ᠬᠠᠨᠠᠭᠤᠷХануур-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-11ᠤ᠋· ᠰ· ᠬᠥᠭᠵᠢᠯᠲᠦ
ᠬᠠᠨᠠᠭᠤᠷ
ᠪ· ᠰ ᠬᠥᠭᠵᠢᠯᠲᠦ ᠵᠣᠷᠢᠭᠲᠤ
ᠮᠣᠩᠭᠣᠯ ᠬᠥᠮᠦᠨ ᠭᠤᠷᠪᠠᠨ ᠬᠥᠮᠦᠨ ᠬᠠᠮᠲᠤ ᠶᠠᠪᠤᠪᠠᠯ ᠨᠢᠭᠡ ᠨᠢ ᠮᠠᠯ ᠤ᠋ᠨ ᠡᠮᠴᠢ ᠪᠠᠢᠵᠤ ᠮᠠᠯ ᠤᠨᠤᠭᠠᠨ ᠤ᠋ ᠦᠷᠭᠦᠯᠵᠢ ᠲᠣᠬᠢᠶᠠᠯᠳᠤᠳᠠᠭ ᠬᠢᠵᠢᠭ ᠭᠡᠮ ᠢ᠋ ᠨᠤᠲᠤᠭ ᠤ᠋ᠨ ᠠᠷᠭ᠎ᠠ ᠪᠠᠷ ᠵᠠᠰᠠᠵᠤ ᠴᠢᠳᠠᠳᠠᠭ᠃ ᠡᠭᠦᠨ ᠳ᠋ᠦ᠍ ᠬᠠᠨᠠᠭᠤᠷ ᠢ᠋ᠶ᠋ᠠᠷ ᠮᠠᠯ ᠤᠨᠤᠭ᠎ᠠ ᠡᠮᠨᠡᠬᠦ ᠪᠣᠯ ᠲᠤᠢᠯ ᠤ᠋ᠨ ᠷᠢᠳᠢ ᠰᠢᠳᠢ ᠲᠡᠢ ᠪᠥᠭᠡᠳ ᠨᠡᠢᠳᠡᠮ ᠬᠡᠷᠡᠭᠯᠡᠳᠡᠭ ᠠᠷᠭ᠎ᠠ ᠶᠤᠮ᠃ ᠲᠡᠭᠡᠬᠦ ᠳ᠋ᠦ᠍ ᠪᠡᠨ ᠮᠠᠯᠴᠢᠨ ᠬᠥᠮᠦᠨ ᠪᠥᠰ ᠪᠤᠶᠤ ᠪᠤᠯᠢᠭᠠᠷᠢ ᠪᠠᠷ ᠬᠤᠢ ᠬᠢᠵᠦ ᠡᠯ᠎ᠡ ᠵᠦᠢᠯ ᠦ᠋ᠨ ᠬᠠᠨᠠᠭᠤᠷ ᠢ᠋ ᠪᠡᠶ᠎ᠡ ᠡᠴᠡ ᠪᠡᠨ ᠰᠠᠯᠭᠠᠯ ᠦᠭᠡᠢ ᠠᠪᠴᠤ ᠶᠠᠪᠤᠳᠠᠭ᠃ ᠶᠠᠭᠤᠨ ᠤ᠋ ᠡᠮᠦᠨ᠎ᠡ᠂ ᠮᠡᠳᠡᠷᠡᠯ ᠦ᠋ᠨ ᠪᠠᠯᠴᠢᠷ ᠲᠤ ᠰᠡᠲᠡᠯᠲᠡ ᠥᠭᠭᠦᠨ ᠠᠷᠬᠠᠭ ᠭᠡᠮ ᠢ᠋ ᠵᠠᠰᠠᠳᠠᠭ᠃ ᠵᠢᠱ᠌ᠢᠶᠡᠯᠡᠪᠡᠯ᠂ ᠦᠬᠡᠷ ᠦ᠋ᠨ ᠳᠡᠯᠢᠭᠦᠦ ᠡᠪᠡᠳᠴᠢᠨ ᠣᠯᠬᠤ ᠨᠢ ᠲᠤᠢᠯ ᠤ᠋ᠨ ᠭᠡᠨᠡᠳᠲᠡ᠂ ᠦᠬᠦᠬᠦ ᠠᠶᠤᠮᠰᠢᠭ ᠲᠠᠢ ᠮᠥᠷᠲᠡᠭᠡᠨ ᠡᠮ ᠶᠠᠪᠤᠬᠤ ᠨᠢ ᠤᠳᠠᠭᠠᠨ ᠪᠠᠢᠳᠠᠭ᠃ ᠭᠡᠲᠡᠯ᠎ᠡ ᠲᠤᠷᠰᠢᠯᠭ᠎ᠠ ᠲᠠᠢ ᠮᠠᠯ ᠤ᠋ᠨ ᠡᠮᠴᠢ ᠪᠣᠯ ᠳᠡᠯᠢᠭᠦᠨ ᠦ᠌ ᠪᠠᠯᠴᠢᠷ ᠢ᠋ ᠨᠢ ᠣᠯᠵᠤ ᠠᠪᠤᠭᠠᠳ ᠬᠠᠨᠠᠵᠤ ᠵᠢᠭᠠᠬᠠᠨ ᠴᠢᠰᠤ᠂ ᠠᠭᠤᠷ ᠲᠠᠯᠪᠢᠨ ᠪᠠᠯᠴᠢᠷ ᠲᠤ ᠰᠡᠲᠡᠯᠲᠡ ᠥᠭᠪᠡᠯ ᠳᠡᠮᠡᠢ ᠤᠳᠠᠯ ᠦᠭᠡᠢ ᠰᠠᠢᠨ ᠪᠣᠯᠴᠢᠬᠠᠳᠠᠭ᠃ ᠳᠠᠷᠠᠭ᠎ᠠ ᠨᠢ᠂ ᠬᠠᠨᠠᠭᠤᠷ ᠨᠢ ᠴᠢᠰᠤᠨ ᠤ᠋ ᠡᠷᠭᠢᠯᠲᠡ ᠶ᠋ᠢ ᠰᠠᠢᠵᠢᠷᠠᠭᠤᠯᠬᠤ ᠪᠠᠷ ᠳᠡᠮᠵᠢᠵᠦ ᠮᠠᠯ ᠤ᠋ᠨ ᠭᠡᠮ ᠢ᠋ ᠵᠠᠰᠠᠳᠠᠭ᠃ ᠵᠢᠱ᠌ᠢᠶᠡᠯᠡᠪᠡᠯ᠂ ᠬᠣᠯᠠ ᠵᠠᠮ ᠬᠥᠭᠡᠭᠡᠵᠦ ᠶᠠᠳᠠᠷᠠᠭᠰᠠᠨ ᠮᠣᠷᠢᠨ ᠤ᠋ ᠬᠠ ᠲᠤᠩ ᠠᠮᠠᠷᠬᠠᠨ ᠴᠢᠰᠤ ᠪᠠᠭᠤᠵᠤ ᠳᠤᠭᠤᠯᠳᠠᠭᠠᠳ ᠵᠠᠮ ᠬᠥᠭᠡᠭᠡᠵᠦ ᠴᠢᠳᠠᠬᠤ ᠦᠭᠡᠢ ᠪᠣᠯᠳᠠᠭ ᠪᠥᠭᠡᠳ ᠦᠷᠪᠢᠰᠦᠯ ᠢ᠋ ᠳᠠᠷᠤᠬᠤ ᠡᠮ ᠵᠠᠷᠤᠪᠠᠴᠤ ᠡᠳᠡᠭᠡᠷᠡᠬᠦ ᠨᠢ ᠤᠳᠠᠭᠠᠨ ᠪᠠᠢᠳᠠᠭ᠃ ᠭᠡᠪᠡᠴᠦ ᠬᠠᠨᠠᠭᠤᠷ ᠢ᠋ᠶ᠋ᠠᠷ ᠬᠠᠨᠠᠵᠤ ᠴᠢᠰᠤ ᠲᠠᠯᠪᠢᠵᠤ ᠰᠢᠨ᠎ᠡ ᠬᠠᠭᠤᠴᠢᠨ ᠴᠢᠰᠤᠨ ᠤ᠋ ᠣᠷᠴᠢᠯ ᠢ᠋ ᠰᠠᠢᠵᠢᠷᠠᠭᠤᠯᠪᠠᠯ ᠡᠪᠡᠳᠴᠢᠨ ᠨᠢ ᠳᠣᠣᠷ᠎ᠠ ᠪᠠᠨ ᠰᠠᠢᠨ ᠪᠣᠯᠴᠢᠬᠠᠳᠠᠭ᠃ ᠬᠠᠨᠠᠭᠤᠷ ᠨᠢ ᠠᠪᠴᠤ ᠶᠠᠪᠤᠬᠤ ᠳ᠋ᠤ᠌ ᠭᠠᠵᠠᠷ ᠡᠵᠡᠯᠡᠬᠦ ᠦᠭᠡᠢ᠂ ᠦᠷᠭᠦᠯᠵᠢ ᠲᠣᠬᠢᠶᠠᠯᠳᠤᠳᠠᠭ ᠡᠪᠡᠳᠴᠢᠨ ᠬᠢᠵᠢᠭ ᠢ᠋ ᠠᠮᠠᠷᠬᠠᠨ ᠵᠠᠰᠠᠳᠠᠭ ᠪᠥᠭᠡᠳ ᠬᠢᠮᠳᠠ ᠬᠢᠯᠪᠠᠷ ᠪᠠᠢᠳᠠᠭ ᠲᠤᠯᠠ ᠮᠠᠯᠴᠢᠳ ᠤ᠋ᠨ ᠦᠷᠡᠭᠦᠯᠵᠢ ᠵᠠᠷᠤᠳᠠᠭ ᠮᠡᠷᠭᠡᠨ ᠡᠳ᠋ ᠶᠦᠮ᠃
ᠢᠷᠡᠯᠲᠡ᠄《ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠠ᠋ᠴᠠ
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠰᠡᠬᠡᠭᠡᠷᠡᠯ