ᠰᠠᠭᠤᠴᠢᠬᠠᠯ᠎ᠠ – ᠨ ᠂ ᠢᠰᠢᠳᠠᠪᠠᠬᠠᠢ Суучихлаа – Н ᠂ Ишитавхай
ᠰᠠᠭᠤᠴᠢᠬᠠᠯ᠎ᠠ
ᠨ᠂ ᠢᠰᠢᠳᠠᠪᠬᠠᠢ
< ᠭᠤᠷᠮᠤᠰᠤᠨ ᠥᠭᠦᠯᠡᠯᠭᠡ 1 >
ᠯᠤᠲᠠ ᠣᠢᠷ᠎ᠠ ᠠ᠋ᠴᠠ ᠳᠡᠭᠡᠳᠦ ᠰᠤᠷᠭᠠᠭᠤᠯᠢ ᠲᠡᠭᠦᠰᠦᠭᠴᠢ ᠶ᠋ᠢᠨ ᠬᠢ ᠪᠡᠨ ᠡᠩᠭᠡᠷ ᠦ᠋ᠨ ᠲᠡᠮᠳᠡᠭ ᠢ᠋ ᠡᠳᠦᠷ ᠪᠦᠷᠢ ᠭᠢᠯᠠᠯᠵᠠᠲᠠᠯ᠎ᠠ ᠵᠦᠯᠭᠦᠨ ᠵᠡᠭᠦᠵᠦ ᠶᠠᠪᠤᠳᠠᠭ ᠪᠣᠯᠤᠯ᠎ᠠ᠂ ᠲᠡᠷᠡ ᠲᠡᠮᠳᠡᠭ ᠤᠭ ᠨᠢ ᠯᠤᠲᠠ ᠶ᠋ᠢᠨ ᠡᠩᠭᠡᠷ ᠢ᠋ ᠠᠷᠪᠠᠨ ᠲᠠᠪᠤᠨ ᠵᠢᠯ ᠴᠢᠮᠡᠵᠦ ᠶᠠᠪᠤᠭ᠎ᠠ ᠶᠤᠮ ᠪᠠᠢᠨ᠎ᠠ᠃
ᠨᠠᠢᠵᠠ ᠨᠠᠷ ᠨᠢ᠄
— ᠠ᠋ ᠴᠢᠨᠦ ᠨᠠᠭᠠᠳᠤᠬᠢ ᠴᠢᠨᠢ ᠥᠩᠭᠡ ᠠᠯᠳᠠᠵᠤ ᠣᠷᠬᠢᠵᠤ ᠭᠡᠮ᠂ ᠴᠠᠭᠠᠨ᠎ᠠ ᠠ᠋ᠴᠠ ᠨᠢ ᠵᠡᠰ ᠴᠤᠬᠤᠢᠵᠤ ᠪᠠᠢᠨ᠎ᠠ᠃ ᠣᠳᠣᠬᠠᠨ ᠥᠩᠭᠡᠯᠡᠭᠦᠯᠦᠭᠡᠴᠢ ᠭᠡᠵᠦ ᠵᠥᠪᠯᠡᠳᠡᠭ ᠪᠣᠯᠪᠠ᠃ ᠨᠠᠢᠵᠠ ᠨᠠᠷ ᠤ᠋ᠨ ᠢ᠋ᠶ᠋ᠠᠨ ᠲᠡᠭᠡᠵᠦ ᠬᠡᠯᠡᠬᠦ ᠳ᠋ᠦ᠍ ᠯᠤᠲᠠ ᠳᠤᠷᠠᠮᠵᠢᠬᠠᠨ ᠢᠨᠢᠶᠡᠮᠰᠦᠭᠯᠡᠭᠡᠳ᠄
— ᠵᠠ ᠵᠠ ᠶᠠᠭᠠᠬᠢᠳᠠᠭ ᠶᠤᠮ᠂ ᠵᠡᠰ ᠴᠤᠬᠤᠢᠪᠠᠯ ᠴᠤᠬᠤᠢᠵᠤ ᠯᠠ ᠶᠠᠪᠤᠭ᠂ ᠡᠨᠡ ᠶᠠᠮᠠᠷ ᠠᠵᠢᠯ ᠳ᠋ᠤ᠌ ᠨᠥᠯᠥᠭᠡᠯᠡᠬᠦ ᠡᠳ᠋ ᠪᠢᠰᠢ ᠭᠡᠳ ᠥᠩᠭᠡᠷᠡᠭᠦᠯᠳᠡᠭ ᠪᠠᠢᠪᠠ᠃
— ᠦᠭᠡᠢ ᠠ᠋ ᠲᠡᠢᠮᠦ ᠪᠢᠰᠢ ᠠ᠋ ᠳᠠᠷᠤᠭ᠎ᠠ ᠠ᠋᠂ ᠠᠩᠬ᠎ᠠ ᠰᠢᠷᠡᠭᠡᠨ ᠦ᠌ ᠠᠷᠤ ᠠ᠋ᠴᠠ ᠲᠠᠨ ᠤ᠋ ᠡᠨᠡ ᠲᠡᠮᠳᠡᠭ ᠦᠦᠷ ᠦ᠋ᠨ ᠴᠣᠯᠮᠣᠨ ᠰᠢᠭ᠋ ᠭᠢᠯᠠᠯᠵᠠᠵᠤ᠂ ᠳᠠᠷᠤᠭ᠎ᠠ ᠴᠤ᠌ ᠰᠢᠨ᠎ᠡ᠂ ᠲᠡᠮᠳᠡᠭ ᠴᠤ᠌ ᠰᠢᠨ᠎ᠡ᠂ ᠶᠠᠭᠤᠮ᠎ᠠ ᠪᠦᠬᠦᠨ ᠭᠢᠯᠠᠯᠵᠠᠵᠤ ᠶᠠᠪᠤᠳᠠᠭ ᠪᠠᠢᠯ᠎ᠠ ᠭᠡᠵᠦ ᠨᠠᠷᠢᠨ ᠪᠢᠴᠢᠭ ᠦ᠋ᠨ ᠳᠠᠷᠤᠭ᠎ᠠ ᠳ᠋ᠣᠮᠪᠠ ᠭᠡᠭᠴᠢ ᠠᠮᠠᠲᠠᠢᠬᠠᠨ ᠬᠡᠦᠬᠡᠨ ᠢ᠋ ᠬᠡᠯᠡᠬᠦ ᠳ᠋ᠦ᠍ ᠯᠤᠲᠠ ᠠᠭᠤᠷᠯᠠᠬᠤ ᠶᠠᠩᠵᠤ ᠣᠷᠣᠵᠤ᠄
— ᠲᠡᠭᠡᠭᠡᠳ᠂ ᠲᠡᠭᠡᠭᠡᠳ? ᠣᠳᠣ ᠶᠠᠮᠠᠷ ᠪᠣᠯᠤᠭᠠᠳ ᠪᠠᠢᠨ᠎ᠠ᠃ ᠴᠢ ᠶᠡᠷᠦ ᠨᠢ ᠶᠠᠭᠤ ᠶᠠᠷᠢᠭᠠᠳ ᠪᠠᠢᠨ᠎ᠠ᠃ ᠠ ᠪᠢ ᠴᠢᠨᠦ ᠡᠨᠡ ᠦᠭᠡᠯᠡᠭᠡᠳ ᠪᠠᠢᠭ᠎ᠠ ᠶ᠋ᠢ ᠣᠢᠯᠠᠭᠠᠬᠤ ᠦᠭᠡᠢ ᠪᠠᠢᠨ᠎ᠠ᠃ ᠮᠢᠨᠦ ᠡᠩᠭᠡᠷ ᠳᠡᠭᠡᠷᠡᠬᠢ ᠮᠠᠭᠤᠳᠠᠵᠤ ᠪᠠᠢᠭ᠎ᠠ ᠪᠣᠯᠬᠤ ᠠ᠋ᠴᠠ ᠪᠢᠰᠢ᠂ ᠴᠢᠨᠦ ᠭᠡᠵᠢᠭᠡᠨ ᠳᠠᠷᠤᠭᠤᠯᠤᠭᠠ ᠮᠠᠭᠤᠳᠠᠵᠤ ᠪᠠᠢᠭ᠎ᠠ ᠪᠢᠰᠢ ᠭᠡᠵᠦ ᠲᠷᠧᠰᠲ( ᠨᠢᠭᠡᠳᠦᠯ) ᠦ᠋ᠨ ᠳᠠᠷᠤᠭ᠎ᠠ ᠬᠡᠯᠡᠪᠡ᠃
ᠳ᠋ᠣᠮᠪᠠ ᠳᠥᠭᠥᠵᠦ ᠰᠠᠭᠤᠭᠠᠳ ᠬᠡᠷᠡᠯᠳᠦᠬᠦ ᠶᠠᠩᠵᠤ ᠣᠷᠣᠵᠤ ᠬᠣᠭᠣᠯᠠᠢ ᠵᠠᠰᠠᠨ᠄
— ᠪᠢ ᠶᠠᠮᠠᠷ ᠲᠠᠨ ᠤ᠋ ᠨᠠᠭᠠᠳᠤ ᠡᠩᠭᠡᠷ ᠳᠡᠭᠡᠷᠡᠬᠢ ᠶ᠋ᠢᠨ ᠴᠢᠨᠢ ᠲᠥᠯᠥᠭᠡ ᠬᠡᠯᠡᠭᠰᠡᠨ ᠪᠣᠯᠬᠤ ᠠ᠋ᠴᠠ ᠪᠢᠰᠢ ᠰᠠᠭᠤᠳᠠᠯ ᠤ᠋ᠨ ᠲᠠᠨᠢ ᠲᠤᠬᠠᠢ ᠶᠠᠷᠢᠭ᠎ᠠ ᠦᠭᠡᠢ ᠪᠠᠢᠨ᠎ᠠ᠃
— ᠠ ᠤᠤᠬᠠᠢ᠂ ᠴᠢ ᠪᠠᠰᠠ ᠮᠢᠨᠦ ᠰᠢᠷᠡᠭᠡ ᠰᠠᠨᠳᠠᠯᠢ ᠤᠷᠤᠭᠤ ᠰᠠᠨᠠᠭ᠎ᠠ ᠲᠠᠢ ᠪᠠᠢᠨ᠎ᠠ ᠤᠤ? ᠨᠡᠷ᠎ᠡ ᠲᠡᠢ ᠪᠡᠷ ᠨᠢ ᠴᠢ ᠡᠨᠡ ᠰᠢᠷᠡᠭᠡᠨ ᠳᠡᠭᠡᠷ᠎ᠡ ᠰᠠᠭᠤᠭᠠᠲᠠᠭᠠ ᠯᠠ ᠳᠠ᠂ ᠠᠯᠢ ᠬᠢᠷᠢ ᠵᠣᠬᠢᠬᠤ ᠨᠢ ᠪᠣᠢ᠂ ᠲᠡᠭᠡᠭᠡᠳ ᠬᠣᠶᠠᠭᠤᠯᠠ ᠪᠠᠨ ᠰᠠᠭᠤᠳᠠᠯ ᠢ᠋ᠶ᠋ᠠᠨ ᠰᠣᠯᠢᠭᠠᠳ ᠦᠵᠡᠶ᠎ᠡ ᠭᠡᠵᠦ ᠯᠤᠲᠠ ᠳᠦᠷᠢᠮᠳᠡᠪᠡ᠃
ᠲᠷᠧᠰᠲ ᠦ᠋ᠨ ᠳᠠᠷᠤᠭ᠎ᠠ ᠤᠲᠠᠰᠤ ᠪᠠᠨ ᠰᠢᠭᠦᠷᠡᠨ ᠠᠪᠴᠤ ᠭᠠᠷᠠᠰᠢ ① ᠤᠷᠤᠭᠤ ᠵᠠᠯᠭᠠᠭᠤᠯᠵᠤ᠄ ᠮᠢᠨᠦ ᠮᠠᠰᠢᠨ ᠢ᠋ ᠶᠠᠭᠠᠷᠠᠯᠲᠠᠢ ᠢᠷᠡᠭᠦᠯ ᠭᠡᠪᠡ᠃ ᠢᠩᠬᠡᠲᠡᠯᠡ ᠨᠠᠷᠢᠨ ᠪᠢᠴᠢᠭ ᠦᠨ ᠳᠠᠷᠤᠭ᠎ᠠ ᠨᠢ ᠳᠠᠷᠤᠭ᠎ᠠ ᠪᠠᠨ ᠲᠠᠢᠳᠬᠤᠷᠠᠭᠤᠯᠬᠤ ᠤᠬᠠᠭᠠᠨ ᠰᠡᠢᠯᠵᠦ᠄
— ᠳᠠᠷᠤᠭ᠎ᠠ ᠲᠠ ᠠᠭᠤᠴᠢᠯᠠᠭᠠᠷᠠᠢ᠂ ᠪᠢ ᠲᠠᠨ ᠳ᠋ᠤ᠌ ᠡᠪ ᠦᠭᠡᠢ ᠶᠠᠭᠤᠮ᠎ᠠ ᠬᠡᠯᠡᠴᠢᠬᠡᠬᠦ ᠰᠢᠭ ᠪᠣᠯᠤᠯ᠎ᠠ᠂ ᠢᠩᠭᠢᠬᠦ ᠳ᠋ᠦ᠍ ᠲᠠᠨ ᠤ᠋ ᠮᠠᠰᠢᠨ ᠢ᠋ ᠰᠣᠯᠢᠵᠤ ᠳᠠᠷᠤᠭ᠎ᠠ ᠳ᠋ᠤ᠌ ᠰᠢᠨ᠎ᠡ ᠮᠠᠰᠢᠨ᠎ᠠ ᠥᠭᠭᠦᠨ᠎ᠡ ᠭᠡᠵᠦ ᠥᠴᠥᠭᠡᠳᠦᠷ ᠭᠠᠷᠠᠰᠢ ᠶ᠋ᠢᠨ ᠳᠠᠷᠤᠭ᠎ᠠ ᠨᠠᠳᠠ ᠳ᠋ᠤ᠌ ᠬᠡᠯᠡᠭᠰᠡᠨ ᠰᠢᠦ᠃ ᠲᠠᠨ ᠳ᠋ᠤ᠌ ᠬᠡᠯᠡᠪᠡ ᠤᠤ? ᠭᠡᠰᠡᠨ ᠳ᠋ᠦ᠍ ᠯᠤᠲᠠ ᠴᠢᠷᠠᠢ ᠬᠤᠪᠢᠰᠬᠠᠵᠤ ᠳᠠᠭᠤ ᠵᠥᠭᠡᠯᠡᠷᠡᠭᠡᠳ ᠪᠦᠰᠡᠭᠦᠢ ᠤᠷᠤᠭᠤ ᠬᠠᠨᠳᠤᠵᠤ᠄
— ᠴᠢ ᠶᠠᠭᠤ ᠭᠡᠨ᠎ᠡ ᠠ᠋᠂ ᠮᠢᠨᠦ ᠲᠡᠷᠭᠡ ᠶ᠋ᠢ ᠴᠠᠭᠠᠳᠤᠭᠤᠯᠠ ᠴᠢᠨᠢ ᠰᠣᠯᠢᠬᠤ ᠪᠠᠷ ᠪᠣᠯᠤᠯ᠎ᠠ ᠤᠤ᠂ ᠶᠠᠮᠠᠷ ᠶᠠᠭᠤᠮ᠎ᠠ ᠢᠷᠡᠳᠡᠭ ᠪᠣᠯ ᠳᠠ? ᠴᠠᠭᠠᠳᠤᠭᠤᠯᠠ ᠴᠢᠨᠢ ᠡᠭᠡᠭᠡᠳ ᠶᠡᠷᠦ ᠨᠢ ᠶᠠᠭᠤ ᠶᠠᠷᠢᠵᠤ ᠪᠠᠢᠨ᠎ᠠ? ᠭᠡᠬᠦ ᠳ᠋ᠦ᠍ ᠬᠡᠦᠬᠡᠨ ᠵᠤᠮᠠᠯᠵᠠᠨ ᠪᠠᠢᠵᠤ᠄
— ᠮᠡᠳᠡᠭᠰᠡᠨ ᠦᠭᠡᠢ ᠳᠠᠷᠤᠭ᠎ᠠ ᠠ᠋᠂ ᠪᠠᠰᠠ ᠨᠢᠭᠡ ᠰᠢᠨ᠎ᠡ ᠬᠥᠮᠦᠨ ᠮᠠᠨ ᠤ᠋ ᠳ᠋ᠤ᠌ ᠢᠷᠡᠬᠦ ᠳᠡ᠃
— ᠠᠯᠢ ᠬᠡᠯᠲᠡᠰ ᠲᠦ ᠲᠡᠷᠡ ᠪᠣᠢ? ᠳᠤᠲᠠᠭᠤ ᠣᠷᠣᠨ ᠲᠣᠭ᠎ᠠ ᠪᠠᠢᠬᠤ ᠦᠭᠡᠢ ᠰᠢᠦ ᠳᠡ᠃
— ᠳᠤᠲᠠᠭᠤ ᠣᠷᠣᠨ ᠲᠣᠭ᠎ᠠ ᠪᠠᠢᠬᠤ ᠦᠭᠡᠢ ᠠ᠋᠂ ᠲᠡᠭᠡᠬᠦ ᠳ᠋ᠡᠭᠡᠨ ᠥᠪᠡᠷ ᠦ᠋ᠨ ᠡᠭᠦᠷᠭᠡᠲᠦ ᠠᠵᠢᠯ ᠢ᠋ ᠳᠡᠢᠯᠬᠦ ᠦᠭᠡᠢ ᠶᠦᠮ ᠤᠤ ᠠᠵᠢᠯ ᠳ᠋ᠤ᠌ ᠬᠠᠢᠩᠭᠤ ᠬᠠᠨᠳᠤᠳᠠᠭ ᠭᠠᠭᠴᠠ ᠨᠢᠭᠡ ᠬᠥᠮᠦᠨ ᠢ᠋ ᠵᠣᠬᠢᠬᠤ ᠲᠡᠩᠴᠡᠬᠦ ᠠᠵᠢᠯ ᠳ᠋ᠤ᠌ ᠰᠢᠯᠵᠢᠭᠦᠯᠬᠦ ᠭᠡᠰᠡᠨ ᠪᠢᠵᠡ ᠳᠡ ᠭᠡᠲᠡᠯ᠎ᠡ ᠯᠤᠲᠠ ᠬᠡᠦᠬᠡᠨ ᠦ᠌ ᠳᠡᠷᠭᠡᠳᠡ ᠡᠴᠡ ᠠᠷᠤ ᠲᠠᠢᠰᠢ ᠪᠠᠨ ᠬᠡᠳᠦᠨ ᠠᠯᠬᠤᠮ ᠤᠬᠤᠷᠢᠵᠤ᠄
— ᠮᠥᠨ ᠮᠥᠨ ᠭᠡᠵᠦ ᠰᠢᠷᠡᠭᠡ ᠥᠭᠡᠳᠡ ᠪᠡᠨ ᠳᠥᠭᠥᠵᠦ ᠬᠦᠷᠬᠦ ᠵᠠᠮ ᠳ᠋ᠠᠭᠠᠨ ᠡᠩᠭᠡᠷ ᠦ᠋ᠨ ᠢ᠋ᠶ᠋ᠡᠨ ᠥᠨᠥᠬᠢ ᠲᠡᠮᠳᠡᠭ ᠢ᠋ ᠰᠠᠯᠠᠭᠠᠯᠠᠭᠰᠠᠨ ᠭᠠᠷ ᠢ᠋ᠶ᠋ᠡᠷ ᠢ᠋ᠶ᠋ᠡᠨ ᠲᠡᠮᠲᠡᠷᠢᠨ ᠦᠵᠡᠭᠡᠳ ᠰᠠᠭᠤᠳᠠᠯ ᠳᠡᠭᠡᠷ᠎ᠡ ᠪᠡᠨ ᠯᠠᠭ ᠬᠢᠨ ᠰᠠᠭᠤᠬᠤ ᠴᠢᠮᠡᠭᠡ ᠨᠢ ᠡᠭᠦᠳᠡᠨ ᠤ ᠵᠢᠵᠢᠭᠦᠷ ᠲᠦ ᠬᠦᠷᠲᠡᠯ᠎ᠡ ᠰᠣᠨᠣᠰᠳᠠᠪᠠ᠃
– – – –
① ᠮᠠᠰᠢᠨ ᠲᠡᠷᠭᠡᠨ ᠦ ᠠᠭᠤᠯᠬᠤ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭ᠍ᠴᠢ ᠰᠠᠷᠠᠨ᠎ᠠ
2023᠂ 11᠂ 10 ᠤ ᠡᠳᠦᠷ
