ᠳᠥᠷᠪᠡᠨ ᠴᠠᠭ ᠤ᠋ᠨ ᠴᠢᠮᠡᠭ-ᠠᠨᠳᠠ ᠬᠠᠮᠲᠤᠯᠢᠭ᠋Дөрвөн цагийн чимгээ-Андаа хамтла
ᠳᠥᠷᠪᠡᠨ ᠴᠠᠭ ᠤ᠋ᠨ ᠴᠢᠮᠡᠭ
ᠳᠥᠷᠪᠡᠨ ᠴᠠᠭ ᠤ᠋ᠨ ᠴᠢᠮᠡᠭ ᠪᠣᠯᠤᠭᠰᠠᠨ ᠴᠢᠮᠡᠭ ᠪᠣᠯᠤᠭᠰᠠᠨ ᠠ᠋ ᠬᠦᠢ
ᠳᠥᠯᠭᠡᠬᠡᠨ ᠠᠮᠤᠭᠤᠯᠠᠩ ᠬᠠᠢᠷᠠᠬᠤᠨ ᠮᠢᠨᠢ ᠠ᠋ ᠬᠠᠢᠷᠠᠬᠤᠨ ᠠ᠋ ᠬᠦᠢ
ᠮᠢᠩᠭ᠎ᠠ ᠮᠢᠩᠭᠠᠨ ᠤ᠋ ᠦᠵᠡᠮᠵᠢ ᠪᠣᠯᠤᠭᠰᠠᠨ ᠦᠵᠡᠮᠵᠢ ᠪᠣᠯᠤᠭᠰᠠᠨ ᠠ᠋ ᠬᠦᠢ
ᠮᠢᠨᠦ ᠨᠤᠲᠤᠭ ᠤ᠋ᠨ ᠬᠠᠢᠷᠠᠬᠤᠨ ᠮᠢᠨᠢ ᠠ᠋ ᠬᠠᠢᠷᠠᠬᠤᠨ ᠮᠢᠨᠢ ᠠ᠋ ᠬᠦᠢ
ᠮᠥᠩᠬᠡ ᠲᠩᠷᠢ ᠮᠥᠷᠡᠨ ᠳ᠋ᠦ᠍ ᠨᠢ ᠰᠠᠭᠠᠳᠠᠳᠠᠭ ᠰᠠᠭᠠᠳᠠᠳᠠᠭ ᠠ᠋ ᠬᠦᠢ
ᠮᠥᠷᠥᠭᠡᠳᠦᠯ ᠦ᠋ᠨ ᠰᠠᠷᠠᠨ ᠣᠷᠭᠢᠯ ᠳ᠋ᠤ᠌ ᠨᠢ ᠥᠨᠵᠢᠳᠡᠭ ᠥᠨᠵᠢᠳᠡᠭ ᠠ᠋ ᠬᠦᠢ
ᠮᠥᠰᠥ ᠨᠢ ᠭᠢᠯᠠᠯᠵᠠᠬᠤ ᠡᠪᠦᠯ ᠦ᠋ᠨ ᠴᠢᠮᠡᠭ ᠠ ᠠ ᠬᠦᠢ
ᠮᠥᠩᠭᠥᠨ ᠡᠷᠳᠡᠨᠢ ᠶ᠋ᠢᠨ ᠬᠠᠢᠷᠠᠬᠤᠨ ᠮᠢᠨᠢ ᠠ᠋ ᠬᠠᠢᠷᠠᠬᠤᠨ ᠮᠢᠨᠢ ᠠ᠋ ᠬᠦᠢ
ᠬᠠᠳᠠ ᠶ᠋ᠢᠨ ᠴᠠᠰᠤ ᠨᠢ ᠬᠠᠢᠯᠤᠭᠠᠳ ᠪᠦᠪᠡᠢᠯᠡᠳᠡᠭ ᠠ᠋ ᠬᠦᠢ
ᠬᠠᠵᠠᠭᠤ ᠶ᠋ᠢᠨ ᠢᠷᠭᠤᠢ ᠨᠢ ᠳᠡᠯᠭᠡᠷᠡᠭᠡᠳ ᠮᠦᠰᠢᠶᠡᠳᠡᠭ ᠠ᠋ ᠬᠦᠢ
ᠬᠠᠩᠭᠠᠢ ᠨᠢᠯᠬᠠᠷᠠᠬᠤ ᠬᠠᠪᠤᠷ ᠤ᠋ᠨ ᠴᠢᠮᠡᠭ ᠠ ᠠ ᠬᠦᠢ
ᠬᠠᠰ ᠡᠷᠳᠡᠨᠢ ᠶ᠋ᠢᠨ ᠬᠠᠢᠷᠠᠬᠤᠨ ᠮᠢᠨᠢ ᠠ᠋ ᠬᠠᠢᠷᠠᠬᠤᠨ ᠮᠢᠨᠢ ᠠ᠋ ᠬᠦᠢ
ᠬᠤᠷᠮᠤᠰᠲᠠ ᠶ᠋ᠢᠨ ᠨᠠᠷᠠᠨ ᠵᠤᠯᠠᠢ ᠶ᠋ᠢ ᠨᠢ ᠳᠠᠭᠠᠯᠠᠳᠠᠭ ᠲᠠᠭᠠᠯᠠᠳᠠᠭ ᠠ᠋ ᠬᠦᠢ
ᠬᠤᠷ᠎ᠠ ᠶ᠋ᠢᠨ ᠡᠭᠦᠯᠡᠰ ᠵᠣ ᠳ᠋ᠤ᠌ ᠨᠢ ᠢᠯᠪᠢᠳᠡᠭ ᠠ᠋ ᠬᠦᠢ
ᠣᠷᠴᠢᠯᠠᠩ ᠢ᠋ ᠭᠤᠶᠤᠬᠤ ᠵᠤᠨ ᠤ᠋ ᠴᠢᠮᠡᠭ ᠠ ᠠ ᠬᠦᠢ
ᠣᠭ᠌ᠶᠤ ᠡᠷᠳᠡᠨᠢ ᠶ᠋ᠢᠨ ᠬᠠᠢᠷᠠᠬᠤᠨ ᠠ᠋ ᠬᠠᠢᠷᠠᠬᠤᠨ ᠮᠢᠨᠢ ᠠ᠋ ᠬᠦᠢ
ᠠᠮᠢᠲᠠᠨ ᠵᠢᠭᠦᠷᠲᠡᠨ ᠡᠪᠦᠷ ᠲᠦ᠍ ᠨᠢ ᠴᠡᠩᠭᠡᠳᠡᠭ ᠠ᠋ ᠬᠦᠢ
ᠠᠯᠢᠮ᠎ᠠ ᠵᠢᠮᠢᠰ ᠢ᠋ᠶ᠋ᠡᠨ ᠣᠢ ᠮᠣᠳᠣ ᠨᠢ ᠳᠡᠭᠡᠵᠢᠯᠡᠳᠡᠭ ᠠ᠋ ᠬᠦᠢ
ᠠᠢᠷᠠᠭ ᠬᠥᠭᠡᠰᠦᠷᠡᠬᠦ ᠨᠠᠮᠤᠷ ᠤ᠋ᠨ ᠴᠢᠮᠡᠭ ᠠ ᠠ ᠬᠦᠢ
ᠠᠯᠲᠠᠨ ᠡᠷᠳᠡᠨᠢ ᠶ᠋ᠢᠨ ᠬᠠᠢᠷᠠᠬᠤᠨ ᠮᠢᠨᠢ ᠠ᠋ ᠬᠠᠢᠷᠠᠬᠤᠨ ᠮᠢᠨᠢ ᠠ᠋ ᠬᠦᠢ
ᠠ᠁ ᠬᠠᠢ
ᠮᠥᠩᠬᠡ ᠲᠩᠷᠢ ᠮᠥᠷᠡᠨ ᠳ᠋ᠦ᠍ ᠨᠢ ᠰᠠᠭᠠᠳᠠᠳᠠᠭ ᠰᠠᠭᠠᠲᠠᠳᠠᠭ ᠠ᠋ ᠬᠦᠢ
ᠮᠥᠷᠥᠭᠡᠳᠦᠯ ᠦ᠋ᠨ ᠰᠠᠷᠠᠨ ᠣᠷᠭᠢᠯ ᠳ᠋ᠤ᠌ ᠨᠢ ᠥᠨᠵᠢᠳᠡᠭ ᠥᠨᠵᠢᠳᠡᠭ ᠠ᠋ ᠬᠦᠢ
ᠮᠥᠰᠥ ᠨᠢ ᠭᠢᠯᠠᠯᠵᠠᠬᠤ ᠡᠪᠦᠯ ᠦ᠋ᠨ ᠴᠢᠮᠡᠭ ᠠ᠋ ᠡᠪᠦᠯ ᠦ᠋ᠨ ᠴᠢᠮᠡᠭ ᠠ᠋ ᠬᠦᠢ
ᠮᠥᠩᠭᠥᠨ ᠡᠷᠳᠡᠨᠢ ᠶ᠋ᠢᠨ ᠬᠠᠢᠷᠠᠬᠤᠨ ᠮᠢᠨᠢ ᠠ᠋ ᠬᠠᠢᠷᠠᠬᠤᠨ ᠮᠢᠨᠢ ᠠ᠋ ᠬᠦᠢ
ᠬᠠᠳᠠ ᠶ᠋ᠢᠨ ᠴᠠᠰᠤ ᠨᠢ ᠬᠠᠢᠯᠤᠭᠠᠳ ᠪᠦᠪᠡᠢᠯᠡᠳᠡᠭ ᠠ᠋ ᠬᠦᠢ
ᠬᠠᠵᠠᠭᠤ ᠶ᠋ᠢᠨ ᠢᠷᠭᠤᠢ ᠨᠢ ᠳᠡᠯᠭᠡᠷᠡᠭᠡᠳ ᠮᠦᠰᠢᠶᠡᠳᠡᠭ ᠠ᠋ ᠬᠦᠢ
ᠬᠠᠩᠭᠠᠢ ᠨᠢᠯᠬᠠᠷᠠᠬᠤ ᠬᠠᠪᠤᠷ ᠤ᠋ᠨ ᠴᠢᠮᠡᠭ ᠬᠠᠪᠤᠷ ᠤ᠋ᠨ ᠴᠢᠮᠡᠭ ᠠ᠋ ᠬᠦᠢ
ᠬᠠᠰ ᠡᠷᠳᠡᠨᠢ ᠶ᠋ᠢᠨ ᠬᠠᠢᠷᠠᠬᠤᠨ ᠮᠢᠨᠢ ᠠ᠋ ᠬᠠᠢᠷᠠᠬᠤᠨ ᠮᠢᠨᠢ ᠠ᠋ ᠬᠦᠢ
ᠬᠤᠷᠮᠤᠰᠲᠠ ᠶ᠋ᠢᠨ ᠨᠠᠷᠠᠨ ᠨᠢ ᠵᠤᠯᠠᠢ ᠶ᠋ᠢ ᠨᠢ ᠳᠠᠭᠠᠯᠠᠳᠠᠭ ᠳᠠᠭᠠᠯᠠᠳᠠᠭ ᠠ᠋ ᠬᠦᠢ
ᠬᠤᠷ᠎ᠠ ᠶ᠋ᠢᠨ ᠡᠭᠦᠯᠡᠰ ᠵᠣ ᠳ᠋ᠤ᠌ ᠨᠢ ᠢᠯᠪᠢᠳᠡᠭ ᠢᠯᠪᠢᠳᠡᠭ ᠠ᠋ ᠬᠦᠢ
ᠣᠷᠴᠢᠯᠠᠩ ᠢ᠋ ᠭᠤᠶᠤᠬᠤ ᠵᠤᠨ ᠤ᠋ ᠴᠢᠮᠡᠭ ᠵᠤᠨ ᠤ᠋ ᠴᠢᠮᠡᠭ ᠠ᠋ ᠬᠦᠢ
ᠣᠭ᠌ᠶᠤ ᠡᠷᠳᠡᠨᠢ ᠶ᠋ᠢᠨ ᠬᠠᠢᠷᠠᠬᠤᠨ ᠮᠢᠨᠢ ᠠ᠋ ᠬᠠᠢᠷᠠᠬᠤᠨ ᠮᠢᠨᠢ ᠠ᠋ ᠬᠦᠢ
ᠠᠮᠢᠲᠠᠨ ᠵᠢᠭᠦᠷᠲᠡᠨ ᠡᠪᠦᠷ ᠲᠦ᠍ ᠨᠢ ᠴᠡᠩᠭᠡᠳᠡᠭ ᠠ᠋ ᠬᠦᠢ
ᠠᠯᠢᠮ᠎ᠠ ᠵᠢᠮᠢᠰ ᠢ᠋ᠶ᠋ᠡᠨ ᠣᠢ ᠮᠣᠳᠣ ᠨᠢ ᠳᠡᠭᠡᠵᠢᠯᠡᠳᠡᠭ ᠠ᠋ ᠬᠦᠢ
ᠠᠢᠷᠠᠭ ᠬᠥᠭᠡᠰᠦᠷᠡᠬᠦ ᠨᠠᠮᠤᠷ ᠤ᠋ᠨ ᠴᠢᠮᠡᠭ ᠨᠠᠮᠤᠷ ᠤ᠋ᠨ ᠴᠢᠮᠡᠭ ᠠ᠋ ᠬᠦᠢ
ᠠᠯᠲᠠᠨ ᠡᠷᠳᠡᠨᠢ ᠶ᠋ᠢᠨ ᠬᠠᠢᠷᠠᠬᠤᠨ ᠮᠢᠨᠢ ᠠ᠋ ᠬᠠᠢᠷᠠᠬᠤᠨ ᠠ᠋ ᠬᠦᠢ
ᠳᠥᠷᠪᠡᠨ ᠴᠠᠭ ᠤ᠋ᠨ ᠴᠢᠮᠡᠭ ᠪᠣᠯᠤᠭᠰᠠᠨ ᠴᠢᠮᠡᠭ ᠪᠣᠯᠤᠭᠰᠠᠨ ᠠ᠋ ᠬᠦᠢ
ᠳᠥᠯᠭᠡᠬᠡᠨ ᠠᠮᠤᠭᠤᠯᠠᠩ ᠬᠠᠢᠷᠠᠬᠤᠨ ᠮᠢᠨᠢ ᠠ᠋ ᠬᠠᠢᠷᠠᠬᠤᠨ ᠮᠢᠨᠢ ᠠ᠋ ᠬᠦᠢ
ᠮᠢᠩᠭ᠎ᠠ ᠮᠢᠩᠭᠠᠨ ᠤ᠋ ᠦᠵᠡᠮᠵᠢ ᠪᠣᠯᠤᠭᠰᠠᠨ ᠦᠵᠡᠮᠵᠢ ᠪᠣᠯᠤᠭᠰᠠᠨ ᠠ᠋ ᠬᠦᠢ
ᠮᠢᠨᠦ ᠨᠤᠲᠤᠭ ᠤ᠋ᠨ ᠬᠠᠢᠷᠠᠬᠤᠨ ᠮᠢᠨᠢ ᠠ᠋ ᠬᠠᠢᠷᠠᠬᠤᠨ ᠮᠢᠨᠢ ᠠ᠋ ᠬᠦᠢ
ᠪᠠᠷᠠᠯᠠᠨ ᠪᠠᠷᠠᠯᠠᠨ ᠬᠠᠷᠠᠵᠤ ᠪᠠᠬᠠᠳᠤᠨᠠᠮ ᠪᠠᠬᠠᠳᠤᠨᠠᠮ ᠠ᠋ ᠬᠦᠢ
ᠪᠡᠶᠡᠰᠦᠨ ᠪᠡᠶᠡᠰᠦᠨ ᠰᠢᠯᠦᠭᠯᠡᠵᠦ ᠮᠠᠭᠲᠠᠨᠠᠮ ᠮᠠᠭᠲᠠᠨᠠᠮ ᠠ᠋ ᠬᠦᠢ
ᠪᠠᠢᠨ ᠪᠠᠢᠨ ᠰᠠᠨᠠᠵᠤ ᠳᠠᠭᠤᠯᠠᠨᠠᠮ ᠳᠠᠭᠤᠯᠠᠨᠠᠮ ᠠ᠋ ᠬᠦᠢ
ᠪᠠᠢᠭᠠᠯᠢ ᠳᠡᠯᠡᠬᠡᠢ ᠪᠡᠨ ᠬᠠᠢᠷᠠᠯᠠᠵᠤ ᠶᠠᠪᠤᠨᠠᠮ ᠬᠠᠢᠷᠠᠯᠠᠵᠤ ᠶᠠᠪᠤᠨᠠᠮ ᠠ᠋ ᠬᠦᠢ
ᠪᠠᠢᠨ ᠪᠠᠢᠨ ᠰᠠᠨᠠᠵᠤ ᠳᠠᠭᠤᠯᠠᠨᠠᠮ ᠳᠠᠭᠤᠯᠠᠨᠠᠮ ᠠ᠋ ᠬᠦᠢ
ᠪᠠᠢᠭᠠᠯᠢ ᠳᠡᠯᠡᠬᠡᠢ ᠪᠡᠨ ᠬᠠᠢᠷᠠᠯᠠᠵᠤ ᠶᠠᠪᠤᠨᠠᠮ ᠬᠠᠢᠷᠠᠯᠠᠵᠤ ᠶᠠᠪᠤᠨᠠᠮ ᠠ᠋ ᠬᠦᠢ
ᠦᠰᠦᠭ ᠠᠮᠢᠯᠠᠭᠤᠯᠤᠭᠴᠢ᠄ ᠰ᠂ ᠲᠦᠮᠡᠡᠴᠡᠴᠡᠭ
ᠦᠰᠦᠭ ᠬᠠᠲᠠᠭᠴᠢ᠄ ᠰ᠂ ᠲᠦᠮᠡᠡᠴᠡᠴᠡᠭ
ᠬᠢᠨᠠᠭᠴᠢ ᠪᠠᠭᠰᠢ᠄ ᠢᠷᠡᠭᠡᠳᠦᠢ
