ᠲᠡᠷᠡ ᠭᠤᠸᠠᠢ – ᠨ ᠂ ᠢᠰᠢᠳᠠᠪᠠᠬᠠᠢ Тэр гуай – Н ᠂ Ишитавхай
ᠲᠡᠷᠡ ᠭᠤᠸᠠᠢ
ᠨ ᠂ ᠢᠰᠢᠳᠠᠪᠠᠬᠠᠢ
< ᠭᠤᠷᠮᠤᠰᠤᠨ ᠥᠭᠦᠯᠡᠯᠭᠡ 2 >
ᠲᠡᠷᠡ ᠭᠤᠸᠠᠢ ᠴᠠᠭ ᠲᠠᠭᠠᠨ ᠴᠠᠯᠭᠢᠵᠤ ᠶᠠᠪᠤᠭᠰᠠᠨ ᠡᠷ᠎ᠡ ᠠ᠋᠃ ᠡᠳᠦᠷ ᠨᠢ ᠠᠵᠢᠯ ᠢ᠋ᠶ᠋ᠠᠨ ᠬᠢᠵᠦ ᠢᠷᠡᠴᠢᠭᠡᠭᠡᠳ ᠰᠥᠨᠢᠵᠢᠨ ᠢ᠋ᠶ᠋ᠡᠨ ᠳᠠᠯᠤᠤ ᠨᠦᠳᠦᠵᠦ ᠨᠣᠢᠷ ᠲᠠᠢ ᠨᠣᠢᠷ ᠦᠭᠡᠢ ᠬᠣᠨᠣᠨ᠎ᠠ᠃ ᠲᠡᠭᠡᠭᠰᠡᠨ ᠬᠢᠷᠢᠨ᠎ᠡ ᠨᠢ ᠠᠵᠢᠯ ᠠ᠋ᠴᠠ ᠥᠷᠯᠥᠭᠡ ᠬᠣᠵᠢᠮᠳᠠᠵᠤ ᠣᠷᠣᠢ ᠶᠠᠪᠤᠵᠤ ᠦᠵᠡᠭᠡ ᠦᠭᠡᠢ᠃ ᠣᠳᠣ ᠴᠤ᠌ ᠲᠡᠷᠡ ᠯᠠ ᠶᠠᠩᠵᠤ ᠪᠠᠷ ᠢ᠋ᠶ᠋ᠠᠨ᠃
— ᠠᠵᠢᠯ ᠳᠡᠭᠡᠷ᠎ᠡ ᠰᠠᠭᠤᠬᠤ ᠶ᠋ᠢᠨ ᠬᠤᠪᠢ ᠳ᠋ᠤ᠌ ᠴᠤ᠌ ᠶᠠᠭᠠᠬᠢᠬᠤᠪ ᠦᠨᠡᠨ ᠬᠦ᠌ ᠵᠢᠳᠬᠦᠯ᠂ ᠲᠡᠰᠪᠦᠷᠢᠲᠡᠢ ᠬᠥᠮᠦᠨ᠂ ᠥᠪᠡᠷ ᠦ᠋ᠨ ᠬᠢᠨᠢ ᠶᠠᠷᠢᠳᠠᠭ ᠢ᠋ᠶ᠋ᠠᠷ ᠪᠣᠯ ᠵᠥᠭᠡᠭᠡᠭᠴᠢ ᠶ᠋ᠢᠨ ᠣᠷᠣᠭᠤᠯᠵᠤ ᠥᠭᠭᠦᠭᠰᠡᠨ ᠠᠶᠠᠭ᠎ᠠ ᠴᠠᠢ ᠶ᠋ᠢ ᠤᠤᠭᠤᠬᠤ ᠳ᠋ᠤ᠌ ᠴᠤ᠌ ᠭᠡᠰᠡᠨ ᠠᠯᠪᠠᠨ ᠤ᠋ ᠬᠡᠷᠡᠭ ᠲᠤ ᠰᠠᠭᠠᠳ ᠤᠴᠠᠷᠠᠬᠤ ᠶᠤᠮ ᠭᠡᠳ ᠲᠣᠯᠣᠭᠠᠢ ᠰᠡᠭᠰᠦᠷᠦᠨ᠎ᠡ ᠃ ᠴᠠᠭ ᠢ᠋ ᠲᠡᠭᠡᠵᠦ ᠨᠠᠷᠢᠨ ᠠᠰᠢᠭᠯᠠᠵᠤ ᠰᠤᠷᠤᠭᠰᠠᠨ ᠬᠥᠮᠦᠨ ᠳ᠋ᠦ᠍ ᠪᠦᠲᠦᠭᠡᠯ ᠴᠣᠬᠣᠮ ᠠᠭᠤᠯᠠ ᠣᠪᠣᠭ᠎ᠠ ᠰᠢᠭ᠋ ᠪᠠᠢᠬᠤ ᠪᠠᠷ ᠯᠠ ᠳᠠ᠃ ᠲᠡᠷᠡ ᠭᠤᠸᠠᠢ ᠴᠠᠭ ᠠᠰᠢᠭᠯᠠᠯᠲᠠ ᠭᠣᠣᠯᠯᠠᠵᠤ ᠰᠤᠷᠤᠭᠰᠠᠨ ᠬᠥᠮᠦᠨ ᠪᠣᠯᠬᠤ ᠪᠠᠷ ᠠᠵᠢᠯ ᠤ᠋ᠨ ᠴᠠᠭ ᠢ᠋ᠶ᠋ᠠᠷ ᠰᠣᠨᠢᠨ ᠰᠡᠳᠬᠦᠯ ᠶᠠᠭᠤᠮ᠎ᠠ ᠤᠩᠰᠢᠬᠤ ᠪᠠᠢᠲᠤᠭᠠᠢ ᠱᠠᠬᠠᠢᠵᠤ ᠴᠤ᠌ ᠬᠠᠷᠠᠬᠤ ᠦᠭᠡᠢ᠃
ᠡᠳᠦᠷ ᠦ᠋ᠨ ᠬᠢᠭᠰᠡᠨ ᠠᠵᠢᠯ᠂ ᠲᠥᠯᠥᠪᠯᠡᠭᠰᠡᠨ ᠪᠢᠴᠢᠭ ᠰᠡᠯᠲᠡ᠂ ᠲᠦᠭᠡᠭᠡᠭᠴᠢ ᠡᠴᠡ ᠬᠦᠯᠢᠶᠡᠵᠦ ᠠᠪᠤᠭᠰᠠᠨ ᠰᠣᠨᠢᠨ᠂ ᠰᠡᠳᠬᠦᠯ ᠲᠡᠢ ᠳᠠᠪᠬᠤᠷᠳᠠᠵᠤ ᠰᠢᠷᠡᠭᠡᠨ ᠳᠡᠭᠡᠷ᠎ᠡ ᠨᠢ ᠲᠡᠪᠬᠡᠢᠵᠦ ᠣᠪᠤᠬᠠᠷᠠᠭᠰᠠᠭᠠᠷ ᠪᠠᠢᠭᠠᠳ ᠥᠪᠡᠷ ᠢ᠋ᠶ᠋ᠡᠨ ᠴᠠᠭᠠᠨ᠎ᠠ ᠠ᠋ᠴᠠ ᠨᠢ ᠦᠵᠡᠭᠳᠡᠬᠦ ᠦᠭᠡᠢ ᠰᠢᠬᠠᠮ ᠪᠣᠯᠳᠠᠭ ᠪᠠᠢᠯ᠎ᠠ᠃ ᠣᠳᠣ ᠴᠤ᠌ ᠲᠡᠷᠡ ᠯᠠ ᠬᠡᠪ ᠢ᠋ᠶ᠋ᠡᠷ ᠢ᠋ᠶ᠋ᠡᠨ᠃ ᠲᠦᠷᠦᠭᠦᠴᠢ ᠡᠴᠡ ᠬᠣᠷᠣᠬᠤ ᠨᠢ ᠬᠣᠷᠣᠳᠠᠭ᠂ ᠭᠡᠬᠦ ᠳ᠋ᠡᠭᠡᠨ ᠲᠡᠷᠡ ᠭᠤᠸᠠᠢ ᠶ᠋ᠢᠨ ᠲᠥᠯᠥᠪᠯᠡᠭᠰᠡᠨ᠂ ᠵᠦᠢᠯ᠂ ᠴᠣᠬᠣᠷᠯᠠᠭᠰᠠᠨ ᠴᠠᠭᠠᠰᠤ᠂ ᠱᠠᠯᠢᠲᠠᠢ ᠬᠣᠯᠠ ᠶᠠᠪᠤᠭ᠎ᠠ ᠦᠭᠡᠢ ᠰᠠᠢᠨ ᠳ᠋ᠠᠭᠠᠨ ᠯᠠ ᠲᠷᠧᠰᠲ ᠦ᠋ᠨ ᠳᠠᠷᠤᠭ᠎ᠠ ᠳ᠋ᠤ᠌ ᠬᠦᠷᠦᠨ᠎ᠡ᠃ ᠢᠩᠭᠢᠬᠦ ᠨᠢ ᠭᠠᠵᠠᠷ ᠤ᠋ᠨ ᠳᠠᠷᠤᠭ᠎ᠠ ᠣᠷᠣᠯᠠᠭᠴᠢ ᠨᠠᠷ ᠠ᠋ᠴᠠ ᠪᠤᠴᠠᠨ᠎ᠠ᠂ ᠲᠡᠭᠡᠬᠦᠯᠡᠷ ᠲᠡᠷᠡ ᠭᠤᠸᠠᠢ ᠶ᠋ᠢᠨ ᠰᠢᠷᠡᠭᠡᠨ ᠳᠡᠭᠡᠷᠡᠬᠢ ᠨᠢᠮᠭᠡᠷᠡᠨ᠎ᠡ᠂ ᠴᠥᠭᠡᠷᠡᠨ᠎ᠡ ᠭᠡᠵᠦ ᠪᠠᠢᠬᠤ ᠦᠭᠡᠢ᠂ ᠭᠣᠣᠯᠳᠠᠭᠤ ᠯᠠ ᠵᠠᠰᠠᠪᠤᠷᠢ ᠲᠠᠢ ᠬᠠᠭᠤᠳᠠᠰᠤ ᠳᠦᠭᠦᠷᠡᠩ ᠪᠠᠢᠳᠠᠭ᠃ ᠪᠦᠷ ᠳᠡᠢᠯᠬᠦ ᠪᠡᠨ ᠪᠠᠢᠭᠠᠳ ᠢᠷᠡᠬᠦ ᠪᠡᠷ ᠨᠢ ᠬᠡᠯᠲᠡᠰ ᠢ᠋ᠶ᠋ᠡᠷ ᠢ᠋ᠶ᠋ᠡᠨ《 ᠲᠦᠷᠭᠡᠨ》 ᠠᠪᠴᠤ ᠭᠠᠵᠠᠷ ᠠ᠋ᠴᠠ ᠪᠠᠨ ᠬᠥᠮᠦᠨ ᠬᠦᠴᠦ ᠨᠡᠮᠡᠵᠦ ᠪᠠᠢᠵᠤ ᠦᠶ᠎ᠡ ᠦᠶ᠎ᠡ ᠰᠦᠪᠪᠦᠲ᠋ᠨᠢᠺ ᠬᠢᠵᠦ ᠵᠢᠭᠠᠬᠠᠨ ᠳᠤᠮᠳᠠᠷᠠᠭᠤᠯᠬᠤ ᠤᠳᠠᠭ᠎ᠠ ᠭᠠᠷᠳᠠᠭ᠃ ᠲᠡᠭᠡᠭᠡᠳ ᠴᠣᠬᠣᠮ ᠠᠴᠢᠶᠠᠯᠠᠯ ᠤ᠋ᠨ ᠢ᠋ᠶ᠋ᠠᠨ ᠬᠤᠪᠢ ᠳ᠋ᠤ᠌ ᠠᠪᠤᠭᠠᠳ ᠦᠵᠡᠬᠦ ᠶᠦᠮ ᠪᠣᠯ ᠲᠤᠰᠠᠯᠠᠬᠤ ᠵᠠᠯᠠᠭᠤ ᠶ᠋ᠢᠨ ᠬᠤᠭᠤᠰ ᠡᠳᠦᠷ ᠪᠠᠢᠳᠠᠭ ᠶᠤᠮ᠃
ᠦᠭᠡ ᠦᠰᠦᠭ ᠵᠠᠰᠠᠪᠤᠷᠢ ᠶ᠋ᠢᠨ ᠶᠡᠬᠡᠩᠬᠢ ᠨᠢ ᠱᠠᠭᠠᠷᠳᠠᠯᠭ᠎ᠠ ᠥᠬᠡᠢ ᠭᠠᠵᠠᠷ ᠲᠤ ᠲᠤᠰᠢᠶᠠᠭᠰᠠᠨ ᠴᠢᠨᠠᠷ ᠤ᠋ᠨ ᠦᠭᠡ ᠬᠡᠷᠡᠭᠯᠡᠵᠦ᠂ ᠵᠢᠱ᠌ᠢᠶ᠎ᠡ ᠨᠢ᠄《 ᠪᠠᠶᠠᠷ ᠢ᠋ ᠬᠦᠷᠭᠡᠰᠦᠭᠡᠢ》 ᠭᠡᠴᠢᠬᠡᠭᠰᠡᠨ ᠪᠠᠢᠳᠠᠭ᠃
ᠬᠠᠷᠢᠨ ᠮᠠᠨᠢ ᠡᠷ᠎ᠡ ᠶ᠋ᠢᠨ ᠰᠡᠳᠦᠭᠰᠡᠨ ᠨᠢᠭᠡ ᠵᠦᠢᠯ ᠪᠣᠯ ᠰᠡᠭᠦᠯ ᠦ᠋ᠨ ᠵᠢᠯ ᠦ᠋ᠳ ᠲᠥᠯᠤᠪᠯᠭᠰᠡᠨ ᠲᠣᠭᠲᠠᠭᠠᠯ ᠲᠤᠰᠢᠶᠠᠯ ᠵᠡᠷᠭᠡ ᠳ᠋ᠦ᠍ᠨᠢ《 ᠬᠥᠳᠡᠯᠮᠦᠷᠢ ᠶ᠋ᠢ ᠰᠢᠨᠵᠢᠯᠡᠬᠦ ᠤᠬᠠᠭᠠᠨ ᠤ᠋ ᠦᠨᠳᠦᠰᠦ ᠲᠡᠢ ᠵᠣᠬᠢᠶᠠᠨ ᠪᠠᠢᠭᠤᠯᠵᠤ》 ᠭᠡᠰᠡᠨ ᠦᠭᠡ ᠨᠡᠯᠢᠶᠡᠳ ᠪᠢᠴᠢᠭᠳᠡᠬᠦ᠂ ᠲᠥᠯᠥᠪᠯᠡᠭᠳᠡᠬᠦ ᠪᠣᠯᠤᠭᠰᠠᠨ ᠶᠤᠮ᠃ ᠡᠭᠦᠨ ᠢ᠋ ᠪᠡᠨ ᠲᠡᠷᠡ ᠭᠤᠸᠠᠢ ᠠᠭᠤᠯᠭ᠎ᠠ ᠪᠠᠶᠠᠵᠢᠭᠤᠯᠤᠭᠰᠠᠨ《 ᠰᠢᠨ᠎ᠡ ᠰᠠᠨᠠᠭ᠎ᠠ》 ᠭᠡᠳ ᠱᠠᠭᠠᠷᠳᠠᠯᠭ᠎ᠠ ᠥᠬᠡᠢ ᠭᠠᠵᠠᠷ ᠠ᠋ᠴᠠ ᠬᠠᠰᠤᠬᠤ ᠭᠡᠵᠦ ᠣᠷᠣᠯᠳᠣᠭᠰᠠᠨ ᠬᠥᠮᠦᠨ ᠲᠡᠢ ᠮᠠᠷᠭᠤᠯᠳᠤᠳᠠᠭ ᠪᠣᠯᠤᠯ᠎ᠠ ᠬᠡᠯᠡᠴᠡᠨᠡ᠃
ᠵᠠ ᠶᠠᠷᠰᠢᠭ ᠳᠠ᠂ ᠦᠭᠡ ᠦᠰᠦᠭ ᠢ᠋ᠶ᠋ᠡᠷ ᠬᠥᠭᠡᠭᠡᠴᠡᠯᠳᠦᠵᠦ ᠲᠡᠷᠡ ᠭᠤᠸᠠᠢ ᠲᠠᠢ《 ᠦᠰᠲᠡᠨ》 ᠪᠣᠯᠤᠭᠠᠳ ᠴᠤ᠌ ᠶᠠᠭᠠᠬᠢᠬᠤᠪ ᠬᠡᠯᠡᠴᠡᠬᠦ ᠪᠣᠯᠪᠠᠴᠤ ᠴᠠᠭᠠᠨ᠎ᠠ ᠨᠢ ᠠᠵᠢᠯ ᠤ᠋ᠨ ᠡᠷᠬᠡ ᠠᠰᠢᠭ ᠬᠣᠬᠢᠷᠠᠵᠤ ᠪᠠᠢᠭ᠎ᠠ ᠪᠣᠯᠬᠣᠷ ᠨᠥᠬᠥᠳ ᠨᠢ ᠲᠡᠪᠴᠢᠭᠡᠳ ᠪᠠᠢᠬᠤ ᠬᠡᠴᠡᠭᠦᠦ᠂ ᠶᠠᠭᠠᠬᠢᠬᠤᠪ ᠬᠣᠶᠠᠷ ᠨᠢᠭᠡ ᠵᠢᠯ ᠴᠤ᠌ ᠭᠡᠰᠡᠨ ᠪᠠᠢᠶ᠎ᠠ ᠬᠡᠯᠡᠴᠡᠬᠦ ᠴᠠᠭ ᠪᠠᠢᠭᠰᠠᠨ ᠠᠪᠠᠴᠤ ᠲᠡᠷᠡ ᠲᠡᠰᠦᠭᠡᠳ ᠪᠠᠢᠭᠰᠠᠨ ᠵᠢᠯ ᠦ᠋ᠳ ᠬᠡᠳᠦᠢᠨ ᠨᠢ ᠥᠩᠭᠡᠷᠡᠴᠢᠬᠡᠭᠰᠡᠨ ᠪᠠᠢᠨ᠎ᠠ᠃ ᠲᠡᠷᠡ ᠭᠤᠸᠠᠢ ᠶ᠋ᠢᠨ ᠡᠮ ᠦ᠋ᠨ ᠴᠢᠯᠥᠭᠡ ᠲᠡᠢ ᠡᠳᠦᠷ ᠨᠢ ᠣᠯᠠᠰᠢᠷᠠᠭᠰᠠᠭᠠᠷ ᠵᠢᠯ ᠦ᠋ᠨ ᠲᠠᠢᠯᠤᠨ ᠭᠠᠷᠬᠤ ᠳ᠋ᠤ᠌ ᠨᠡᠢᠭᠡᠮ ᠦ᠋ᠨ ᠳᠠᠭᠠᠳᠬᠠᠯ ᠠ᠋ᠴᠠ ᠬᠠᠮᠤᠭ ᠤ᠋ᠨ ᠣᠯᠠᠨ ᠤᠳᠠᠭ᠎ᠠ ᠲᠡᠳᠬᠦᠮᠵᠢ ᠠᠪᠤᠭᠰᠠᠨ ᠬᠥᠮᠦᠨ ᠲᠡᠷᠡ ᠭᠤᠸᠠᠢ ᠪᠠᠢᠯ᠎ᠠ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠬᠢᠨᠠᠭ᠍ᠴᠢ : ᠲᠤᠭ᠍ᠴᠢ ᠰᠠᠷᠠᠨ᠎ᠠ
ᠦᠰᠦᠭ ᠠᠮᠢᠯᠠᠭᠤᠯᠤᠭᠰᠠᠨ ᠨᠢ᠄ ᠪᠠᠭᠠᠲᠤᠷ
2023᠂11᠂12
