ᠪᠤᠷᠬ᠎ᠠБорх-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-09ᠤ᠋· ᠰ· ᠬᠥᠭᠵᠢᠯᠲᠦ ᠡᠳ᠋ᠯᠡᠯ ᠬᠡᠷᠡᠭᠰᠡᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬ᠎ᠠБорх-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-09ᠤ᠋· ᠰ· ᠬᠥᠭᠵᠢᠯᠲᠦ

ᠪᠤᠷᠬ᠎ᠠБорх-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-09ᠤ᠋· ᠰ· ᠬᠥᠭᠵᠢᠯᠲᠦ

2023-11-17

633

ᠪᠤᠷᠬ᠎ᠠ

    ᠪ· ᠰ ᠬᠥᠭᠵᠢᠯᠲᠦ ᠵᠣᠷᠢᠭᠲᠤ

   ᠪᠤᠷᠬ᠎ᠠ ᠪᠣᠯ ᠪᠢᠷᠠᠭᠤ ᠶ᠋ᠢ ᠰᠦ ᠡᠴᠡ ᠨᠢ ᠰᠠᠯᠭᠠᠬᠤ ᠡᠳ᠋ ᠶᠦᠮ᠃ ᠲᠥᠭᠡ ᠬᠢᠷᠢ ᠤᠷᠲᠤ ᠂ ᠠᠯᠠᠭ᠎ᠠ ᠳᠠᠷᠤᠮ᠎ᠠ ᠥᠷᠭᠡᠨ ᠬᠠᠪᠲᠠᠰᠤ ᠶ᠋ᠢᠨ ᠨᠢᠭᠡ ᠲᠠᠯ᠎ᠠ ᠶ᠋ᠢᠨ ᠤᠷᠲᠤ ᠬᠥᠪᠡᠭᠡᠨ ᠳᠡᠭᠡᠷ᠎ᠡ ᠨᠢ ᠤᠬᠤᠳᠠᠯ ᠭᠠᠷᠭᠠᠵᠤ ᠪᠢᠷᠠᠭᠤ ᠶ᠋ᠢᠨ ᠬᠠᠮᠠᠷ ᠲᠤ᠌ ᠰᠠᠯᠭᠠᠵᠤ ᠠᠪᠬᠤ ᠦᠭᠡᠢ ᠨᠡᠯᠢᠶᠡᠳ ᠤᠷᠲᠤ ᠬᠤᠭᠤᠴᠠᠭ᠎ᠠ ᠵᠡᠭᠦᠯᠭᠡᠭᠡᠳ ᠡᠬᠡ ᠪᠡᠨ ᠬᠥᠬᠥᠬᠦ ᠶ᠋ᠢ ᠬᠣᠷᠢᠭᠯᠠᠵᠤ ᠰᠦ ᠡᠴᠡ ᠨᠢ ᠰᠠᠯᠭᠠᠬᠤ ᠡᠳ᠋ ᠶᠦᠮ᠃ ᠦᠢᠯᠡᠳᠦᠯ ᠢ᠋ᠶ᠋ᠡᠷ ᠱᠥᠷᠭᠡ ᠲᠡᠢ ᠠᠳᠠᠯᠢᠬᠠᠨ ᠪᠠᠢᠳᠠᠭ ᠪᠣᠯᠪᠠᠴᠤ ᠬᠡᠷᠡᠭᠴᠡᠭᠡ ᠪᠠ ᠵᠣᠷᠢᠯᠭ᠎ᠠ ᠪᠠᠷ ᠠᠳᠠᠯᠢ ᠦᠭᠡᠢ ᠪᠠᠢᠳᠠᠭ᠃ ᠶᠠᠭᠤᠨ  ᠤ᠋ ᠡᠮᠦᠨ᠎ᠡ ᠂ ᠡᠬᠡ ᠮᠠᠯ ᠤ᠋ᠨ ᠲᠠᠷᠭᠤ ᠬᠦᠴᠦ ᠶ᠋ᠢ ᠪᠠᠲᠤᠯᠠᠬᠤ ᠬᠡᠷᠡᠭᠴᠡᠭᠡ ᠲᠡᠢ᠃ ᠬᠤᠰᠠᠷᠠᠩ ᠦᠨᠢᠶᠡᠨ  ᠦ᠌ ᠰᠦ ᠨᠢ ᠲᠠᠲᠠᠭᠤᠷᠠᠵᠤ ᠰᠢᠷᠭᠢᠬᠦ ᠪᠣᠯᠤᠭᠰᠠᠨ ᠪᠠᠢᠲᠠᠯ᠎ᠠ ᠵᠠᠷᠢᠮ ᠬᠣᠪᠳᠣᠭ ᠪᠢᠷᠠᠭᠤ ᠨᠢ ᠪᠠᠰᠠ ᠯᠠ ᠬᠥᠬᠥᠭᠡᠳ ᠡᠬᠡ ᠶ᠋ᠢᠨ ᠢ᠋ᠶ᠋ᠡᠨ ᠲᠠᠷᠭᠤ ᠬᠦᠴᠦ ᠠᠪᠬᠤ ᠶ᠋ᠢ ᠬᠠᠷᠰᠢᠯᠠᠳᠠᠭ᠃ ᠢᠯᠠᠩᠭᠤᠶ᠎ᠠ ᠵᠠᠷᠢᠮ ᠪᠢᠷᠠᠭᠤ ᠨᠢ ᠡᠬᠡ ᠨᠢ ᠲᠤᠭᠤᠯᠯᠠᠭᠰᠠᠨ ᠪᠠᠢᠲᠠᠯ᠎ᠠ ᠨᠢᠯᠬ᠎ᠠ ᠲᠤᠭᠤᠯ ᠲᠠᠢ ᠪᠤᠯᠢᠶᠠᠯᠴᠠᠵᠤ ᠬᠥᠬᠥᠭᠡᠳ ᠡᠬᠡ ᠮᠠᠯ ᠤ᠋ᠨ ᠲᠠᠷᠭᠤ ᠬᠦᠴᠦ ᠪᠠ ᠨᠢᠯᠬ᠎ᠠ ᠲᠤᠭᠤᠯ ᠤ᠋ᠨ ᠪᠣᠢᠵᠢᠯᠲᠠ ᠶ᠋ᠢ ᠴᠥᠮ ᠨᠥᠯᠥᠭᠡᠯᠡᠳᠡᠭ᠃ᠡᠢᠮᠦᠷᠬᠦᠦ ᠦᠶ᠎ᠡ ᠳ᠋ᠦ᠍ ᠪᠤᠷᠬ᠎ᠠ ᠵᠡᠭᠦᠯᠭᠡᠵᠦ ᠪᠢᠷᠠᠭᠤ ᠶ᠋ᠢᠨ ᠡᠬᠡ ᠪᠡᠨ ᠬᠥᠬᠥᠬᠦ ᠶ᠋ᠢ ᠲᠠᠰᠤ ᠵᠣᠭᠰᠣᠭᠠᠳᠠᠭ ᠬᠡᠷᠡᠭᠴᠡᠭᠡ ᠲᠡᠢ᠃ ᠳᠠᠷᠠᠭ᠎ᠠ ᠨᠢ ᠡᠷᠲᠡ ᠣᠷᠣᠭ᠎ᠠ ᠣᠷᠣᠭᠤᠯᠬᠤ ᠵᠣᠷᠢᠯᠭ᠎ᠠ ᠲᠠᠢ᠃ ᠪᠢᠷᠠᠭᠤ ᠶ᠋ᠢ ᠡᠷᠲᠡ ᠰᠢᠭ ᠰᠦ ᠡᠴᠡ ᠨᠢ ᠰᠠᠯᠭᠠᠬᠤ ᠦᠭᠡᠢ ᠪᠣᠯ ᠬᠤᠰᠠᠷᠠᠩ ᠦᠨᠢᠶ᠎ᠡ ᠣᠷᠣᠭ᠎ᠠ ᠣᠷᠣᠬᠤ ᠨᠢ ᠣᠷᠣᠢ ᠪᠣᠯᠬᠤ ᠪᠤᠶᠤ ᠰᠤᠪᠠᠢᠷᠠᠬᠤ ᠠᠶᠤᠯ ᠲᠠᠢ ᠪᠠᠢᠳᠠᠭ᠃ ᠡᠢᠮᠦ ᠪᠠᠢᠳᠠᠯ ᠳ᠋ᠤ᠌ ᠪᠤᠷᠬ᠎ᠠ ᠵᠡᠭᠦᠯᠭᠡᠵᠦ ᠡᠷᠲᠡ ᠰᠢᠭ ᠰᠦ ᠡᠴᠡ ᠨᠢ ᠰᠠᠯᠭᠠᠪᠠᠯ ᠡᠬᠡ ᠮᠠᠯ ᠤ᠋ᠨ ᠲᠠᠷᠭᠤ ᠬᠦᠴᠦ ᠮᠠᠰᠢ ᠬᠤᠷᠳᠤᠨ ᠰᠠᠢᠵᠢᠷᠠᠵᠤ ᠣᠷᠣᠭ᠎ᠠ ᠣᠷᠣᠳᠠᠭ᠃ ᠪᠤᠷᠬ᠎ᠠ ᠨᠢ ᠮᠥᠨ ᠴᠦ᠍ ᠱᠥᠷᠭᠡ ᠯᠦ᠍ᠭᠡ ᠠᠳᠠᠯᠢᠬᠠᠨ ᠪᠡᠯᠴᠢᠭᠡᠷ ᠦ᠋ᠨ ᠮᠠᠯ ᠠᠵᠤ ᠠᠬᠤᠢ ᠶ᠋ᠢᠨ ᠣᠨᠴᠠᠯᠢᠭ ᠲᠤ᠌ ᠲᠣᠬᠢᠷᠠᠭᠰᠠᠨ ᠡᠬᠡ ᠮᠠᠯ ᠤ᠋ᠨ ᠲᠠᠷᠭᠤ ᠬᠦᠴᠦ ᠪᠠᠲᠤᠯᠠᠬᠤ ᠡᠷᠲᠡ ᠣᠷᠣᠭ᠎ᠠ ᠣᠷᠣᠭᠤᠯᠬᠤ ᠰᠢᠨᠵᠢᠯᠡᠬᠦ ᠤᠬᠠᠭᠠᠨᠴᠢ ᠬᠠᠷᠢᠭᠤᠯᠵᠤ ᠮᠠᠯᠯᠠᠬᠤ ᠠᠷᠭ᠎ᠠ ᠠᠪᠴᠠᠯ ᠶᠤᠮ ᠃

   ᠦᠰᠦᠭ ᠠᠮᠢᠯᠠᠭᠤᠯᠤᠭᠰᠠᠨ᠄ ᠠᠵᠠᠵᠠᠶᠠᠭ᠎ᠠ
   ᠬᠢᠨᠠᠭᠴᠢ ᠪᠠᠭᠰᠢ᠄ ᠣᠳᠬᠠᠨᠰᠤ᠎ᠠ᠂ ᠭᠠᠷᠮ᠎ᠠ
   ᠶᠡᠷᠦᠩᠬᠡᠢ ᠬᠢᠨᠠᠭᠴᠢ᠄ ᠵ· ᠪᠤᠶᠠᠨᠲᠣᠭᠲᠠᠬᠤ

ᠢᠷᠡᠯᠲᠡ᠄《ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠠ᠋ᠴᠠ