ᠠᠷᠭᠠᠮᠵᠢᠶ᠎ᠠ᠂ ᠡᠷᠭᠢᠯᠭᠡАргамжаа, эргэлэг-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-10ᠤ᠋· ᠰ· ᠬᠥᠭᠵᠢᠯᠲᠦ ᠡᠳ᠋ᠯᠡᠯ ᠬᠡᠷᠡᠭᠰᠡᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠭᠠᠮᠵᠢᠶ᠎ᠠ᠂ ᠡᠷᠭᠢᠯᠭᠡАргамжаа, эргэлэг-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-10ᠤ᠋· ᠰ· ᠬᠥᠭᠵᠢᠯᠲᠦ

ᠠᠷᠭᠠᠮᠵᠢᠶ᠎ᠠ᠂ ᠡᠷᠭᠢᠯᠭᠡАргамжаа, эргэлэг-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-10ᠤ᠋· ᠰ· ᠬᠥᠭᠵᠢᠯᠲᠦ

2023-11-18

612

ᠠᠷᠭᠠᠮᠵᠢᠶ᠎ᠠ᠂ ᠡᠷᠭᠢᠯᠭᠡ

                ᠪ· ᠰ ᠬᠥᠭᠵᠢᠯᠲᠦ ᠵᠣᠷᠢᠭᠲᠤ 
   ᠡᠷᠭᠢᠯᠭᠡ ᠪᠣᠯ ᠠᠷᠭᠠᠮᠵᠢᠶ᠎ᠠ ᠪᠠ ᠨᠣᠭᠲᠣ ᠵᠡᠷᠭᠡ ᠶ᠋ᠢᠨ ᠪᠣᠭᠣᠮᠢ ᠳᠡᠭᠡᠷ᠎ᠡ ᠬᠡᠷᠡᠭᠯᠡᠬᠦ ᠲᠡᠩᠭᠡᠯᠢᠭ ᠢ᠋ᠶ᠋ᠡᠷ ᠢ᠋ᠶ᠋ᠡᠨ ᠡᠷᠭᠢᠯᠳᠦᠬᠦ ᠬᠡᠯᠬᠢᠶ᠎ᠡ ᠬᠣᠶᠠᠷ ᠭᠠᠷᠠᠬ᠎ᠠ ᠶᠤᠮ᠃ ᠶᠠᠭᠤᠨ ᠤ᠋ ᠡᠮᠦᠨ᠎ᠡ᠂ ᠡᠷᠭᠢᠯᠭᠡ ᠨᠢ ᠠᠷᠭᠠᠮᠵᠢᠶ᠎ᠠ ᠶ᠋ᠢ ᠪᠥᠬᠡ ᠪᠣᠯᠭᠠᠵᠠᠢ᠃ ᠡᠷᠭᠢᠯᠭᠡ ᠦᠭᠡᠢ ᠪᠣᠯ ᠠᠷᠭᠠᠮᠵᠢᠶ᠎ᠠ ᠡᠷᠴᠢᠮᠯᠡᠵᠦ ᠴᠢᠩᠭᠠᠷᠠᠭᠠᠳ ᠮᠠᠯ ᠤᠨᠤᠭ᠎ᠠ ᠪᠠᠨ ᠪᠣᠭᠣᠬᠤ ᠪᠤᠶᠤ ᠮᠤᠰᠬᠢᠯᠳᠤᠬᠤ ᠵᠠᠩᠭᠢᠶᠠᠰᠤ ᠭᠠᠷᠤᠭᠠᠳ ᠠᠮᠠᠷᠬᠠᠨ ᠲᠠᠰᠤᠷᠠᠳᠠᠭ᠃ ᠡᠰᠡᠬᠦᠯ᠎ᠡ ᠡᠷᠴᠢᠮ ᠨᠢ ᠬᠠᠷᠢᠵᠤ ᠰᠤᠯᠠᠷᠠᠭᠠᠳ ᠲᠠᠲᠠᠵᠤ ᠴᠢᠩᠭᠠᠭᠠᠬᠤ ᠵᠢ ᠳᠠᠭᠠᠭᠠᠬᠤ ᠦᠭᠡᠢ ᠥᠪᠡᠷᠲᠡᠭᠡᠨ ᠲᠠᠰᠤᠷᠠᠳᠠᠭ᠃ ᠭᠡᠲᠡᠯ᠎ᠡ ᠡᠷᠭᠢᠯᠭᠡ ᠵᠠᠷᠤᠪᠠᠯ ᠳᠡᠭᠡᠰᠦᠨ ᠦ᠌ ᠡᠢᠮᠦᠷᠬᠦᠦ ᠡᠷᠴᠢᠮ ᠣᠷᠣᠬᠤ ᠪᠤᠶᠤ ᠡᠷᠴᠢᠮ ᠬᠠᠷᠢᠬᠤ ᠦᠵᠡᠭᠳᠡᠯ ᠢ᠋ ᠦᠭᠡᠢᠰᠬᠡᠵᠦ ᠲᠠᠰᠤᠷᠠᠬᠤ ᠪᠣᠯᠤᠮᠵᠢ ᠶ᠋ᠢ ᠶᠡᠬᠡᠪᠡᠷ ᠪᠠᠭᠠᠰᠬᠠᠳᠠᠭ᠃ ᠠᠷᠭᠠᠮᠵᠢᠶ᠎ᠠ ᠵᠢ ᠬᠠᠮᠤᠭ ᠰᠠᠢᠨ ᠨᠢ ᠬᠢᠯᠭᠠᠰᠤᠨ ᠳᠡᠭᠡᠰᠦᠨ ᠤ ᠦᠵᠦᠭᠦᠷ ᠲᠦ᠍ ᠡᠷᠭᠢᠯᠭᠡ ᠣᠷᠣᠭᠤᠯᠵᠤ ᠬᠢᠪᠡᠯ ᠡᠷᠴᠢᠮ ᠣᠷᠣᠬᠤ ᠦᠭᠡᠢ ᠪᠥᠭᠡᠳ ᠰᠢᠭᠦᠳᠡᠷᠢ ᠤᠰᠤᠨ ᠳ᠋ᠤ᠌ ᠨᠣᠷᠴᠤ ᠲᠠᠰᠤᠷᠠᠬᠤ ᠠ᠋ᠴᠠ ᠠᠶᠤᠬᠤ ᠦᠭᠡᠢ ᠪᠠᠢᠳᠠᠭ᠃ ᠠᠷᠭᠠᠮᠵᠢᠶ᠎ᠠ ᠨᠢ ᠤᠨᠤᠭ᠎ᠠ ᠬᠦᠯᠦᠰᠢ ᠶ᠋ᠢ ᠢᠳᠡᠰᠢᠯᠡᠭᠦᠯᠳᠡᠭ ᠪᠥᠭᠡᠳ ᠥᠷᠥᠭᠡᠯ᠂ ᠲᠤᠰᠢᠶ᠎ᠠ᠂ ᠴᠢᠳᠥᠷ ᠢ᠋ ᠪᠣᠳᠣᠪᠠᠯ ᠬᠣᠯᠠᠳᠠᠬᠤ ᠦᠭᠡᠢ ᠪᠠᠢᠯᠭᠠᠳᠠᠭ ᠤᠴᠢᠷ ᠠ᠋ᠴᠠ ᠮᠣᠩᠭᠣᠯᠴᠤᠳ ᠥᠷᠭᠡᠨ ᠢᠶᠡᠷ ᠵᠠᠷᠤᠳᠠᠭ ᠨᠡᠭᠦᠳᠡᠯ ᠠᠮᠢᠳᠤᠷᠠᠯ᠂ ᠣᠷᠣᠭ᠎ᠠ ᠪᠣᠰᠬᠠᠭ᠎ᠠ ᠠᠮᠢᠳᠤᠷᠠᠯ ᠤᠨ ᠲᠦᠷᠦᠳᠡᠰᠦ ᠮᠥᠨ᠃ ᠬᠣᠶᠠᠷ ᠲᠤ᠌᠂ ᠠᠷᠭᠠᠮᠵᠢᠶ᠎ᠠ ᠪᠣᠯ ᠮᠥᠨ ᠴᠦ᠍ ᠲᠠᠲᠠᠯᠭ᠎ᠠ ᠮᠥᠨ᠃ ᠮᠣᠩᠭᠣᠯᠴᠤᠳ ᠤ᠋ᠨ ᠬᠠᠰᠠᠭ ᠲᠡᠷᠭᠡᠨ ᠳᠡᠭᠡᠷ᠎ᠡ ᠡᠳ᠋ ᠪᠣᠳᠠᠰ ᠢᠶᠡᠨ ᠳᠠᠷᠤᠭᠤᠯᠵᠤ ᠲᠠᠲᠠᠯᠭᠠᠳᠠᠬᠤ ᠭᠠᠷ ᠠᠪᠤᠯᠭ᠎ᠠ ᠪᠣᠯ《ᠲᠡᠮᠡᠭᠡᠴᠢᠯᠡᠬᠦ》 ᠤᠶᠠᠳᠠᠯ ᠪᠥᠭᠡᠳ ᠠᠷᠭᠠᠮᠵᠢᠶ᠎ᠠ ᠶ᠋ᠢᠨ ᠤᠷᠲᠤ ᠵᠢᠨ ᠬᠡᠮᠵᠢᠶ᠎ᠡ ᠨᠢ ᠶᠠᠭ ᠰᠠᠢᠬᠠᠨ ᠡᠨᠡ ᠬᠦ᠌ ᠤᠶᠠᠳᠠᠯ ᠤ᠋ᠨ ᠬᠡᠷᠡᠭᠴᠡᠭᠡ ᠵᠢ ᠬᠠᠩᠭᠠᠵᠤ ᠳᠡᠢᠯᠳᠡᠭ ᠡᠴᠡ ᠲᠡᠮᠡᠭᠡᠴᠢᠯᠡᠬᠦ ᠳᠦ ᠪᠡᠨ ᠮᠣᠩᠭᠣᠯᠴᠤᠳ ᠬᠡᠵᠢᠶᠡᠳᠡ ᠭᠠᠷ ᠦᠵᠦᠭᠦᠷ ᠪᠡᠯᠡᠬᠡᠨ ᠪᠠᠢᠳᠠᠭ ᠠᠷᠭᠠᠮᠵᠢᠶ᠎ᠠ ᠪᠠᠨ ᠵᠠᠷᠤᠳᠠᠭ᠃ ᠲᠡᠮᠡᠭᠡᠴᠢᠯᠡᠬᠦ ᠨᠢ ᠲᠡᠷᠭᠡᠨ ᠤ ᠵᠥᠪ ᠲᠠᠯ᠎ᠠ ᠵᠢᠨ ᠡᠮᠦᠨ᠎ᠡ ᠢᠯᠠᠤ ᠠᠴᠠ ᠪᠤᠷᠤᠭᠤ ᠲᠠᠯ᠎ᠠ ᠶ᠋ᠢᠨ ᠬᠣᠢᠲᠤ ᠢᠯᠠᠤ ᠤᠷᠤᠭᠤ ᠠᠷᠭᠠᠮᠵᠢᠶ᠎ᠠ ᠪᠠᠨ ᠬᠠᠶᠠᠵᠤ᠂ ᠤᠨᠵᠢᠭᠤᠯᠵᠤ ᠪᠠᠢᠭ᠎ᠠ ᠬᠣᠶᠠᠷ ᠦᠵᠦᠭᠦᠷ ᠢ ᠨᠢ ᠲᠤᠰ ᠲᠤᠰ ᠠᠷᠠᠯ ᠤ᠋ᠨ ᠳᠣᠣᠭᠤᠷ ᠪᠤᠴᠠᠭᠠᠵᠤ ᠳᠡᠭᠡᠭᠰᠢ ᠲᠠᠲᠠᠵᠤ ᠠᠪᠤᠭᠠᠳ ᠳᠠᠬᠢᠵᠤ ᠭᠣᠣᠯ ᠳᠡᠭᠡᠰᠦᠨ ᠳᠡᠭᠡᠷ᠎ᠡ ᠪᠠᠨ ᠤᠶᠠᠳᠠᠭ᠃ ᠡᠢᠮᠦ ᠤᠶᠠᠳᠠᠯ ᠨᠢ ᠪᠠᠷᠠᠭ᠎ᠠ ᠲᠡᠭᠡᠭᠡᠰᠢ ᠶ᠋ᠢᠨ ᠡᠮᠦᠨ᠎ᠡ ᠬᠣᠢᠨ᠎ᠠ ᠬᠣᠶᠠᠷ ᠲᠠᠯ᠎ᠠ ᠳᠤ ᠲᠤᠰ ᠪᠦᠷᠢ ᠠᠳᠠᠯᠢ ᠬᠠᠵᠠᠭᠤᠲᠤ ᠭᠤᠷᠪᠠᠯᠵᠢᠨ ᠬᠡᠯᠪᠡᠷᠢᠲᠦ ᠦᠳᠡᠭᠡᠷᠢ ᠡᠭᠦᠰᠬᠡᠳᠡᠭ ᠲᠤᠯᠠ ᠲᠡᠭᠡᠭᠡᠰᠢ ᠪᠥᠬᠡ᠂ ᠭᠡᠭᠡᠵᠦ ᠲᠤᠰᠬᠤ ᠦᠭᠡᠢ ᠪᠠᠢᠳᠠᠭ᠃ ᠲᠡᠭᠡᠬᠦ ᠮᠥᠷᠲᠡᠭᠡᠨ ᠴᠢᠩᠭᠠᠯᠠᠬᠤ ᠳ᠋ᠤ᠌ ᠵᠥᠪᠬᠡᠨ ᠳᠡᠭᠡᠰᠦᠨ ᠤ ᠨᠢᠭᠡ ᠦᠵᠦᠭᠦᠷ ᠢ᠋ ᠨᠢ ᠲᠠᠲᠠᠪᠠᠯ ᠪᠦᠬᠦ ᠳᠠᠷᠤᠭᠤᠯᠭ᠎ᠠ ᠬᠥᠭᠡᠭᠡᠯᠴᠡᠭᠡᠨ ᠴᠢᠩᠭᠠᠷᠠᠳᠠᠭ ᠮᠡᠷᠭᠡᠨ ᠤᠬᠠᠭᠠᠨ ᠲᠠᠢ᠃

   ᠦᠰᠦᠭ ᠠᠮᠢᠯᠠᠭᠤᠯᠤᠭᠴᠢ᠄ ᠪᠠᠶᠠᠨᠰᠡᠷᠡᠩ
   ᠬᠢᠨᠠᠭᠴᠢ ᠪᠠᠭᠰᠢ ᠄ ᠵ· ᠪᠤᠶᠠᠨᠲᠣᠭᠲᠠᠬᠣ᠂ ᠭᠠᠷᠮ᠎ᠠ

ᠢᠷᠡᠯᠲᠡ᠄《ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠠ᠋ᠴᠠ