ᠬᠡᠢᠮᠣᠷᠢ ᠶ᠋ᠢᠨ ᠰᠠᠩХийморийн сан
ᠬᠡᠢᠮᠣᠷᠢ ᠶ᠋ᠢᠨ ᠰᠠᠩ
ᠤᠸᠮ ᠡᠡ ᠬᠣᠩ᠂ ᠤᠸᠮ ᠡᠡ ᠬᠣᠩ᠂ ᠤᠸᠮ ᠡᠡ ᠬᠣᠩ
ᠰᠠᠩ ᠤ᠋ᠨ ᠵᠦᠢᠯ ᠦ᠋ᠨ ᠦᠨᠦᠳ ᠲᠠᠬᠢᠯ ᠡᠭᠦᠪᠡᠷ ᠡᠬᠢᠯᠡᠨ
ᠪᠯᠠᠮ᠎ᠡ ᠢᠳᠠᠮ ᠭᠤᠷᠪᠠᠨ ᠴᠤᠬᠠᠭ ᠳᠡᠭᠡᠳᠦ ᠶ᠋ᠢ ᠲᠠᠬᠢᠮᠤᠢ
ᠬᠡᠢᠮᠣᠷᠢ ᠶ᠋ᠢᠨ ᠳᠥᠷᠪᠡᠨ ᠶᠡᠬᠡ ᠲᠡᠭᠷᠢ ᠶ᠋ᠢ ᠲᠠᠬᠢᠮᠤᠢ
ᠳᠠᠯᠠᠨ ᠲᠠᠪᠤᠨ ᠮᠠᠬᠠᠺᠠᠯᠠ ᠨᠥᠬᠥᠳ ᠰᠡᠯᠲᠡ ᠶ᠋ᠢ ᠲᠡᠬᠢᠮᠤᠢ
ᠨᠠᠢ᠍ᠮᠠᠨ ᠭᠥᠯᠢᠰ ᠶᠢᠰᠦᠨ ᠮᠡᠩᠭᠡ ᠶ᠋ᠢᠨ ᠲᠡᠭᠷᠢ ᠶ᠋ᠢ ᠲᠠᠬᠢᠮᠤᠢ
ᠵᠢᠷᠠ ᠶᠢᠰᠦ ᠬᠣᠷᠢᠨ ᠨᠠᠢ᠍ᠮᠠᠨ ᠨᠠᠭᠴᠠᠳᠠᠷᠠ ᠣᠳᠣᠨ ᠢ ᠲᠠᠬᠢᠮᠤᠢ
ᠮᠠᠬᠠᠪᠣᠳ ᠪᠠ ᠵᠠᠶᠠᠭᠠᠨ ᠤ᠋ ᠲᠡᠭᠷᠢ ᠶ᠋ᠢ ᠲᠠᠬᠢᠮᠤᠢ
ᠨᠠᠢ᠍ᠮᠠᠨ ᠠᠢᠮᠠᠭ ᠴᠠᠭᠠᠨ ᠵᠦᠭ ᠦ᠋ᠨ ᠲᠡᠳᠭᠦᠭᠴᠢᠳ ᠢ ᠳᠠᠬᠢᠮᠤᠢ
ᠳᠡᠯᠡᠬᠡᠢ ᠶ᠋ᠢᠨ ᠡᠵᠡᠳ ᠬᠢᠭᠡᠳ ᠣᠷᠣᠨ ᠲᠡᠭᠷᠢ ᠶ᠋ᠢ ᠲᠠᠬᠢᠮᠤᠢ
ᠶᠣᠺᠠᠽᠠᠷᠢ ᠪᠢᠳᠡᠨ ᠤ ᠬᠡᠢᠮᠣᠷᠢ ᠶ᠋ᠢ ᠲᠠᠬᠢᠮᠤᠢ
ᠲᠠᠩᠰᠤᠭ ᠪᠣᠯᠬᠤ ᠠᠳᠢᠰᠲᠢᠳ ᠤ᠋ᠨ ᠰᠢᠳᠢ ᠶ᠋ᠢᠨ ᠬᠤᠷ᠎ᠠ ᠶ᠋ᠢ ᠥᠭᠭᠦᠭᠴᠢ
ᠲᠠᠭᠠᠯᠠᠯᠲᠤ ᠦᠢᠯᠡᠰ ᠦ᠋ᠳ ᠢ ᠰᠣᠶᠣᠷᠬᠠᠯᠠᠨ ᠢᠪᠡᠭᠡᠭᠴᠢ
ᠪᠤᠷᠬᠠᠨ ᠪᠣᠳᠢᠰᠠᠳ᠋ᠸ᠎ᠠ ᠨᠠᠷ ᠪᠠ ᠴᠤᠬᠠᠭ ᠭᠤᠷᠪᠠᠨ ᠡᠷᠳᠡᠨᠢ
ᠪᠯᠠᠮ᠎ᠡ ᠢᠳᠠᠮ ᠭᠤᠷᠪᠠᠨ ᠴᠤᠬᠠᠭ ᠢ᠋ᠶ᠋ᠠᠷ ᠴᠢᠭᠤᠯᠤᠭᠰᠠᠨ ᠠᠷᠰᠢ ᠨᠠᠷ
ᠪᠠᠭᠠᠲᠤᠳ ᠪᠠ ᠷᠡᠺᠸᠨᠢᠰ ᠦ᠋ᠨ ᠴᠢᠭᠤᠯᠭᠠᠨ ᠢ᠋ᠶ᠋ᠠᠷ ᠡᠬᠢᠯᠡᠨ
ᠠᠮᠠᠨ ᠠᠪᠤᠨ ᠲᠠᠩᠭᠠᠷᠢᠭᠯᠠᠭᠰᠠᠨ ᠨᠣᠮ ᠤ᠋ᠨ ᠰᠠᠬᠢᠭᠤᠯᠰᠤᠨ ᠨᠠᠷ
ᠰᠠᠢᠨ ᠢ ᠬᠦᠰᠡᠨ ᠰᠠᠨᠠᠭᠰᠠᠳ ᠪᠠ ᠶᠣᠺᠠᠽᠠᠷᠢ ᠪᠢᠳᠡᠨ ᠦ
ᠰᠠᠢᠨ ᠤ᠋ ᠡᠷᠳᠡᠮ ᠬᠡᠢᠮᠣᠷᠢ ᠶ᠋ᠢ ᠳᠡᠭᠵᠢᠭᠦᠯᠦᠨ ᠰᠣᠶᠣᠷᠬ᠎ᠠ
ᠲᠠᠨ ᠤ᠋ ᠠᠤᠭ᠎ᠠ ᠬᠦᠴᠦᠨ ᠢ᠋ᠶ᠋ᠡᠷ ᠬᠠᠷ᠎ᠠ ᠶ᠋ᠢᠨ ᠣᠮᠣᠭ ᠢ ᠳᠠᠷᠤᠭᠲᠤᠨ
ᠴᠠᠭᠠᠨ ᠵᠦᠭ ᠲᠤᠷ ᠢᠯᠠᠭᠤᠭᠰᠠᠨ ᠬᠦᠰᠡᠯ ᠬᠡᠷᠡᠭ ᠢ ᠪᠦᠲᠦᠭᠡ
ᠣᠷᠣᠩᠭ᠎ᠠ ᠶ᠋ᠢ ᠰᠠᠨᠰᠠᠷ ᠲᠤᠢᠯ ᠤ᠋ᠨ ᠦᠵᠦᠭᠦᠷ ᠲᠦ᠍ ᠪᠣᠰᠬᠠᠵᠤ
ᠶᠤᠺᠠ ᠮᠢᠨᠦ ᠬᠡᠢᠮᠣᠷᠢ ᠶ᠋ᠢ ᠳᠡᠭᠡᠭᠰᠢᠳᠡ ᠳᠡᠭᠵᠢᠭᠦᠯ
ᠪᠠᠷᠰ ᠮᠡᠲᠦ ᠳᠣᠪᠲᠣᠯᠤᠭᠴᠢ ᠬᠡᠢᠮᠣᠷᠢ ᠮᠠᠨᠳᠤᠭᠤᠯ
ᠠᠷᠰᠯᠠᠨ ᠤ᠋ ᠣᠮᠣᠭ ᠰᠦᠷᠲᠦ ᠬᠡᠢᠮᠣᠷᠢ ᠶ᠋ᠢ ᠮᠠᠨᠳᠤᠭᠤᠯ
ᠭᠠᠷᠤᠳᠢ ᠮᠡᠲᠦ ᠴᠢᠷᠪᠢᠨ ᠨᠢᠰᠬᠦ ᠬᠡᠢᠮᠣᠷᠢ ᠶ᠋ᠢ ᠮᠠᠨᠳᠤᠭᠤᠯ
ᠯᠤᠤ ᠮᠡᠲᠦ ᠴᠠᠬᠢᠯᠭᠠᠨᠲᠤ ᠬᠡᠢᠮᠣᠷᠢ ᠶ᠋ᠢ ᠮᠠᠨᠳᠤᠭᠤᠯ
ᠬᠢᠵᠠᠭᠠᠷ ᠦᠭᠡᠢ ᠳᠥᠷᠪᠡᠨ ᠶᠡᠬᠡ ᠬᠦᠴᠦᠨ ᠯᠦ᠍ᠭᠡ ᠨᠥᠬᠥᠴᠡᠨ
ᠬᠡᠢᠮᠣᠷᠢ ᠶ᠋ᠢ ᠪᠠᠳᠠᠷᠠᠩᠭᠤᠢ ᠭᠠᠢᠬᠠᠮᠰᠢᠭᠲᠤ ᠪᠣᠯᠭᠠᠭᠲᠤᠨ
ᠵᠣᠬᠢᠰᠲᠠᠶᠠ ᠮᠠᠨ ᠢ ᠶᠤᠭᠠᠨ ᠦᠷᠭᠦᠯᠵᠢᠳᠡ ᠳᠡᠭᠵᠢᠷᠡᠭᠦᠯ
ᠵᠣᠬᠢᠰ ᠦᠭᠡᠢ ᠲᠡᠢᠨ ᠦ᠌ ᠠᠢᠮᠠᠭ ᠪᠦᠬᠦᠨ ᠢ ᠲᠣᠪᠷᠠᠭᠯᠠᠨ
ᠴᠢᠨᠳᠠᠮᠠᠨᠢ ᠡᠷᠳᠡᠨᠢ ᠮᠡᠲᠦ ᠬᠦᠰᠡᠯ ᠪᠦᠬᠦᠨ ᠢ ᠬᠠᠩᠭᠠᠭᠲᠤᠨ
ᠴᠢᠳᠠᠯ ᠡᠷᠳᠡᠮ ᠪᠦᠷᠢᠨ ᠲᠡᠭᠦᠰ ᠭᠠᠢᠬᠠᠮᠰᠢᠭᠲᠤ ᠳᠡᠭᠵᠢᠷᠡᠨ
ᠲᠠᠩᠰᠤᠭ ᠠᠷᠢᠭᠤᠨ ᠪᠤᠶᠠᠨᠲᠤ ᠦᠢᠯᠡᠰ ᠦ᠋ᠨ ᠴᠡᠴᠡᠭ ᠵᠢᠮᠢᠰ ᠳᠡᠯᠭᠡᠷᠡᠨ
ᠲᠡᠷᠰ ᠳᠠᠢᠰᠤᠨ ᠲᠣᠳᠬᠠᠷ ᠪᠦᠬᠦᠨ ᠢ ᠴᠢᠩᠳᠠ ᠲᠣᠪᠷᠠᠭ ᠪᠣᠯᠭᠠᠭᠲᠤᠨ
ᠮᠠᠨᠳᠤᠯ ᠲᠡᠭᠦᠰ ᠬᠡᠢᠮᠣᠷᠢ ᠶ᠋ᠢ ᠳᠡᠭᠵᠢᠭᠦᠯᠦᠭᠰᠡᠨ ᠪᠤᠶᠠᠨ ᠢ᠋ᠶ᠋ᠠᠷ
ᠮᠠᠨ ᠤ᠋ ᠪᠡᠶ᠎ᠡ ᠶ᠋ᠢᠨ ᠠᠮᠢᠨ ᠨᠠᠰᠤᠨ ᠡᠷᠬᠡ ᠬᠦᠴᠦᠨ ᠪᠠᠳᠠᠷᠠᠨ
ᠠᠵᠢᠨᠠᠢ ᠬᠦᠯᠦᠭ ᠦᠪᠡᠳᠡᠭᠰᠢ ᠨᠠᠷᠠᠨ ᠮᠡᠲᠦ ᠮᠠᠨᠳᠤᠵᠤ
ᠠᠮᠤᠷ ᠲᠤᠰᠠ ᠴᠣᠭ ᠲᠤᠷ ᠠᠬᠤ ᠶ᠋ᠢᠨ ᠥᠯᠵᠡᠢ ᠬᠤᠲᠤᠭ ᠣᠷᠣᠰᠢ
ᠭᠦᠨᠳᠦᠦ ᠰᠡᠷᠸᠠ ᠭᠳ᠋ᠤᠤ ᠭᠳ᠋ᠤᠤ ᠾᠤᠸᠠ ᠭᠦᠨᠳᠦᠦ ᠰᠡᠷᠸᠠ ᠭᠳ᠋ᠤᠤ ᠭᠳ᠋ᠤᠤ ᠾᠤᠸᠠ
ᠭᠦᠨᠳᠦᠦ ᠰᠡᠷᠸᠠ ᠭᠳ᠋ᠤᠤ ᠭᠳ᠋ᠤᠤ ᠾᠤᠸᠠ ᠬᠡᠢᠮᠣᠷᠢ ᠲᠡᠩᠵᠢᠨ ᠮᠠᠨᠳᠤᠲᠤᠭᠠᠢ!
ᠬᠡᠢᠮᠣᠷᠢ ᠶ᠋ᠢᠨ ᠲᠠᠷᠨᠢ: ᠭᠦᠨᠳᠦᠦ ᠰᠡᠷᠸᠠ ᠭᠳ᠋ᠤᠤ ᠭᠳ᠋ᠤᠤ ᠾᠤᠸᠠ ᠶ᠋ᠢ
ᠠᠯᠢ ᠣᠯᠠᠨ ᠤᠩᠰᠢᠪᠠᠯ ᠰᠠᠢᠨ!
ᠦᠰᠦᠭ ᠠᠮᠢᠯᠠᠭᠤᠯᠤᠭᠰᠠᠨ ᠨᠢ᠄ ᠨᠤᠮᠤᠴᠢᠨ ᠪᠢᠯᠢᠭ
ᠦᠰᠦᠭ ᠬᠠᠲᠠᠭᠰᠠᠨ ᠨᠢ᠄ ᠨᠤᠮᠤᠴᠢᠨ ᠪᠢᠯᠢᠭ
ᠬᠢᠨᠠᠭᠴᠢ᠄ ᠶᠢᠰᠢᠰᠠᠮᠪᠠ(ᠮᠡᠷᠭᠡᠨ ᠭᠡᠢᠳ)᠂ ᠳᠠᠭᠤᠯᠠ
