᠡᠨ ᠡᠪᠦᠭᠡ ᠳᠡ ᠭᠡᠳ ᠣᠷᠬᠢᠭᠰᠠᠨ ᠴᠢᠨᠢ ᠬᠠᠵᠠᠭᠤ ᠶ᠋ᠢᠨ ᠬᠢᠨᠢ ᠨᠥᠬᠥᠳ ᠵᠢᠮᠡᠯᠡᠵᠦ ᠨᠢᠭᠡ ᠨᠥᠬᠥᠷ ᠰᠠᠭᠤᠳᠠᠯ ᠠ᠋ᠴᠠ ᠪᠠᠨ ᠤᠬᠤᠰᠬᠢᠨ ᠪᠣᠰᠴᠤ᠄ 
       — ᠳᠠᠮᠳᠢᠨ ᠴᠢ ᠪᠤᠷᠤᠭᠤ ᠶᠠᠷᠢᠵᠤ ᠪᠠᠢᠨ᠎ᠠ᠃ ᠬᠤᠪᠢ ᠶ᠋ᠢᠨ ᠠᠰᠠᠭᠤᠳᠠᠯ ᠤᠷᠤᠭᠤ ᠨᠢ ᠣᠷᠣᠵᠤ ᠪᠠᠢᠨ᠎ᠠ᠃ ᠬᠤᠪᠢ ᠶ᠋ᠢᠨ ᠠᠰᠠᠭᠤᠳᠠᠯ ᠤᠷᠤᠭᠤ ᠨᠢ ᠳᠡᠩᠳᠡᠭᠦᠦ ᠬᠠᠨᠳᠤᠵᠤ ᠪᠤᠰᠤᠳ ᠤ᠋ᠨ ᠳᠣᠲᠣᠭᠠᠳᠤ ᠬᠡᠷᠡᠭ ᠲᠦ ᠣᠷᠣᠯᠴᠠᠯ᠎ᠠ᠃ ᠵᠦᠢ ᠨᠢ ᠤᠯᠤᠰ ᠨᠡᠢᠭᠡᠮ ᠳ᠋ᠡᠭᠡᠨ ᠪᠠᠢᠭᠤᠯᠤᠭᠰᠠᠨ ᠭᠠᠪᠢᠶᠠᠨ ᠠ᠋ᠴᠠ ᠨᠢ ᠭᠣᠣᠯᠯᠠᠵᠤ ᠶᠠᠷᠢᠬᠤ ᠬᠡᠷᠡᠭᠲᠡᠢ᠂ ᠵᠢᠱ᠌ᠢᠶᠡᠯᠡᠬᠦ ᠶᠦᠮ ᠪᠣᠯ ᠪᠢᠳᠡ ᠴᠤᠭᠯᠠᠷᠠᠭᠠᠳ ᠥᠨᠥᠳᠥᠷ ᠣᠢ ᠶ᠋ᠢ ᠨᠢ ᠲᠡᠮᠳᠡᠭᠯᠡᠵᠦ ᠪᠠᠢᠭ᠎ᠠ ᠯᠤᠤᠵᠠᠩ ᠭᠤᠸᠠᠢ ᠪᠣᠯ ᠮᠠᠰᠢ ᠲᠣᠮᠣ ᠤᠷᠠᠨ ᠪᠦᠲᠦᠭᠡᠯᠴᠢ ᠬᠥᠮᠦᠨ《 ᠤᠴᠢᠷᠲᠠᠢ ᠭᠤᠷᠪᠠᠨ ᠲᠣᠯᠣᠭᠠᠢ》 ᠲᠠᠭᠤᠤᠷᠠᠢ ᠪᠢᠴᠢᠭᠰᠡᠨ ᠦ᠌ ᠤᠴᠢᠷ ᠲᠥᠷᠥ ᠶ᠋ᠢᠨ ᠱᠠᠩᠨᠠᠯ ᠬᠦᠷᠲᠡᠭᠰᠡᠨ ᠬᠥᠮᠦᠨ ᠭᠡᠪᠡ᠃  
       ᠲᠠᠮᠪᠠᠯ ᠢ᠋ ᠲᠡᠭᠡᠵᠦ ᠬᠡᠯᠡᠬᠦ ᠳ᠋ᠦ᠍ ᠯᠤᠤᠵᠠᠩ ᠭᠤᠸᠠᠢ ᠫᠠᠯᠬᠢᠵᠤ ᠨᠢᠭᠤᠷ ᠨᠢ ᠴᠢᠪᠠᠭ᠎ᠠ ᠰᠢᠭ᠋ ᠴᠢᠰ ᠤᠯᠠᠭᠠᠨ ᠪᠣᠯᠴᠢᠬᠠᠯ᠎ᠠ᠃  
       — ᠪᠢᠰᠢ ᠠ᠋ ᠲᠡᠷᠡ ᠴᠢᠨᠢ ᠨᠠᠴᠤᠭᠳᠣᠷᠵᠢ ᠶ᠋ᠢᠨ ᠬᠢ ᠪᠠᠢᠬᠤ ᠦᠭᠡᠢ ᠤᠤ ᠭᠡᠵᠦ ᠨᠢᠭᠡ ᠨᠥᠬᠥᠷ ᠮᠤᠬᠤᠷ ᠤ᠋ᠨ ᠰᠢᠷᠡᠭᠡᠨ ᠡᠴᠡ ᠥᠨᠳᠡᠯᠵᠡᠬᠦ ᠳ᠋ᠦ᠍ ᠨᠥᠭᠥᠭᠡᠬᠢ ᠳᠠᠮᠪᠠᠯ ᠲᠣᠯᠣᠭᠠᠢ ᠪᠠᠨ ᠳᠤᠩᠰᠢᠵᠤ ᠣ ᠲᠡᠢᠮᠦ ᠰᠢᠦ ᠨᠡᠭᠡᠷᠡᠨ ᠬᠥᠭᠵᠢᠮ ᠢ᠋ ᠨᠢ ᠪᠢᠴᠢᠭᠰᠡᠨ ᠯᠡ ᠳᠡ᠃  
       — ᠪᠢᠰᠢ ᠠ᠋᠂ ᠳᠠᠮᠳᠢᠨᠰᠦ᠋ᠷᠦᠩ ᠦ᠋ᠨ ᠬᠢ᠃  ᠳᠠᠮᠪᠠᠯ ᠪᠦᠷ ᠴᠦ᠍ ᠪᠤᠳᠤᠯᠢᠵᠤ ᠴᠣᠬᠣᠮ ᠬᠡᠨ ᠦ᠌ ᠳ᠋ᠦ᠍ ᠣᠷᠣᠵᠤ ᠢᠷᠡᠭᠡᠳ ᠪᠠᠢᠭ᠎ᠠ ᠪᠠᠨ ᠮᠡᠳᠡᠬᠦ ᠪᠡᠨ ᠪᠣᠯᠢᠭᠠᠳ᠄ 
       — ᠵᠠ ᠡᠨᠡ  ᠬᠤᠨᠳᠠᠭ᠎ᠠ ᠪᠠᠨ ᠡᠷᠭᠦᠶ᠎ᠡ ᠭᠡᠳ ᠰᠠᠭᠤᠵᠤ ᠣᠷᠬᠢᠪᠠ᠃ 
       ᠤᠭᠤᠴᠠ ᠢᠳᠡᠭᠡ ᠲᠠᠯᠪᠢᠭᠰᠠᠨ ᠰᠢᠷᠡᠭᠡᠨ ᠦ᠌ ᠠᠷᠤ ᠠ᠋ᠴᠠ ᠯᠤᠤᠵᠠᠩ ᠤ᠋ᠨ ᠠᠵᠢᠯ ᠤ᠋ᠨ ᠭᠠᠵᠠᠷ ᠤ᠋ᠨ ᠳᠠᠷᠤᠭ᠎ᠠ ᠲᠠᠮᠪᠠ ᠰᠢᠯᠤᠭᠤᠬᠠᠨ ᠣᠭᠯᠣ ᠬᠠᠷᠠᠢᠨ ᠪᠣᠰᠴᠤ᠄ 
       — ᠵᠠ ᠨᠥᠬᠥᠳ ᠠ᠋᠂ ᠥᠨᠥᠳᠥᠷ ᠨᠠᠢᠷ ᠢ᠋ ᠡᠭᠦᠨ ᠢ᠋ᠶ᠋ᠡᠷ ᠵᠠᠪᠰᠠᠷᠯᠠᠶ᠎ᠠ᠂ ᠮᠠᠷᠭᠠᠰᠢ ᠠᠵᠢᠯ ᠤ᠋ᠨ ᠡᠳᠦᠷ ᠬᠡᠳᠦᠢ ᠮᠥᠨ ᠠᠪᠠᠴᠤ ᠪᠢᠲᠡᠭᠦᠬᠡᠨ ᠳ᠋ᠡᠭᠡᠨ ᠬᠠᠭᠠᠯᠲᠠᠢ ᠬᠡᠮᠵᠢᠶᠡᠨ ᠳ᠋ᠦ᠍ ᠨᠠᠢᠷ ᠢ᠋ᠶ᠋ᠠᠨ ᠦᠷᠭᠦᠯᠵᠢᠯᠡᠭᠦᠯᠬᠦ ᠶᠦᠮ ᠪᠠᠢᠨ᠎ᠠ᠂ ᠲᠠ ᠪᠦᠬᠦᠨ ᠳ᠋ᠦ᠍ ᠨᠢᠭᠡ ᠵᠦᠢᠯ ᠢ᠋ ᠡᠨᠡ ᠴᠤᠭᠯᠠᠭᠰᠠᠨ ᠵᠠᠪᠰᠢᠶᠠᠨ ᠢ᠋ ᠳᠠᠯᠢᠮᠳᠠᠭᠤᠯᠵᠤ ᠵᠠᠷᠯᠠᠬᠤ ᠭᠡᠵᠦ ᠰᠠᠨᠠᠯ᠎ᠠ᠄  
       ᠢᠷᠡᠬᠦ ᠵᠢᠯ ᠮᠠᠨ ᠤ᠋ ᠨᠢᠭᠲᠠᠯᠠᠨ ᠰᠡᠮᠲᠡᠨ ᠭᠤᠸᠠᠢ ᠶ᠋ᠢᠨ ᠣᠢ ᠪᠣᠯᠤᠨ᠎ᠠ! ᠲᠠ ᠪᠦᠬᠦᠨ ᠳ᠋ᠦ᠍ ᠡᠷᠲᠡᠬᠡᠨ ᠳᠣᠭᠣᠯᠭᠠᠵᠤ ᠪᠠᠢᠭᠠᠷᠠᠢ ᠭᠡᠵᠦ ᠨᠠᠳᠠ ᠳ᠋ᠤ᠌ ᠪᠠᠰᠠ《 ᠳᠠᠭᠠᠭᠠᠯᠠᠭᠠᠭᠰᠠᠨ》 ᠶᠤᠮ᠃ ᠰᠡᠮᠲᠡᠨ ᠭᠤᠸᠠᠢ ᠪᠣᠯ ᠬᠠᠭᠤᠴᠢᠨ ᠪᠣᠷᠵᠢᠭᠢᠨ ᠤ᠋ ᠨᠠᠢᠷᠴᠢ ᠨᠤᠲᠤᠭ ᠤ᠋ᠨ ᠬᠥᠮᠦᠨ᠃ ᠣᠳᠣ ᠶ᠋ᠢᠨ ᠵᠠᠷᠢᠮ ᠠᠢᠯ ᠤ᠋ᠨ ᠬᠢᠵᠦ ᠪᠠᠢᠭ᠎ᠠ ᠰᠢᠭ᠋ ᠵᠣᠯ ᠶᠠᠭᠤᠮ᠎ᠠ ᠬᠢᠬᠦ ᠦᠭᠡᠢ ᠭᠡᠵᠦ ᠪᠠᠢᠳᠠᠭ ᠰᠢᠦ᠃  ᠨᠡᠯᠢᠶᠡᠳ ᠳᠣᠷᠪᠢᠲᠠᠢ ᠶᠠᠭᠤᠮ᠎ᠠ ᠪᠣᠳᠣᠵᠤ ᠪᠠᠢᠭ᠎ᠠ ᠬᠥᠮᠦᠨ᠃ ᠯᠠᠪ ᠥᠪᠡᠷ ᠦ᠋ᠨ ᠢ᠋ᠶ᠋ᠡᠨ ᠣᠷᠣᠰᠢᠨ ᠰᠠᠭᠤᠵᠤ ᠪᠠᠢᠭ᠎ᠠ ᠭᠤᠳᠤᠮᠵᠢ ᠪᠠᠨ ᠳᠣᠷᠭᠢᠲᠠᠯ᠎ᠠ ᠨᠠᠢᠷ ᠬᠢᠬᠦ ᠰᠠᠨᠠᠭ᠎ᠠ ᠲᠠᠢ ᠶᠤᠮ ᠳ᠋ᠠᠭ ᠠ ᠭᠡᠵᠦ ᠬᠡᠯᠡᠲᠡᠯ᠎ᠡ ᠨᠢ ᠨᠢᠭᠡ ᠠᠮᠠᠨᠴᠢᠷ ᠪᠦᠰᠡᠭᠦᠢ ᠰᠢᠷᠡᠭᠡᠨ ᠦ᠌ ᠠᠳᠠᠭ ᠠ᠋ᠴᠠ ᠰᠤᠭᠤ ᠦᠰᠦᠷᠦᠨ ᠪᠣᠰᠴᠤ᠄ 
       — ᠶᠠᠭᠠᠬᠢᠵᠤ ᠪᠣᠯᠳᠠᠭ ᠶᠤᠮ ᠪᠣᠢ᠂ ᠣᠢ ᠶ᠋ᠢ ᠢᠩᠭᠢᠵᠦ ᠲᠡᠮᠳᠡᠭᠯᠡᠬᠦ ᠴᠢᠨᠢ ᠭᠡᠮ ᠬᠡᠮᠵᠢᠶᠡᠨ ᠡᠴᠡ ᠬᠡᠲᠦᠷᠡᠵᠦ ᠪᠠᠢᠨ᠎ᠠ᠃ ᠪᠢ ᠠᠪᠤ ᠶ᠋ᠢᠨ ᠢ᠋ᠶ᠋ᠡᠨ ᠣᠢ ᠶ᠋ᠢ ᠥᠭᠡᠷ᠎ᠡ ᠮᠠᠶᠢᠭ ᠢ᠋ᠶ᠋ᠠᠷ ᠲᠡᠮᠳᠡᠭᠯᠡᠨ᠎ᠡ᠃ ᠭᠤᠳᠤᠮᠵᠢᠨ ᠳ᠋ᠠᠭᠠᠨ ᠠᠯᠢᠮ᠎ᠠ ᠵᠢᠮᠢᠰ ᠦ᠋ᠨ ᠮᠣᠳᠣ ᠰᠠᠭᠤᠯᠭᠠᠬᠤ ᠵᠡᠷᠭᠡ ᠪᠡᠷ ᠬᠣᠲᠠ ᠬᠣᠷᠢᠶ᠎ᠠ ᠪᠠᠨ ᠰᠠᠢᠬᠠᠨ ᠪᠣᠯᠭᠠᠬᠤ ᠳ᠋ᠤ᠌ ᠳᠤᠷᠠᠰᠬᠤ ᠶᠠᠭᠤᠮ᠎ᠠ ᠦᠯᠡᠳᠡᠨ᠎ᠡ ᠭᠡᠪᠡ᠃ 
       ᠵᠣᠴᠢᠳ ᠮᠠᠷᠭᠠᠰᠢ ᠳ᠋ᠤᠷ ᠪᠦᠷᠢᠨ ᠠᠵᠢᠯ ᠠᠯᠢᠪᠠ ᠶᠡᠬᠡᠲᠡᠢ ᠳᠠᠬᠢᠵᠤ ᠢᠷᠡᠬᠦ ᠪᠣᠯᠤᠮᠵᠢ ᠮᠠᠭᠤᠬᠠᠨ ᠪᠠᠢᠨ᠎ᠠ ᠭᠡᠵᠦ ᠬᠡᠯᠡᠭᠡᠳ ᠶᠠᠪᠤᠵᠠᠭᠠᠪᠠ᠃     

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃


    ᠦᠰᠦᠭ ᠠᠮᠢᠯᠠᠭᠤᠯᠤᠭᠰᠠᠨ ᠨᠢ᠄   ᠪᠠᠭᠠᠲᠤᠷ
    ᠬᠢᠨᠠᠭ᠍ᠴᠢ :   ᠲᠤᠭ᠍ᠴᠢ ᠰᠠᠷᠠᠨ᠎ᠠ