ᠪᠢ ᠪᠠᠶᠠᠨ ᠬᠥᠮᠦᠨ - ᠠᠯᠲᠠБи баян хүн-алт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠪᠠᠶᠠᠨ ᠬᠥᠮᠦᠨ - ᠠᠯᠲᠠБи баян хүн-алт

ᠪᠢ ᠪᠠᠶᠠᠨ ᠬᠥᠮᠦᠨ - ᠠᠯᠲᠠБи баян хүн-алт

2023-11-15

488

ᠪᠢ ᠪᠠᠶᠠᠨ ᠬᠥᠮᠦᠨ

          ᠠᠯᠲᠠ 
ᠲᠦᠮᠡᠨ ᠦᠶ᠎ᠡ ᠶ᠋ᠢ ᠮᠢᠨᠢ ᠳᠠᠭᠤᠷᠢᠰᠬᠠᠵᠤ 
ᠲᠡᠦᠬᠡ ᠱᠠᠰᠲᠢᠷ ᠲᠤ᠌ ᠨᠡᠷ᠎ᠡ ᠪᠡᠨ ᠲᠠᠮᠠᠭᠠᠯᠠᠭᠰᠠᠨ 
ᠲᠥᠷᠥᠯᠬᠢ ᠬᠡᠯᠡ ᠶ᠋ᠢ ᠮᠢᠨᠢ ᠣᠯᠭᠣᠭᠰᠠᠨ 
ᠲᠡᠷᠡ ᠬᠥᠮᠦᠨ ᠮᠢᠨᠢ ᠴᠢᠩᠭᠢᠰ ᠪᠣᠭᠳᠠ ᠭᠡᠵᠦ 
ᠲᠡᠷᠢᠭᠦᠨ ᠪᠠᠶᠠᠨ ᠪᠣᠯᠤᠭᠰᠠᠨ ᠳ᠋ᠠᠭᠠᠨ ᠪᠢ ᠪᠠᠶᠠᠨ ᠬᠥᠮᠦᠨ! 
ᠪᠣᠭᠳᠠ ᠴᠢᠩᠭᠢᠰ ᠮᠢᠨᠢ ᠪᠣᠰᠤᠭ᠎ᠠ ᠪᠣᠯᠬᠣᠷ 
ᠪᠣᠰᠤᠭ᠎ᠠ ᠦᠰᠦᠭ ᠪᠦᠲᠦᠭᠰᠡᠨ ᠪᠠᠢᠯᠭᠦᠢ 
ᠪᠤᠭᠤᠷᠤᠯ ᠳᠡᠭᠡᠳᠦᠰ ᠦ᠋ᠨ ᠮᠢᠨᠢ ᠰᠤᠷᠭᠠᠯ ᠢ᠋ᠶ᠋ᠠᠷ 
ᠪᠢᠳᠡ ᠪᠦᠬᠦᠨ ᠡᠯᠢᠭᠡ ᠪᠦᠲᠦᠨ ᠳ᠋ᠡᠭᠡᠨ᠂ ᠪᠢ ᠪᠠᠶᠠᠨ ᠬᠥᠮᠦᠨ!
ᠪᠤᠷᠬᠠᠨ ᠪᠣᠳᠢᠰᠠᠳ᠋ᠸ᠎ᠠ ᠶ᠋ᠢᠨ ᠰᠢᠲᠦᠯᠭᠡ ᠲᠡᠢ
ᠪᠤᠶᠠᠨ ᠵᠠᠶᠠᠭᠠᠨ ᠤ᠋ ᠳᠠᠯᠠᠯᠭ᠎ᠠ ᠲᠠᠢ
ᠪᠤᠰᠤᠳ ᠤ᠋ᠨ ᠥᠪᠡᠷ ᠦ᠋ᠨ ᠬᠢ ᠦᠭᠡᠢ ᠬᠠᠪᠰᠤᠷᠴᠤ ᠶᠠᠪᠤᠳᠠᠭ
ᠪᠤᠶᠠᠨᠲᠤ ᠰᠠᠢᠬᠠᠨ ᠪᠤᠭᠤᠷᠤᠯ ᠤ᠋ᠳ ᠲᠠᠢ ᠳ᠋ᠠᠭᠠᠨ᠂ ᠪᠢ ᠪᠠᠶᠠᠨ ᠬᠥᠮᠦᠨ!
ᠡᠪᠦᠭᠡ ᠳᠡᠭᠡᠳᠦᠰ ᠮᠢᠨᠢ ᠮᠣᠩᠭᠣᠯ ᠬᠥᠮᠦᠨ
ᠥᠪᠡᠷ ᠦ᠋ᠨ ᠪᠡᠶ᠎ᠡ ᠮᠢᠨᠢ ᠴᠦ᠍ ᠮᠣᠩᠭᠣᠯ ᠬᠥᠮᠦᠨ
ᠥᠷᠥᠭᠡᠯ ᠦᠨᠳᠦᠰᠦᠲᠡᠨ ᠡᠴᠡ ᠢᠯᠭᠠᠭᠳᠠᠵᠤ
ᠥᠷᠥᠪᠴᠢᠬᠡᠨ ᠮᠣᠩᠭᠣᠯ ᠪᠣᠯᠤᠭᠰᠠᠨ ᠳ᠋ᠠᠭᠠᠨ᠂ ᠪᠢ ᠪᠠᠶᠠᠨ ᠬᠥᠮᠦᠨ!
ᠠᠪᠤ ᠡᠵᠢ ᠶ᠋ᠢᠨ ᠢ᠋ᠶ᠋ᠡᠨ ᠬᠠᠯᠠᠭᠤᠨ ᠡᠯᠢᠭᠡᠨ ᠳ᠋ᠦ᠍
ᠠᠷᠢᠭᠤᠨ ᠬᠠᠢᠷ᠎ᠠ ᠢ ᠨᠢ ᠬᠦᠷᠲᠡᠵᠦ ᠥᠰᠦᠭᠰᠡᠨ
ᠠᠯᠤᠰ ᠬᠠᠷᠢ ᠶ᠋ᠢᠨ ᠡᠭᠦᠳᠡᠨ ᠳ᠋ᠦ᠍ ᠴᠦ᠍
ᠠᠯᠠᠭ ᠦᠷ᠎ᠡ ᠨᠢ ᠰᠢᠭ ᠬᠠᠢᠷᠠᠯᠠᠭᠳᠠᠵᠤ ᠢᠷᠡᠭᠰᠡᠨ ᠳ᠋ᠡᠭᠡᠨ᠂ ᠪᠢ ᠪᠠᠶᠠᠨ ᠬᠥᠮᠦᠨ!
ᠲᠡᠨᠢᠭᠡᠷ ᠠᠭᠤᠳᠠᠮ ᠨᠤᠲᠤᠭ ᠲᠠᠢ ᠪᠢ ᠲᠠᠪᠤᠨ ᠡᠷᠳᠡᠨᠢ ᠶ᠋ᠢᠨ ᠰᠦᠷᠦᠭ ᠲᠡᠢ ᠪᠢ
ᠲᠠᠩᠰᠤᠭ ᠪᠠᠶᠠᠨ ᠵᠢᠷᠭᠠᠯ ᠲᠠᠢ ᠳ᠋ᠠᠭᠠᠨ
ᠲᠡᠨᠢᠭᠦᠬᠡᠨ ᠪᠡᠶᠡᠰᠴᠦ ᠶᠠᠪᠤᠳᠠᠭ ᠲᠠᠭᠠᠨ ᠪᠢ ᠪᠠᠶᠠᠨ ᠬᠥᠮᠦᠨ!
ᠠᠭᠤᠯᠠ ᠰᠢᠭ᠋ ᠳᠤᠯᠠᠭᠠᠨ ᠨᠥᠮᠥᠷᠢ ᠲᠡᠢ
ᠠᠭᠤᠴᠢᠯᠠᠯ ᠪᠠᠭᠲᠠᠭᠠᠮᠵᠢ ᠪᠠᠷ ᠳᠦᠭᠦᠷᠡᠩ ᠪᠠᠢᠳᠠᠭ
ᠦᠨᠡᠨᠴᠢ ᠬᠠᠯᠠᠭᠤᠨ ᠬᠠᠢᠷ᠎ᠠ ᠪᠠᠷ ᠢ᠋ᠶ᠋ᠠᠨ ᠪᠦᠪᠡᠢᠯᠡᠨ
ᠦᠨᠡᠨ ᠰᠡᠳᠬᠢᠯ ᠦ᠋ᠨ ᠲᠦᠰᠢᠭ ᠪᠣᠯᠳᠠᠭ ᠬᠠᠨᠢ ᠲᠠᠢ ᠳ᠋ᠠᠭᠠᠨ᠂ ᠪᠢ ᠪᠠᠶᠠᠨ ᠬᠥᠮᠦᠨ!
ᠬᠥᠨᠳᠡᠢ ᠶ᠋ᠢ ᠴᠦ᠍ ᠴᠤᠤᠷᠢᠶᠠᠲᠤᠲᠠᠯ᠎ᠠ ᠬᠥᠮᠡᠢᠯᠡᠳᠡᠭ
ᠬᠥᠭᠡᠷᠦᠬᠦᠢ ᠦᠷ᠎ᠡ ᠲᠡᠢ ᠳ᠋ᠡᠭᠡᠨ ᠪᠢ ᠣᠮᠣᠭᠰᠢᠳᠠᠭ
ᠬᠥᠮᠦᠨ ᠦ᠌ ᠥᠪᠡᠷ ᠦ᠋ᠨ ᠦᠭᠡᠢ ᠬᠦᠨᠳᠦᠯᠡᠳᠡᠭ
ᠬᠥᠩᠭᠡᠨ ᠠᠵᠢᠯᠴᠢ ᠬᠦᠦ ᠲᠡᠢ ᠳ᠋ᠡᠭᠡᠨ᠂ ᠪᠢ ᠪᠠᠶᠠᠨ ᠬᠥᠮᠦᠨ!
ᠵᠢᠵᠢᠭᠬᠡᠨ ᠡᠷᠦᠬᠡ ᠲᠡᠢ ᠪᠣᠯᠪᠠᠴᠤ
ᠵᠢᠮᠡᠯᠡᠯ᠂ ᠰᠤᠷᠭᠠᠯ ᠢ᠋ᠶ᠋ᠠᠷ ᠭᠡᠷᠡᠯᠳᠦᠭᠦᠯᠦᠭᠳᠡᠵᠦ ᠪᠠᠢᠳᠠᠭ
ᠵᠢᠭᠳᠡ ᠨᠢᠭᠡ ᠯᠡ ᠳᠠᠭᠤ ᠲᠠᠢ
ᠵᠢᠷᠭᠠᠯ ᠴᠡᠩᠭᠡᠯᠲᠦ ᠭᠡᠷ ᠪᠦᠯᠢ ᠲᠡᠢ ᠳ᠋ᠡᠭᠡᠨ ᠂ ᠪᠢ ᠪᠠᠶᠠᠨ ᠬᠥᠮᠦᠨ!
ᠡᠭᠡᠯ ᠵᠢᠷ ᠦ᠋ᠨ ᠪᠣᠯᠪᠠᠴᠤ᠂ ᠪᠠᠶᠠᠨ ᠲᠠᠩᠰᠤᠭ ᠠᠮᠢᠳᠤᠷᠠᠯ ᠲᠠᠢ
ᠡᠷᠬᠢᠮᠰᠦᠭ ᠬᠡᠭᠡᠨᠴᠢᠷ ᠪᠢᠰᠢ ᠴᠣ ᠡᠪ ᠨᠠᠢᠷᠰᠠᠭ ᠪᠦᠯᠢ ᠲᠡᠢ ᠡᠯᠪᠡᠷᠢᠯ ᠠᠴᠢᠯᠠᠯ ᠤ᠋ᠨ ᠲᠩᠷᠢ
ᠡᠨᠡᠷᠢᠯᠲᠦ ᠪᠤᠭᠤᠷᠤᠯ ᠨᠠᠰᠤᠲᠠᠨ ᠲᠠᠢ
ᠡᠭᠡᠯ ᠶᠡᠷᠦᠮᠳᠡᠭ ᠴᠣ ᠰᠡᠳᠬᠢᠯ ᠳᠦᠭᠦᠷᠡᠩ ᠪᠠᠢᠳᠠᠭ᠂ ᠪᠢ ᠪᠠᠶᠠᠨ ᠬᠥᠮᠦᠨ!

   ᠦᠰᠦᠭ ᠠᠮᠢᠯᠠᠭᠤᠯᠤᠭᠴᠢ᠄ ᠣᠳᠬᠠᠨᠴᠡᠴᠡᠭ
   ᠬᠢᠨᠠᠭᠴᠢ ᠪᠠᠭᠰᠢ᠄ ᠰᠡᠬᠡᠭᠡᠷᠡᠯ᠂ ᠭᠠᠷᠮ᠎ᠠ᠂
   ᠶᠡᠷᠦᠩᠬᠡᠢ ᠬᠢᠨᠠᠭᠴᠢ᠄ ᠵ· ᠪᠤᠶᠠᠨᠲᠣᠭᠲᠠᠬᠤ