ᠰᠢᠲᠠᠷᠠᠴᠢᠨ ᠬᠦᠦ-ᠳᠣᠮᠣᠭ ᠦᠯᠢᠭᠡᠷШатарчин хүү-Домог үлгэр
ᠡᠷᠲᠡ ᠤᠷᠢᠳᠤ ᠶ᠋ᠢᠨ ᠴᠠᠭ ᠲᠤ᠌᠂ ᠨᠠᠰᠤᠨ ᠥᠨᠳᠥᠷ ᠪᠣᠯᠤᠭᠰᠠᠨ ᠡᠮᠡᠭᠡᠨ ᠡᠪᠦᠭᠡᠨ ᠬᠣᠶᠠᠷ ᠭᠠᠭᠴᠠ ᠬᠦᠦ ᠲᠡᠢ ᠪᠡᠨ ᠠᠮᠢᠳᠤᠷᠠᠳᠠᠭ ᠪᠠᠢᠵᠠᠢ᠃ ᠨᠢᠭᠡ ᠡᠳᠦᠷ ᠡᠴᠢᠭᠡ ᠨᠢ ᠬᠦᠦ ᠳ᠋ᠦ᠍ ᠪᠡᠨ ᠨᠠᠰᠤᠨ ᠤ᠋ ᠵᠠᠯᠠᠭᠤ ᠳᠡᠭᠡᠷ᠎ᠡ ᠬᠣᠯᠠ ᠶᠠᠪᠤᠵᠤ᠂ ᠬᠥᠮᠦᠨ ᠠᠷᠠᠳ ᠲᠠᠢ ᠠᠭᠤᠯᠵᠠᠵᠤ᠂ ᠡᠷᠳᠡᠮ ᠨᠣᠮ ᠰᠤᠷᠤᠭᠠᠳ ᠢᠷᠡᠭᠡᠷᠡᠢ ᠭᠡᠵᠦ ᠭᠤᠷᠪᠠᠨ ᠰᠢᠷᠬᠡᠭ ᠶᠦᠮᠪᠦᠦ ᠥᠭᠴᠦ᠂ ᠠᠶᠠᠨ ᠵᠠᠮ ᠳ᠋ᠤ᠌ ᠪᠠᠨ ᠰᠠᠢᠨ ᠶᠠᠪᠤᠬᠤ ᠶ᠋ᠢ ᠢᠷᠦᠭᠡᠵᠡᠢ᠃ ᠢᠩᠭᠢᠭᠡᠳ ᠬᠦᠦ ᠠᠶᠠᠨ ᠵᠠᠮ ᠳ᠋ᠤ᠌ ᠪᠠᠨ ᠭᠠᠷᠴᠠᠢ᠃ ᠣᠯᠠᠨ ᠬᠣᠨᠣᠭ ᠶᠠᠪᠤᠵᠤ ᠭᠡᠨ᠎ᠡ᠂ ᠲᠡᠭᠡᠭᠡᠳ ᠶᠠᠪᠤᠵᠤ ᠪᠠᠢᠲᠠᠯ᠎ᠠ ᠠᠯᠤᠰ ᠲᠦ᠍ ᠯᠢᠮᠪᠦ ᠶ᠋ᠢᠨ ᠰᠠᠢᠬᠠᠨ ᠠᠶᠠᠯᠭᠤ ᠰᠣᠨᠣᠰᠳᠠᠨ᠎ᠠ᠂ ᠬᠦᠦ ᠲᠡᠷᠡ ᠰᠠᠢᠬᠠᠨ ᠠᠶᠠᠯᠭᠤ ᠶ᠋ᠢ ᠴᠢᠩᠨᠠᠭᠰᠠᠭᠠᠷ ᠨᠢᠭᠡᠨ ᠠᠢᠯ ᠤ᠋ᠨ ᠭᠠᠳᠠᠨ᠎ᠠ ᠶᠠᠪᠤᠭᠠᠳ ᠣᠴᠢᠵᠠᠢ᠂ ᠬᠥᠮᠦᠰ ᠦ᠋ᠨ ᠵᠠᠪᠰᠠᠷ ᠢ᠋ᠶ᠋ᠠᠷ ᠬᠠᠷᠠᠪᠠᠯ ᠨᠢᠭᠡ ᠬᠥᠮᠦᠨ ᠬᠤᠯᠤᠰᠤᠨ ᠯᠢᠮᠪᠦ ᠲᠠᠲᠠᠵᠤ ᠪᠠᠢᠨ᠎ᠠ ᠭᠡᠨ᠎ᠡ᠃ ᠬᠦᠦ ᠲᠡᠷᠡ ᠬᠥᠮᠦᠨ ᠡᠴᠡ᠄ 《ᠡᠨᠡ ᠶᠠᠮᠠᠷ ᠤᠴᠢᠷ ᠲᠠᠢ ᠶᠠᠭᠤ ᠭᠡᠳᠡᠭ ᠡᠳ᠋ ᠪᠣᠢ ? 》 ᠭᠡᠵᠦ ᠠᠰᠠᠭᠤᠪᠠᠯ᠄ 《ᠰᠠᠢᠨ ᠰᠤᠷᠪᠠᠯ ᠡᠷᠳᠡᠮ᠂ ᠮᠠᠭᠤ ᠰᠤᠷᠪᠠᠯ ᠶᠡᠷᠦ ᠶ᠋ᠢᠨ ᠨᠢᠭᠡᠨ ᠯᠢᠮᠪᠦ ᠶᠦᠮ ᠳᠡ ! 》 ᠭᠡᠵᠦ ᠬᠠᠷᠢᠭᠤᠯᠵᠠᠢ᠃ ᠲᠡᠭᠡᠪᠡᠯ ᠲᠠ ᠨᠠᠳᠠ ᠳ᠋ᠤ᠌ ᠡᠨᠡ ᠡᠷᠳᠡᠮ ᠢ᠋ᠶ᠋ᠡᠨ ᠵᠢᠭᠠᠵᠤ ᠥᠭᠭᠦᠭᠡᠴᠢ 》 ᠭᠡᠰᠡᠨ ᠳ᠋ᠦ᠍ ᠯᠢᠩᠪᠦᠴᠢᠨ᠄ 《ᠴᠢ ᠰᠤᠷᠴᠤ ᠴᠢᠳᠠᠬᠤ ᠶᠤᠮ ᠪᠣᠯ ᠵᠢᠭᠠᠵᠤ ᠪᠣᠯᠣᠯᠭᠦᠢ ᠶᠠᠭᠠᠬᠢᠬᠤᠪ 》 ᠭᠡᠳ ᠱᠠᠪᠢ ᠪᠠᠨ ᠪᠣᠯᠭᠠᠨ ᠠᠪᠴᠤ ᠭᠡᠨ᠎ᠡ᠃
ᠢᠩᠭᠢᠭᠡᠳ ᠨᠢᠭᠡ ᠵᠢᠯ ᠥᠩᠭᠡᠷᠡᠵᠦ ᠬᠦᠦ ᠰᠠᠢᠨ ᠯᠢᠮᠪᠦᠴᠢᠨ ᠪᠣᠯᠵᠠᠢ᠃ ᠬᠦᠦ ᠶᠠᠪᠤᠬᠤ ᠪᠣᠯᠵᠤ᠂ ᠪᠠᠭᠰᠢ ᠳ᠋ᠤ᠌ ᠪᠠᠨ ᠨᠢᠭᠡ ᠶᠦᠮᠪᠦᠦ ᠪᠡᠨ ᠥᠭᠴᠡᠢ᠃ ᠪᠠᠭᠰᠢ ᠨᠢ ᠴᠦ᠍ ᠬᠦᠦ ᠳ᠋ᠦ᠍ ᠯᠢᠮᠪᠦ ᠪᠡᠨ ᠪᠡᠯᠡᠭᠯᠡᠵᠡᠢ᠃ ᠢᠩᠭᠢᠭᠡᠳ ᠬᠦᠦ ᠲᠡᠨᠳᠡ ᠡᠴᠡ ᠶᠠᠪᠤᠵᠠᠢ᠃ ᠬᠦᠦ ᠶᠠᠪᠤᠭᠰᠠᠭᠠᠷ ᠪᠠᠢᠲᠠᠯ᠎ᠠ ᠨᠡᠯᠢᠶᠡᠳ ᠶᠠᠳᠠᠷᠠᠵᠤ ᠵᠠᠮ ᠳ᠋ᠤ᠌ ᠨᠢ ᠲᠠᠭᠠᠷᠠᠯᠳᠤᠭᠰᠠᠨ ᠠᠢᠯ ᠳ᠋ᠤ᠌ ᠣᠷᠣᠲᠠᠯ᠎ᠠ᠂ ᠭᠡᠷ ᠲᠦ᠍ ᠣᠯᠠᠨ ᠬᠥᠮᠦᠨ ᠲᠣᠭᠣᠷᠢᠭᠠᠳ ᠰᠠᠭᠤᠴᠢᠬᠠᠭᠰᠠᠨ ᠳᠤᠮᠳᠠ ᠨᠢ ᠨᠢᠭᠡ ᠬᠥᠮᠦᠨ ᠶᠠᠭᠤᠮ᠎ᠠ ᠪᠢᠴᠢᠭᠡᠳ ᠰᠠᠭᠤᠨ᠎ᠠ ᠭᠡᠨ᠎ᠡ᠂ ᠬᠦᠦ ᠲᠡᠭᠦᠨ ᠢ᠋ ᠶᠡᠬᠡ ᠰᠣᠨᠢᠷᠬᠠᠨ᠄ 《ᠬᠥᠮᠦᠨ ᠭᠤᠸᠠᠢ ᠲᠠ ᠶᠠᠭᠤ ᠬᠢᠳᠡᠭ ᠬᠥᠮᠦᠨ ᠪᠣᠢ ? 》 ᠭᠡᠬᠦ ᠳ᠋ᠦ᠍᠄ 《ᠠᠬ᠎ᠠ ᠨᠢ ᠬᠥᠮᠦᠰ ᠦ᠋ᠨ ᠭᠤᠶᠤᠭᠰᠠᠨ ᠶᠣᠰᠣᠭᠠᠷ ᠪᠢᠴᠢᠭ ᠵᠠᠬᠢᠳᠠᠯ ᠬᠢᠵᠦ ᠠᠮᠢᠳᠤᠷᠠᠳᠠᠭ ᠶᠤᠮ ᠳᠠ 》 ᠭᠡᠵᠡᠢ᠃ ᠲᠠᠨ ᠤ᠋ ᠪᠢᠴᠢᠬᠦ ᠡᠷᠳᠡᠮ ᠴᠢᠨᠢ ᠵᠥᠪᠬᠡᠨ ᠣᠯᠵᠠ ᠠᠰᠢᠭ ᠲᠤ᠌ ᠬᠡᠷᠡᠭᠲᠡᠢ ᠶᠦᠮ ᠤᠤ ? ᠡᠰᠡᠬᠦᠯ᠎ᠡ ᠥᠭᠡᠷ᠎ᠡ ᠪᠠᠰᠠ ᠶᠠᠭᠤᠮᠠᠨ ᠳ᠋ᠤ᠌ ᠬᠡᠷᠡᠭᠲᠡᠢ ᠶᠦᠮ ᠤᠤ ? 》 ᠭᠡᠵᠦ ᠠᠰᠠᠭᠤᠵᠠᠢ᠃ ᠪᠢᠴᠢᠭ ᠨᠣᠮ ᠳ᠋ᠤ᠌ ᠰᠠᠢᠨ ᠰᠤᠷᠤᠯᠴᠠᠪᠠᠯ ᠡᠷᠳᠡᠮ᠂ ᠡᠨᠡ ᠡᠷᠳᠡᠮ ᠢ᠋ ᠰᠤᠷᠪᠠᠯ ᠠᠮᠢᠳᠤᠷᠠᠯ ᠢ᠋ᠶ᠋ᠠᠨ ᠲᠡᠳᠬᠦᠬᠦ ᠡᠴᠡ ᠭᠠᠳᠠᠨ᠎ᠠ ᠬᠠᠭᠠᠨ ᠭᠡᠷ ᠦ᠋ᠨ ᠬᠡᠷᠡᠭ ᠢ᠋ ᠰᠢᠢᠳᠴᠦ ᠶᠠᠪᠤᠬᠤ ᠴᠢᠳᠠᠯ ᠲᠠᠢ ᠪᠣᠯᠤᠨ᠎ᠠ 》 ᠭᠡᠰᠡᠨ ᠳ᠋ᠦ᠍᠂ 《ᠲᠡᠭᠡᠪᠡᠯ ᠲᠠ ᠡᠨᠡ ᠡᠷᠳᠡᠮ ᠢ᠋ ᠨᠠᠳᠠ ᠳ᠋ᠤ᠌ ᠵᠢᠭᠠᠵᠤ ᠥᠭᠭᠦᠭᠡᠴᠢ !》 ᠭᠡᠬᠦ ᠳ᠋ᠦ᠍᠂ 《ᠵᠠ᠂ ᠶᠠᠭᠠᠬᠢᠬᠤᠪ᠂ ᠴᠢ ᠰᠠᠢᠨ ᠰᠤᠷᠴᠤ ᠴᠢᠳᠠᠬᠤ ᠶᠤᠮ ᠪᠣᠯ ᠪᠢ ᠵᠢᠭᠠᠵᠤ ᠥᠭᠴᠦ ᠪᠣᠯᠤᠨ᠎ᠠ 》᠃
ᠢᠩᠭᠢᠭᠡᠳ ᠬᠦᠦ ᠡᠷᠳᠡᠮ ᠨᠣᠮ ᠰᠤᠷᠤᠯᠴᠠᠭᠰᠠᠭᠠᠷ᠂ ᠨᠢᠭᠡ ᠮᠡᠳᠡᠬᠦ ᠳ᠋ᠦ᠍ ᠨᠢᠭᠡ ᠵᠢᠯ ᠢ᠋ ᠠᠷᠤ ᠳ᠋ᠤ᠌ ᠪᠠᠨ ᠣᠷᠬᠢᠵᠠᠢ᠃ ᠬᠦᠦ ᠴᠦ᠍ ᠡᠷᠳᠡᠮ ᠨᠣᠮ ᠰᠠᠢᠨ ᠰᠤᠷᠴᠠᠢ᠃
ᠪᠠᠭᠰᠢ ᠨᠢ᠄ 《ᠵᠠ᠂ ᠴᠢ ᠪᠢᠴᠢᠭ ᠦ᠋ᠨ ᠡᠷᠳᠡᠮ ᠳ᠋ᠦ᠍ ᠰᠠᠢᠨ ᠰᠤᠷᠤᠯᠴᠠᠵᠠᠢ ! 》 ᠭᠡᠳ ᠪᠢᠷ ᠶᠠᠨᠲᠠᠢ ᠬᠣᠶᠠᠷ ᠢ᠋ᠶ᠋ᠠᠨ ᠪᠡᠯᠡᠭ ᠪᠣᠯᠭᠠᠨ ᠥᠭᠴᠡᠢ᠃
ᠬᠦᠦ ᠪᠠᠶᠠᠷᠯᠠᠭᠰᠠᠨ ᠢ᠋ᠶ᠋ᠠᠨ ᠢᠯᠡᠷᠬᠡᠢᠯᠡᠭᠡᠳ᠂ ᠨᠢᠭᠡ ᠶᠦᠮᠪᠦᠦ ᠪᠡᠨ ᠪᠠᠭᠰᠢ ᠳ᠋ᠤ᠌ ᠪᠠᠨ ᠥᠭᠭᠦᠭᠡᠳ ᠠᠶᠠᠨ ᠵᠠᠮ ᠳ᠋ᠤ᠌ ᠪᠠᠨ ᠭᠠᠷᠴᠠᠢ᠃
ᠲᠡᠭᠡᠲᠡᠯ᠎ᠡ ᠨᠢᠭᠡ ᠭᠡᠷ ᠲᠠᠭᠠᠷᠠᠯᠳᠤᠵᠤ᠂ ᠭᠡᠷ ᠲᠦ᠍ ᠣᠷᠣᠪᠠᠯ ᠬᠣᠶᠠᠷ ᠬᠥᠮᠦᠨ ᠶᠠᠩᠵᠤ ᠪᠦᠷᠢ ᠶ᠋ᠢᠨ ᠳᠦᠷᠰᠦ ᠲᠡᠢ ᠮᠣᠳᠣ ᠪᠠᠷ ᠲᠣᠭᠯᠠᠭᠠᠳ ᠤᠬᠠᠭᠠᠨ ᠠᠯᠠᠭ᠎ᠠ ᠭᠡᠨ᠎ᠡ᠃ ᠬᠥᠮᠦᠨ ᠣᠷᠣᠵᠤ ᠢᠷᠡᠭᠰᠡᠨ ᠢ᠋ ᠠᠩᠵᠠᠭᠠᠷᠠᠬᠤ ᠴᠤ᠌ ᠦᠭᠡᠢ ᠪᠠᠢᠨ᠎ᠠ ᠭᠡᠨ᠎ᠡ᠃ 《ᠠᠮᠤᠷ ᠪᠠᠢᠨ᠎ᠠ ᠤᠤ ? 》 ᠭᠡᠬᠦ ᠳ᠋ᠦ᠍ ᠬᠠᠷᠢᠭᠤ ᠠᠯᠠᠭ᠎ᠠ᠂ ᠬᠦᠦ ᠳᠠᠬᠢᠭᠠᠳ ᠯᠠ᠄ 《ᠪᠢ ᠠᠶᠠᠨ ᠵᠠᠮ ᠤ᠋ᠨ ᠬᠥᠮᠦᠨ ᠪᠠᠢᠨ᠎ᠠ᠂ ᠲᠠ ᠬᠣᠶᠠᠷ ᠶᠠᠭᠤ ᠬᠢᠭᠡᠳ ᠢᠩᠭᠢᠵᠦ ᠤᠬᠠᠭᠠᠨ ᠢ᠋ᠶ᠋ᠠᠨ ᠠᠯᠳᠠᠨ᠎ᠠ ᠤᠤ ? 》 ᠭᠡᠰᠡᠨ ᠳ᠋ᠦ᠍ ᠨᠥᠭᠦᠭᠡ ᠬᠣᠶᠠᠷ᠄ 《ᠪᠢᠳᠡ ᠬᠣᠶᠠᠷ ᠰᠢᠳᠡᠷ᠎ᠡ ᠭᠡᠭᠴᠢ ᠶᠠᠭᠤᠮ᠎ᠠ ᠶ᠋ᠢ ᠲᠣᠭᠯᠠᠵᠤ ᠪᠠᠢᠨ᠎ᠠ ᠳᠠ ᠬᠦ 》᠃
《ᠡᠨᠡ ᠴᠢᠨᠢ ᠲᠡᠭᠡᠭᠡᠳ ᠶᠠᠭᠤᠨ ᠳ᠋ᠤ᠌ ᠬᠡᠷᠡᠭᠲᠡᠢ ᠶᠦᠮ ? 》᠃
《ᠬᠡᠷᠪᠡ ᠰᠢᠳᠡᠷ᠎ᠡ ᠶ᠋ᠢ ᠰᠠᠢᠨ ᠰᠤᠷᠬᠤ ᠶᠤᠮ ᠪᠣᠯ ᠬᠣᠶᠠᠷ ᠭᠦᠷᠦᠨ ᠦ᠌ ᠡᠵᠡᠨ ᠬᠠᠭᠠᠨ ᠡᠷᠬᠡ ᠵᠡᠷᠭᠡ ᠪᠡᠨ ᠪᠤᠯᠢᠶᠠᠯᠴᠠᠯᠳᠤᠵᠤ ᠬᠡᠨ ᠨᠢ ᠬᠡᠨ ᠢ᠋ ᠪᠡᠨ ᠳᠡᠢᠯᠬᠦ ᠪᠣᠢ ᠭᠡᠳᠡᠭ ᠶᠡᠬᠡ ᠬᠡᠷᠡᠭ ᠢ᠋ ᠰᠢᠢᠳᠴᠦ ᠪᠣᠯᠤᠨ᠎ᠠ᠂ ᠬᠠᠷᠢᠨ ᠮᠠᠭᠤ ᠰᠤᠷᠪᠠᠯ ᠶᠡᠷᠦᠳᠡ ᠶ᠋ᠢᠨ ᠨᠢᠭᠡ ᠵᠤᠭ᠎ᠠ ᠴᠡᠩᠭᠡᠯ ᠶᠦᠮ ᠳᠡ 》 ᠭᠡᠵᠡᠢ᠃
《ᠬᠣᠶᠠᠷ ᠠᠬ᠎ᠠ ᠮᠢᠨᠢ᠂ ᠲᠠ ᠬᠣᠶᠠᠷ ᠬᠢᠷᠢ ᠰᠠᠢᠨ ᠰᠢᠲᠠᠷᠠᠴᠢᠨ ᠪᠣᠢ ?》 ᠭᠡᠵᠦ ᠠᠰᠠᠭᠤᠵᠠᠢ᠃ 《ᠪᠢᠳᠡ ᠬᠣᠶᠠᠷ ᠡᠨᠡ ᠭᠦᠷᠦᠨ ᠳ᠋ᠦ᠍ ᠪᠡᠨ ᠠᠯᠳᠠᠷ ᠲᠠᠢ ᠰᠠᠢᠨ ᠰᠢᠲᠠᠷᠠᠴᠢᠳ ᠳᠠ᠂ ᠳᠡᠭᠦᠦ ᠮᠢᠨᠢ 》 ᠭᠡᠯᠡ᠃
《ᠲᠡᠭᠡᠪᠡᠯ ᠲᠠ ᠬᠣᠶᠠᠷ ᠡᠨᠡ ᠰᠢᠲᠠᠷ᠎ᠠ ᠪᠠᠨ ᠨᠠᠳᠠ ᠳ᠋ᠤ᠌ ᠵᠢᠭᠠᠵᠤ ᠥᠭᠭᠦᠭᠡᠴᠢ》 ᠭᠡᠰᠡᠨ ᠳ᠋ᠦ᠍᠂ 《ᠴᠢ ᠰᠠᠢᠨ ᠰᠤᠷᠴᠤ ᠴᠢᠳᠠᠬᠤ ᠶᠤᠮ ᠪᠣᠯ ᠵᠢᠭᠠᠵᠤ ᠥᠭᠴᠦ ᠪᠣᠯᠤᠨ᠎ᠠ 》 ᠭᠡᠳ ᠱᠠᠪᠢ ᠪᠠᠨ ᠪᠣᠯᠭᠠᠨ ᠠᠪᠴᠤ ᠭᠡᠨ᠎ᠡ᠃
ᠬᠦᠦ ᠢᠩᠭᠢᠭᠡᠳ ᠨᠢᠭᠡ ᠪᠡᠷ ᠨᠢ ᠰᠢᠳᠡᠷ᠎ᠡ ᠵᠢᠭᠠᠯᠭᠠᠵᠤ᠂ ᠨᠥᠭᠦᠭᠡ ᠲᠡᠢ ᠨᠢ ᠲᠣᠭᠯᠠᠭᠰᠠᠭᠠᠷ ᠨᠢᠭᠡ ᠵᠢᠯ ᠥᠩᠭᠡᠷᠡᠵᠡᠢ᠃ ᠨᠢᠭᠡ ᠡᠳᠦᠷ᠄ 《ᠵᠠ ᠣᠳᠣ ᠬᠦᠦ ᠮᠢᠨᠢ ᠴᠢ ᠰᠠᠢᠨ ᠰᠢᠲᠠᠷᠠᠴᠢᠨ ᠪᠣᠯᠵᠠᠢ᠂ ᠪᠢᠳᠡ ᠬᠣᠶᠠᠷ ᠡᠨᠡ ᠰᠢᠲᠠᠷ᠎ᠠ ᠶ᠋ᠢ ᠴᠢᠮ᠎ᠠ ᠳ᠋ᠤ᠌ ᠪᠡᠯᠡᠭ ᠪᠣᠯᠭᠠᠨ ᠥᠭᠭᠦᠶ᠎ᠡ》 ᠭᠡᠬᠦ ᠳ᠋ᠦ᠍ ᠬᠦᠦ ᠶᠡᠬᠡᠳᠡ ᠪᠠᠶᠠᠷᠯᠠᠨ ᠰᠢᠲᠠᠷ᠎ᠠ ᠶ᠋ᠢ ᠬᠦᠯᠢᠶᠡᠨ ᠠᠪᠴᠤ ᠦᠯᠡᠳᠡᠭᠰᠡᠨ ᠶᠦᠮᠪᠦᠦ ᠪᠡᠨ ᠥᠭᠭᠦᠭᠡᠳ ᠨᠤᠲᠤᠭ ᠤ᠋ᠨ ᠵᠦᠭ ᠶᠠᠪᠤᠵᠠᠢ᠃
ᠬᠦᠦ ᠶᠠᠪᠤᠭᠰᠠᠭᠠᠷ ᠵᠠᠮ ᠳ᠋ᠤ᠌ ᠬᠠᠭᠠᠨ ᠤ᠋ ᠬᠤᠳᠠᠯᠳᠤᠭᠠᠴᠢᠨ ᠲᠠᠢ ᠲᠠᠭᠠᠷᠠᠯᠳᠤᠵᠠᠢ᠃ ᠬᠠᠭᠠᠨ ᠤ᠋ ᠬᠤᠳᠠᠯᠳᠤᠭᠠᠴᠢᠨ᠄ 《ᠵᠠ᠂ ᠬᠠᠮᠢᠭ᠎ᠠ ᠠ᠋ᠴᠠ ᠬᠠᠮᠢᠭ᠎ᠠ ᠬᠦᠷᠴᠦ ᠶᠠᠪᠤᠭ᠎ᠠ ᠬᠡᠨ ᠦ᠌ ᠬᠦᠦ ᠪᠣᠢ 》 ᠭᠡᠰᠡᠨ ᠳ᠋ᠦ᠍᠂ 《ᠡᠷᠳᠡᠮ ᠨᠣᠮ ᠰᠤᠷᠤᠭᠠᠳ ᠨᠤᠲᠤᠭ ᠪᠤᠴᠠᠵᠤ ᠶᠠᠪᠤᠨ᠎ᠠ᠃》ᠭᠡᠵᠦ ᠬᠦᠦ ᠬᠡᠯᠡᠵᠡᠢ᠃ 《ᠴᠢ ᠮᠠᠨ ᠤ᠋ ᠠᠴᠢᠶ᠎ᠠ ᠪᠠᠷᠠᠭ᠎ᠠ ᠶ᠋ᠢ ᠵᠥᠭᠡᠭᠡᠵᠦ ᠠᠵᠢᠯᠯᠠᠬᠤ ᠦᠭᠡᠢ ᠤᠤ ? ᠪᠢ ᠴᠢᠮ᠎ᠠ ᠳ᠋ᠤ᠌ ᠬᠥᠯᠥᠰᠥ ᠮᠥᠩᠭᠥ ᠶ᠋ᠢ ᠴᠢᠨᠢ ᠥᠭᠬᠦ ᠪᠣᠯᠤᠨ᠎ᠠ 》 ᠭᠡᠬᠦ ᠳ᠋ᠦ᠍᠂ ᠬᠦᠦ᠄ 《ᠪᠢ ᠨᠤᠲᠤᠭ ᠠ᠋ᠴᠠ ᠪᠠᠨ ᠭᠠᠷᠤᠭᠠᠳ ᠭᠤᠷᠪᠠᠨ ᠵᠢᠯ ᠪᠣᠯᠤᠯ᠎ᠠ᠂ ᠬᠣᠶᠠᠷ ᠬᠥᠭᠰᠢᠨ ᠳ᠋ᠦ᠍ ᠪᠡᠨ ᠬᠡᠳᠦᠨ ᠶᠠᠭᠤᠮ᠎ᠠ ᠲᠠᠢ ᠣᠴᠢᠪᠠᠯ ᠪᠠᠶᠠᠷᠯᠠᠨ᠎ᠠ ᠳᠠ 》 ᠭᠡᠵᠦ ᠪᠣᠳᠣᠭᠠᠳ ᠵᠥᠪᠰᠢᠶᠡᠷᠡᠵᠡᠢ᠃ ᠢᠩᠭᠢᠭᠡᠳ ᠬᠦᠦ ᠲᠡᠳᠡᠨ ᠦ᠌ ᠬᠦᠨᠳᠦ ᠬᠦᠴᠢᠷ ᠠᠵᠢᠯ ᠢ᠋ ᠬᠢᠵᠦ ᠳᠠᠭᠠᠵᠤ ᠶᠠᠪᠤᠭᠰᠠᠭᠠᠷ ᠨᠢᠭᠡ ᠰᠠᠷ᠎ᠠ ᠪᠣᠯᠵᠤ ᠨᠤᠲᠤᠭ ᠴᠤ᠌ ᠣᠢᠷᠠᠲᠤᠵᠠᠢ᠃ ᠨᠢᠭᠡᠨ ᠡᠳᠦᠷ ᠪᠠᠭᠤᠳᠠᠯᠯᠠᠭᠠᠳ ᠠᠮᠠᠷᠠᠵᠤ ᠰᠠᠭᠤᠬᠤ ᠳ᠋ᠤ᠌᠄ 《ᠨᠣᠶᠠᠨᠲᠠᠨ ᠨᠤᠲᠤᠭ ᠤᠰᠤ ᠮᠢᠨᠢ ᠣᠢᠷᠠᠲᠤᠯ᠎ᠠ᠂ ᠲᠠ ᠮᠢᠨᠦ ᠵᠠᠷᠤᠭᠳᠠᠭᠰᠠᠨ ᠬᠥᠯᠥᠰᠥ ᠶ᠋ᠢ ᠮᠢᠨᠢ ᠥᠭᠭᠦᠨ᠎ᠡ ᠤᠤ ? 》 ᠭᠡᠵᠡᠢ᠃ ᠲᠡᠭᠡᠭᠰᠡᠨ ᠨᠥᠭᠦᠭᠡ ᠨᠣᠶᠠᠨᠲᠠᠨ᠄ 《ᠴᠢ ᠮᠠᠭᠤ ᠪᠣᠭᠣᠯ ᠶᠠᠭᠤ ᠭᠡᠨ᠎ᠡ ᠬᠦ᠂ ᠴᠢ ᠶᠠᠭᠠᠬᠢᠭᠰᠠᠨ ᠵᠠᠳᠠᠷᠠᠭᠰᠠᠨ ᠠᠮᠢᠲᠠᠨ ᠶᠤᠮ᠂ ᠡᠨᠡ ᠮᠠᠭᠤ ᠠᠮᠢᠲᠠᠨ ᠢ᠋ ᠪᠠᠷᠢᠵᠤ ᠬᠦᠯᠢ 》 ᠭᠡᠵᠦ ᠬᠦᠦ ᠶ᠋ᠢ ᠪᠠᠷᠢᠪᠴᠢᠯᠠᠵᠤ ᠳᠥᠷᠪᠡᠨ ᠮᠥᠴᠢ ᠶ᠋ᠢ ᠨᠢ ᠬᠦᠯᠢᠭᠡᠳ᠂ ᠲᠦᠰᠢᠮᠡᠯ ᠨᠢᠭᠡ ᠪᠢᠴᠢᠭ ᠪᠢᠴᠢᠵᠦ᠂ ᠬᠦᠦ ᠶ᠋ᠢᠨ ᠭᠡᠵᠢᠭᠡᠨ ᠦ᠌ ᠤᠭ ᠲᠤ᠌ ᠪᠡᠬᠢᠯᠡᠭᠡᠳ ᠬᠣᠶᠠᠷ ᠵᠠᠷᠤᠴᠠ ᠳ᠋ᠤ᠌ ᠪᠠᠨ ᠬᠠᠨᠳᠤᠨ ᠲᠤᠰᠢᠶᠠᠵᠠᠢ᠃ 《ᠡᠨᠡ ᠵᠠᠳᠠᠷᠠᠭᠰᠠᠨ ᠠᠮᠢᠲᠠᠨ ᠢ᠋ ᠮᠠᠨᠵᠤ ᠡᠵᠡᠨ ᠬᠠᠭᠠᠨ ᠳ᠋ᠤ᠌ ᠬᠦᠷᠭᠡ 》 ᠭᠡᠮᠡᠨ ᠶᠠᠪᠤᠭᠤᠯᠵᠠᠢ᠃ ᠬᠦᠦ ᠠᠶᠠᠨ ᠵᠠᠮ ᠳ᠋ᠤ᠌ ᠶᠠᠪᠤᠭᠰᠠᠭᠠᠷ ᠶᠡᠬᠡᠳᠡ ᠶᠠᠳᠠᠷᠠᠵᠠᠢ᠂ ᠲᠡᠭᠡᠭᠰᠡᠭᠡᠷ ᠨᠢᠭᠡ ᠲᠣᠰᠬᠣᠨ ᠳ᠋ᠤ᠌ ᠢᠷᠡᠵᠦ ᠭᠡᠨ᠎ᠡ᠃
ᠲᠣᠰᠬᠣᠨ ᠤ᠋ ᠵᠠᠬ᠎ᠠ ᠳ᠋ᠤ᠌ ᠢᠷᠡᠭᠡᠳ ᠵᠢᠭᠠᠬᠠᠨ ᠠᠮᠠᠷᠠᠬᠤ ᠪᠠᠷ ᠰᠢᠢᠳᠴᠡᠢ᠃ ᠲᠡᠭᠡᠭᠡᠳ ᠠᠮᠠᠷᠠᠵᠤ ᠰᠠᠭᠤᠲᠠᠯ᠎ᠠ ᠰᠢᠲᠠᠷᠠᠴᠢᠨ ᠬᠦᠦ 《ᠵᠠ᠂ ᠡᠷ᠎ᠡ ᠤᠯᠤᠰ ᠤ᠋ᠳ ᠤ᠋ᠨ ᠢᠯᠭᠠᠭ᠎ᠠ ᠶᠠᠭᠤ ᠪᠠᠢᠬᠤᠪ᠂ ᠪᠢ ᠡᠨᠡ ᠬᠦᠯᠢᠶᠡ ᠪᠠᠭᠯᠠᠭᠠᠨ ᠳ᠋ᠤ᠌ ᠦᠨᠡᠬᠡᠷ ᠶᠡᠬᠡ ᠶᠠᠳᠠᠷᠠᠵᠤ ᠪᠠᠢᠨ᠎ᠠ᠂ ᠲᠠ ᠬᠣᠶᠠᠷ ᠮᠢᠨᠦ ᠡᠨᠡ ᠬᠦᠯᠢᠶᠡᠰᠦ ᠶ᠋ᠢ ᠲᠠᠢᠯᠤᠭᠠᠴᠢ᠂ ᠪᠢ ᠲᠠ ᠬᠣᠶᠠᠷ ᠲᠦ᠍ ᠨᠢᠭᠡ ᠰᠣᠨᠢᠨ ᠶᠠᠭᠤᠮ᠎ᠠ ᠦᠵᠡᠭᠦᠯᠦᠮᠡᠷ ᠪᠠᠢᠨ᠎ᠠ 》 ᠭᠡᠰᠡᠨ ᠴᠢᠨᠢ᠄ 《ᠶᠠᠭᠤ ᠦᠵᠡᠭᠦᠯᠬᠦ ᠶᠦᠮ ᠪᠣᠯ ᠰᠤᠯᠠᠯᠠᠬᠤ ᠤᠤ 》᠂ 《ᠠᠢ᠂ ᠵᠢᠭᠤᠲᠠᠴᠢᠬᠠᠬᠤ ᠪᠠᠢᠬ᠎ᠠ 》᠂ 《ᠠᠢ ᠡᠨᠡ ᠮᠠᠭᠤ ᠬᠠᠮᠢᠭ᠎ᠠ ᠬᠣᠯᠠᠳᠠᠬᠤ ᠭᠡᠵᠦ ᠳᠡ 》᠃ ᠡᠢᠨ ᠬᠦ᠌ ᠶᠠᠷᠢᠯᠴᠠᠭᠠᠳ ᠰᠢᠲᠠᠷᠠᠴᠢᠨ ᠬᠦᠦ ᠶ᠋ᠢ ᠰᠤᠯᠠᠯᠠᠯᠠ᠃ ᠰᠢᠲᠠᠷᠠᠴᠢᠨ ᠬᠦᠦ ᠡᠪᠦᠷ ᠡᠴᠡ ᠪᠡᠨ ᠯᠢᠮᠪᠦ ᠭᠠᠷᠭᠠᠨ ᠲᠠᠲᠠᠨ᠎ᠠ᠂ ᠨᠥᠭᠦᠭᠡ ᠬᠣᠶᠠᠷ ᠪᠡᠶ᠎ᠡ ᠪᠡᠶ᠎ᠡ ᠪᠡᠨ ᠲᠦᠰᠢᠨ ᠬᠥᠭᠵᠢᠮ ᠦ᠋ᠨ ᠠᠶᠠᠨ ᠳ᠋ᠤ᠌ ᠤᠶᠠᠷᠠᠨ ᠰᠣᠨᠣᠰᠴᠤ ᠰᠠᠭᠤᠭᠰᠠᠨ ᠢ᠋ᠶ᠋ᠠᠨ ᠲᠦᠳᠡᠯ ᠦᠭᠡᠢ ᠬᠣᠶᠠᠭᠤᠯᠠ ᠪᠠᠨ ᠤᠨᠲᠠᠭᠠᠳ ᠥᠭᠴᠡᠢ᠃
ᠰᠢᠲᠠᠷᠠᠴᠢᠨ ᠬᠦᠦ ᠯᠢᠮᠪᠦ ᠪᠡᠨ ᠲᠠᠲᠠᠵᠤ ᠪᠠᠢᠭᠰᠠᠨ ᠢ᠋ᠶ᠋ᠠᠨ ᠨᠥᠭᠦᠭᠡ ᠬᠣᠶᠠᠷ ᠤ᠋ᠨ ᠤᠨᠲᠠᠭᠰᠠᠨ ᠢ᠋ ᠬᠠᠷᠠᠭᠠᠳ ᠬᠥᠭᠵᠢᠮᠳᠡᠬᠦ ᠪᠡᠨ ᠠᠭᠠᠵᠢᠭᠤᠬᠠᠨ ᠪᠣᠯᠢᠵᠤ ᠭᠡᠨ᠎ᠡ᠃
ᠲᠡᠭᠡᠭᠡᠳ ᠨᠥᠭᠦᠭᠡ ᠬᠣᠶᠠᠷ ᠲᠤ᠌ ᠪᠠᠨ ᠣᠢᠷᠠᠲᠤᠨ ᠦᠵᠡᠬᠦ ᠳ᠋ᠦ᠍ ᠮᠥᠨ ᠴᠦ᠍ ᠰᠡᠷᠡᠬᠦ ᠰᠢᠨᠵᠢ ᠦᠭᠡᠢ ᠬᠤᠤᠬᠢᠷᠠᠵᠤ ᠪᠠᠢᠯ᠎ᠠ᠃ ᠲᠡᠷᠡ ᠵᠠᠪᠰᠠᠷ ᠰᠢᠲᠠᠷᠠᠴᠢᠨ ᠬᠦᠦ ᠭᠡᠵᠢᠭᠡᠨ ᠡᠴᠡ ᠪᠡᠨ ᠪᠢᠴᠢᠭ ᠢ᠋ ᠠᠪᠴᠤ ᠤᠩᠰᠢᠪᠠ ᠭᠡᠨ᠎ᠡ᠃ 《ᠬᠣᠷᠢᠨ ᠬᠣᠶᠠᠷ ᠨᠠᠰᠤᠲᠠᠢ᠂ ᠬᠦᠳᠡᠷ ᠴᠢᠭᠢᠷᠠᠭ ᠵᠠᠯᠠᠭᠤ᠂ ᠮᠠᠨᠵᠤ ᠡᠵᠡᠨ ᠬᠠᠭᠠᠨ ᠲᠠᠨ ᠳ᠋ᠤ᠌ ᠬᠦᠷᠭᠡᠭᠦᠯᠪᠡ᠂ ᠣᠴᠢᠬᠤ ᠪᠠᠷ ᠨᠢ ᠮᠠᠩᠭᠤᠰ ᠤ᠋ᠨ ᠬᠠᠭᠠᠨ ᠳ᠋ᠤ᠌ ᠰᠢᠲᠠᠷ᠎ᠠ ᠶ᠋ᠢᠨ ᠮᠥᠷᠥᠢ ᠳ᠋ᠦ᠍ ᠥᠭᠴᠦ ᠪᠣᠯᠤᠨ᠎ᠠ 》ᠭᠡᠰᠡᠨ ᠪᠢᠴᠢᠭ ᠢ᠋ ᠤᠩᠰᠢᠭᠠᠳ᠂ ᠲᠡᠭᠦᠨ ᠢ᠋ ᠤᠷᠠᠵᠤ ᠬᠠᠶᠠᠭᠠᠳ᠂ ᠪᠢᠷ ᠶᠠᠨᠲᠠᠢ ᠪᠠᠨ ᠭᠠᠷᠭᠠᠭᠠᠳ᠂ ᠳᠠᠬᠢᠨ ᠢᠩᠭᠢᠵᠦ ᠪᠢᠴᠢᠵᠡᠢ᠃ 《ᠬᠣᠷᠢᠨ ᠬᠣᠶᠠᠷ ᠨᠠᠰᠤᠲᠠᠢ᠂ ᠬᠦᠳᠡᠷ ᠴᠢᠭᠢᠷᠠᠭ ᠬᠦᠷᠡᠩ ᠪᠣᠷᠣ ᠵᠠᠯᠠᠭᠤ᠂ ᠲᠠᠪᠤᠨ ᠲᠡᠮᠡᠭᠡ ᠠᠴᠢᠶ᠎ᠠ ᠪᠠᠷ ᠬᠤᠳᠠᠯᠳᠤᠨ ᠠᠪᠴᠤ᠂ ᠮᠠᠨᠵᠤ ᠡᠵᠡᠨ ᠬᠠᠭᠠᠨ ᠲᠠᠨ ᠳ᠋ᠤ᠌ ᠬᠦᠷᠭᠡᠭᠦᠯᠪᠡ᠂ ᠣᠴᠢᠬᠤ ᠪᠠᠷ ᠨᠢ ᠭᠦᠩᠵᠦ ᠲᠡᠢ ᠪᠡᠨ ᠭᠡᠷᠯᠡᠭᠦᠯᠬᠦ ᠶ᠋ᠢ ᠬᠦᠰᠡᠶ᠎ᠡ 》 ᠭᠡᠵᠦ ᠪᠢᠴᠢᠵᠡᠢ᠃ ᠲᠡᠭᠡᠭᠡᠳ ᠬᠠᠭᠤᠴᠢᠨ ᠬᠡᠪ ᠢ᠋ᠶ᠋ᠡᠷ ᠨᠢ ᠭᠡᠵᠢᠭᠡᠨ ᠳ᠋ᠦ᠍ ᠣᠷᠢᠶᠠᠨ ᠬᠢᠭᠡᠳ ᠤᠨᠲᠠᠭᠠᠳ ᠥᠭᠴᠡᠢ ᠭᠡᠨ᠎ᠡ᠃
ᠥᠷᠯᠥᠭᠡ ᠨᠠᠷᠠ ᠮᠠᠨᠳᠤᠵᠤ ᠨᠥᠭᠦᠭᠡ ᠬᠣᠶᠠᠷ ᠤ᠋ᠨ ᠨᠢᠭᠡ ᠨᠢ ᠰᠡᠷᠡᠵᠦ ᠰᠠᠨᠳᠤᠷᠤᠨ ᠪᠣᠰᠴᠤ ᠰᠢᠲᠠᠷᠠᠴᠢᠨ ᠬᠦᠦ ᠪᠠᠢᠭ᠎ᠠ ᠡᠰᠡᠬᠦ ᠶ᠋ᠢ ᠬᠠᠷᠠᠨ᠂ ᠬᠦᠦ ᠤᠨᠲᠠᠵᠤ ᠪᠠᠢᠭ᠎ᠠ ᠶ᠋ᠢ ᠬᠠᠷᠠᠭᠠᠳ ᠰᠠᠨᠠᠭ᠎ᠠ ᠨᠢ ᠠᠮᠠᠷᠠᠨ ᠬᠦᠦ ᠶ᠋ᠢᠨ ᠳᠡᠷᠭᠡᠳᠡ ᠣᠴᠢᠭᠠᠳ᠄ 《ᠴᠢ ᠦᠨᠡᠬᠡᠷ ᠰᠠᠢᠨ ᠬᠦᠦ ᠪᠠᠢᠨ᠎ᠠ᠂ ᠴᠢ ᠪᠢᠳᠡ ᠬᠣᠶᠠᠷ ᠢ᠋ ᠤᠨᠲᠠᠭᠰᠠᠨ ᠬᠣᠢᠭᠤᠷ ᠰᠠᠬᠢᠨ ᠬᠠᠮᠠᠭᠠᠯᠠᠵᠤ ᠬᠣᠨᠣᠭᠰᠠᠨ ᠳ᠋ᠤ᠌ ᠦᠨᠡᠬᠡᠷ ᠶᠡᠬᠡ ᠪᠠᠶᠠᠷᠯᠠᠯ᠎ᠠ᠂ ᠵᠠ ᠢᠩᠭᠢᠭᠡᠳ ᠶᠠᠪᠤᠶ᠎ᠠ ᠳᠠ 》 ᠭᠡᠳ ᠬᠦᠦ ᠶ᠋ᠢ ᠬᠦᠯᠢᠭᠰᠡᠨ ᠴᠦ᠍ ᠦᠭᠡᠢ ᠵᠠᠮ ᠳ᠋ᠤ᠌ ᠭᠠᠷᠴᠠᠢ᠃᠂
ᠶᠠᠪᠤᠭᠰᠠᠭᠠᠷ ᠬᠠᠭᠠᠨ ᠤ᠋ ᠣᠷᠳᠣᠨ ᠳ᠋ᠤ᠌ ᠬᠦᠷᠴᠦ᠂ ᠬᠦᠦ ᠶ᠋ᠢᠨ ᠭᠡᠵᠢᠭᠡᠨ ᠦ᠌ ᠳᠣᠣᠷᠠᠬᠢ ᠪᠢᠴᠢᠭ ᠢ᠋ ᠠᠪᠤᠭᠠᠳ ᠡᠵᠡᠨ ᠬᠠᠭᠠᠨ ᠳ᠋ᠤ᠌ ᠪᠠᠷᠢᠵᠠᠢ᠃ ᠲᠠᠪᠤᠨ ᠲᠡᠮᠡᠭᠡ ᠠᠴᠢᠶ᠎ᠠ ᠪᠠᠷ ᠬᠤᠳᠠᠯᠳᠤᠵᠤ ᠠᠪᠤᠭᠠᠳ᠂ ᠥᠬᠢᠨ ᠲᠡᠢ ᠮᠢᠨᠢ ᠰᠠᠭᠤᠯᠭᠠᠬᠤ ᠪᠠᠷ ᠶᠠᠪᠤᠭᠤᠯᠤᠯ᠎ᠠ ᠭᠡᠨ᠎ᠡ᠃ ᠬᠠᠴᠢᠨ ᠶᠤᠮ ᠳᠠ ᠭᠡᠳ ᠬᠠᠭᠠᠨ ᠳᠠᠬᠢᠨ ᠳᠠᠬᠢᠨ ᠤᠩᠰᠢᠪᠠ ᠭᠡᠨ᠎ᠡ᠃ ᠮᠢᠨᠦ ᠢᠲᠡᠭᠡᠯᠲᠦ ᠰᠠᠢᠨ ᠲᠦᠰᠢᠮᠡᠯ ᠪᠢᠴᠢᠭᠰᠡᠨ ᠪᠣᠯᠬᠣᠷ ᠨᠢᠭᠡ ᠯᠡ ᠤᠴᠢᠷ ᠲᠠᠢ ᠪᠠᠢᠬᠤ ᠭᠡᠳ ᠣᠢᠷᠠᠯᠴᠠᠭᠠᠬᠢ ᠲᠦᠰᠢᠮᠡᠯ ᠳ᠋ᠦ᠍ ᠪᠡᠨ ᠡᠢᠨ ᠬᠦ᠌ ᠲᠤᠰᠢᠶᠠᠵᠠᠢ᠃ ᠡᠨᠡ ᠬᠦᠦ ᠳ᠋ᠦ᠍ ᠬᠠᠩᠪᠤ ᠲᠣᠷᠭᠠᠨ ᠳᠡᠪᠡᠯ ᠭᠤᠲᠤᠯ ᠡᠮᠦᠰᠦᠭᠦᠯᠦᠭᠡᠳ᠂ ᠨᠠᠭᠠᠰᠢ ᠨᠢ ᠤᠷᠤᠭᠤᠯ᠂ ᠪᠠᠰᠠ ᠲᠡᠭᠡᠭᠡᠳ ᠭᠦᠩᠵᠦ ᠶ᠋ᠢ ᠳᠠᠭᠤᠳᠠ ᠭᠡᠯᠡ᠃ ᠭᠦᠩᠵᠦ ᠡᠴᠢᠭᠡ ᠶ᠋ᠢᠨ ᠢ᠋ᠶ᠋ᠡᠨ ᠳᠠᠭᠤᠳᠠᠭᠰᠠᠨ ᠶᠣᠰᠣᠭᠠᠷ ᠣᠷᠣᠵᠤ ᠢᠷᠡᠯ᠎ᠡ᠃ ᠬᠦᠳᠡᠷ ᠴᠢᠭᠢᠷᠠᠭ ᠪᠡᠶ᠎ᠡ ᠲᠡᠢ ᠬᠦᠷᠡᠩ ᠪᠣᠷᠣ ᠵᠠᠯᠠᠭᠤ ᠭᠠᠳᠠᠨ᠎ᠠ ᠠ᠋ᠴᠠ ᠣᠷᠣᠵᠤ ᠢᠷᠡᠪᠡ ᠭᠡᠨ᠎ᠡ᠃ ᠬᠠᠭᠠᠨ ᠯᠢᠮᠪᠦᠴᠢᠨ ᠬᠦᠦ ᠳ᠋ᠦ᠍ ᠡᠢᠨ ᠬᠦ᠌ ᠬᠡᠯᠡᠵᠡᠢ᠂ ᠴᠢᠮ᠎ᠠ ᠶ᠋ᠢ ᠮᠢᠨᠦ ᠥᠬᠢᠨ ᠲᠡᠢ ᠰᠠᠭᠤᠯᠭᠠᠬᠤ ᠭᠡᠵᠦ ᠬᠤᠳᠠᠯᠳᠤᠵᠤ ᠠᠪᠤᠭᠰᠠᠨ ᠶᠤᠮ ᠪᠠᠢᠨ᠎ᠠ᠂ ᠴᠢᠮ᠎ᠠ ᠶ᠋ᠢ ᠪᠢᠳᠡ ᠲᠤᠷᠰᠢᠨ᠎ᠠ᠂ ᠬᠡᠷᠪᠡ ᠮᠢᠨᠦ ᠥᠬᠢᠨ ᠴᠢᠮ᠎ᠠ ᠳ᠋ᠤ᠌ ᠰᠡᠳᠬᠢᠯ ᠲᠡᠢ ᠪᠣᠯᠪᠠᠯ ᠬᠤᠷᠢᠮ ᠨᠠᠢᠷ ᠬᠢᠬᠦ ᠪᠣᠯᠤᠨ᠎ᠠ᠂ ᠠ !ᠦᠭᠡᠢ ᠪᠣᠯ ᠴᠢᠮ᠎ᠠ ᠶ᠋ᠢ ᠰᠢᠲᠠᠷ᠎ᠠ ᠶ᠋ᠢᠨ ᠮᠥᠷᠥᠢ ᠳ᠋ᠦ᠍ ᠥᠭᠭᠦᠨ᠎ᠡ᠃ᠢᠩᠭᠢᠭᠡᠳ ᠰᠢᠲᠠᠷᠠᠴᠢᠨ ᠬᠦᠦ ᠬᠠᠭᠠᠨ ᠤ᠋ ᠣᠷᠳᠣᠨ ᠳ᠋ᠤ᠌ ᠰᠠᠭᠤᠬᠤ ᠪᠣᠯᠵᠠᠢ᠃
ᠨᠢᠭᠡᠨ ᠡᠳᠦᠷ ᠬᠦᠦ ᠭᠠᠭᠴᠠᠭᠠᠷ ᠶᠠᠪᠤᠵᠤ ᠪᠠᠢᠭᠠᠳ᠂ ᠨᠢᠭᠡᠨ ᠠᠭᠤᠯᠠᠨ ᠳᠡᠭᠡᠷ᠎ᠡ ᠭᠠᠷᠴᠤ ᠠᠯᠤᠰ ᠢ᠋ ᠬᠠᠷᠠᠵᠤ ᠪᠠᠢᠲᠠᠯ᠎ᠠ ᠭᠦᠩᠵᠦ ᠢᠷᠡᠵᠦ ᠡᠢᠨ ᠬᠦ᠌ ᠬᠡᠯᠡᠵᠡᠢ᠃
《ᠴᠢ ᠡᠨᠡ ᠴᠠᠰᠤ ᠲᠠᠢ ᠠᠭᠤᠯᠠᠨ ᠳ᠋ᠤ᠌ ᠪᠢᠲᠡᠭᠡᠢ ᠭᠠᠷᠴᠤ ᠪᠠᠢᠭᠠᠷᠠᠢ᠂ ᠡᠨᠡ ᠠᠭᠤᠯᠠᠨ ᠴᠠᠭᠠᠨ᠎ᠠ ᠬᠥᠮᠦᠨ ᠦ᠌ ᠮᠢᠬ᠎ᠠ ᠢᠳᠡᠳᠡᠭ ᠮᠢᠬᠠᠴᠢᠨ ᠮᠠᠩᠭᠤᠰ ᠤ᠋ᠨ ᠬᠠᠭᠠᠨ ᠪᠠᠢᠳᠠᠭ ᠶᠤᠮ ᠠ᠋᠂ ᠮᠠᠨ ᠤ᠋ ᠬᠠᠭᠠᠨ ᠡᠴᠢᠭᠡ ᠲᠡᠭᠦᠨ ᠲᠡᠢ ᠪᠦᠬᠦᠯᠢ ᠪᠦᠲᠦᠨ ᠬᠥᠮᠦᠨ ᠢ᠋ᠶ᠋ᠡᠷ ᠮᠥᠷᠥᠢᠴᠡᠨ ᠰᠢᠳᠡᠷ᠎ᠡ ᠲᠣᠭᠯᠠᠭᠰᠠᠭᠠᠷ ᠪᠠᠷᠤᠭ ᠬᠥᠮᠦᠨ ᠠᠷᠠᠳ ᠢ᠋ᠶ᠋ᠠᠨ ᠳᠠᠭᠤᠰᠬᠠᠬᠤ ᠰᠢᠬᠠᠵᠤ ᠪᠠᠢᠨ᠎ᠠ 》᠃ 《ᠴᠢ ᠶᠠᠭᠤ ᠭᠡᠨ᠎ᠡ᠂ ᠬᠥᠮᠦᠨ ᠢ᠋ᠶ᠋ᠡᠷ ᠮᠥᠷᠥᠢ ᠲᠠᠯᠪᠢᠳᠠᠭ ᠭᠡᠪᠡ ᠤᠤ 》᠂ 《ᠲᠡᠢᠮᠦ ᠠ᠋᠂ ᠰᠢᠲᠠᠷ᠎ᠠ ᠲᠣᠭᠯᠠᠵᠤ ᠬᠡᠨ ᠬᠣᠵᠢᠭᠳᠠᠭᠰᠠᠨ ᠨᠢ ᠬᠥᠮᠦᠨ ᠢ᠋ᠶ᠋ᠡᠨ ᠥᠭᠳᠡᠭ 》᠃ 《ᠬᠦᠦ ᠶ᠋ᠢ ᠮᠠᠩᠭᠤᠰ ᠤ᠋ᠨ ᠬᠠᠭᠠᠨ ᠤ᠋ ᠮᠥᠷᠥᠢ ᠳ᠋ᠦ᠍ ᠥᠭᠭᠦᠭᠡᠷᠡᠢ 》 ᠭᠡᠵᠦ ᠬᠡᠯᠡᠭᠰᠡᠨ ᠤᠴᠢᠷ ᠢ᠋ ᠣᠳᠣ ᠯᠠ ᠬᠦᠦ ᠣᠢᠯᠠᠭᠠᠵᠤ ᠭᠡᠨ᠎ᠡ᠃ ᠬᠦᠦ ᠭᠦᠩᠵᠦ ᠳ᠋ᠦ᠍ ᠬᠠᠨᠳᠤᠨ᠄《ᠲᠠ ᠨᠠᠮ᠎ᠠ ᠶ᠋ᠢ ᠬᠠᠭᠠᠨᠲᠠᠨ ᠲᠠᠢ ᠪᠠᠨ ᠰᠢᠳᠡᠷ᠎ᠡ ᠲᠣᠭᠯᠠᠶ᠎ᠠ ᠭᠡᠵᠦ ᠪᠠᠢᠨ᠎ᠠ ᠭᠡᠵᠦ ᠬᠡᠯᠡᠵᠦ ᠥᠭᠭᠦᠭᠡᠴᠢ !》ᠭᠡᠵᠡᠢ᠃《ᠠᠪᠤ ᠲᠠᠨ ᠲᠠᠢ ᠲᠣᠭᠯᠠᠬᠤ ᠦᠭᠡᠢ ᠪᠠᠢᠬ᠎ᠠ ᠠ᠋᠂ ᠭᠡᠪᠡᠴᠦ ᠪᠢ ᠲᠠᠨ ᠤ᠋ ᠬᠡᠯᠡᠭᠰᠡᠨ ᠢ᠋ ᠬᠡᠯᠡᠭᠡᠳ ᠦᠵᠡᠶ᠎ᠡ !》ᠭᠡᠵᠡᠢ᠃
ᠲᠡᠭᠡᠭᠡᠳ ᠭᠦᠩᠵᠦ ᠠᠪᠤ ᠳ᠋ᠤ᠌ ᠪᠠᠨ ᠬᠡᠯᠡᠵᠦ ᠭᠡᠨ᠎ᠡ᠃ ᠡᠭᠦᠨ ᠢ᠋ ᠰᠣᠨᠣᠰᠤᠭᠰᠠᠨ ᠬᠠᠭᠠᠨ ᠶᠡᠬᠡᠳᠡ ᠠᠭᠤᠷᠯᠠᠵᠤ᠂ 《ᠡᠬᠢ ᠵᠠᠬ᠎ᠠ ᠪᠠᠨ ᠠᠯᠳᠠᠭᠰᠠᠨ ᠴᠠᠳᠢᠭ ᠦᠭᠡᠢ ᠠᠮᠢᠲᠠᠨ᠂ ᠲᠡᠭᠦᠨ ᠢ᠋ ᠴᠠᠭᠠᠵᠠᠯᠠ ! 》 ᠭᠡᠮᠡᠨ ᠲᠤᠰᠢᠶᠠᠬᠤ ᠳ᠋ᠤ᠌᠂ 《ᠲᠡᠷᠡ ᠬᠦᠦ ᠶ᠋ᠢ ᠴᠠᠭᠠᠵᠠᠯᠠᠬᠤ ᠳ᠋ᠤ᠌ ᠠᠮᠠᠷᠬᠠᠨ᠂ ᠬᠠᠷᠢᠨ ᠲᠠ ᠮᠠᠩᠭᠤᠰ ᠤ᠋ᠨ ᠬᠠᠭᠠᠨ ᠲᠠᠢ ᠰᠢᠳᠡᠷ᠎ᠡ ᠲᠠᠯᠪᠢᠵᠤ ᠬᠣᠵᠢᠭᠳᠠᠭᠠᠳ ᠡᠳᠦᠢ ᠲᠡᠳᠦᠢ ᠬᠥᠮᠦᠨ ᠢ᠋ᠶ᠋ᠡᠨ ᠠᠯᠳᠠᠭᠰᠠᠨ ᠮᠥᠷᠲᠡᠯ᠎ᠡ ᠪᠡᠨ ᠲᠡᠷᠡ ᠬᠥᠮᠦᠨ ᠲᠡᠢ ᠲᠣᠭᠯᠠᠭᠠᠳ ᠦᠵᠡᠬᠦ ᠳ᠋ᠦ᠍ ᠪᠣᠯᠬᠤ ᠦᠭᠡᠢ ᠨᠢ ᠶᠠᠭᠤ ᠪᠠᠢᠭ᠎ᠠ ᠶᠤᠮ ᠪᠣᠢ ? 》 ᠭᠡᠵᠡᠢ᠃ᠬᠠᠭᠠᠨ ᠪᠣᠳᠣᠵᠤ ᠰᠠᠭᠤᠭᠰᠠᠨ ᠢ᠋ᠶ᠋ᠠᠨ ᠥᠬᠢᠨ ᠳ᠋ᠦ᠍ ᠪᠡᠨ ᠬᠠᠨᠳᠤᠵᠤ᠄《ᠲᠡᠷᠡ ᠬᠦᠦ ᠶ᠋ᠢ ᠰᠢᠳᠡᠷ᠎ᠡ ᠮᠡᠳᠡᠳᠡᠭ ᠶᠦᠮ ᠪᠣᠯ ᠬᠦᠷᠦᠭᠡᠳ ᠢᠷ᠎ᠡ ᠭᠡᠵᠦ ᠬᠡᠯᠡ ! 》 ᠭᠡᠵᠡᠢ᠃
ᠢᠩᠭᠢᠭᠡᠳ ᠬᠠᠭᠠᠨ ᠬᠦᠦ ᠬᠣᠶᠠᠷ ᠰᠢᠳᠡᠷ᠎ᠡ ᠲᠣᠭᠯᠠᠵᠠᠢ᠃ ᠬᠦᠦ ᠬᠠᠭᠠᠨ ᠢ᠋ ᠬᠣᠵᠢᠵᠤ ᠭᠡᠨ᠎ᠡ᠃ ᠬᠠᠭᠠᠨ ᠳᠠᠬᠢᠭᠠᠳ ᠨᠢᠭᠡ ᠲᠣᠭᠯᠠᠶ᠎ᠠ ᠭᠡᠵᠦ ᠭᠡᠨ᠎ᠡ᠃ ᠬᠦᠦ ᠳᠠᠬᠢᠭᠠᠳ ᠯᠠ ᠬᠠᠭᠠᠨ ᠢ᠋ ᠬᠣᠵᠢᠵᠠᠢ᠃ ᠬᠠᠭᠠᠨ ᠬᠦᠦ ᠳ᠋ᠦ᠍ ᠬᠠᠨᠳᠤᠨ᠄ 《ᠵᠠ᠂ ᠬᠦᠦ ᠮᠢᠨᠢ᠂ ᠴᠢ ᠦᠨᠡᠬᠡᠷ ᠰᠠᠢᠨ ᠰᠢᠲᠠᠷᠠᠴᠢᠨ ᠶᠤᠮ ᠪᠠᠢᠨ᠎ᠠ᠂ ᠮᠠᠩᠭᠤᠰ ᠤ᠋ᠨ ᠬᠠᠭᠠᠨ ᠪᠢᠳᠡ ᠬᠣᠶᠠᠷ ᠭᠤᠷᠪᠠᠨ ᠵᠢᠯ ᠳᠠᠷᠠᠭᠠᠯᠠᠨ ᠰᠢᠲᠠᠷ᠎ᠠ ᠲᠣᠭᠯᠠᠨ᠂ ᠮᠠᠩᠭᠤᠰ ᠤ᠋ᠨ ᠬᠠᠭᠠᠨ ᠬᠣᠵᠢᠪᠠᠯ ᠨᠠᠳᠠ ᠠ᠋ᠴᠠ ᠬᠣᠵᠢᠯ ᠤ᠋ᠨ ᠲᠣᠭ᠎ᠠ ᠪᠠᠷ ᠨᠢᠭᠡ ᠬᠥᠮᠦᠨ ᠠᠪᠳᠠᠭ ᠶᠤᠮ᠂ ᠬᠠᠷᠢᠨ ᠪᠢ ᠬᠣᠵᠢᠪᠠᠯ ᠬᠣᠶᠠᠷ ᠭᠦᠷᠦᠨ ᠢ᠋ ᠨᠢᠭᠡᠳᠬᠡᠬᠦ ᠪᠡᠷ ᠮᠥᠷᠥᠢ ᠲᠠᠯᠪᠢᠭᠰᠠᠨ ᠪᠣᠯᠪᠠᠴᠤ ᠨᠢᠭᠡ ᠴᠦ᠍ ᠬᠣᠵᠢᠭᠰᠠᠨ ᠦᠭᠡᠢ ᠬᠠᠷᠢᠨ ᠠᠯᠪᠠᠲᠤ ᠢᠷᠭᠡᠳ ᠢ᠋ᠶ᠋ᠡᠨ ᠠᠯᠳᠠᠭᠰᠠᠭᠠᠷ ᠪᠠᠢᠭᠠᠳ ᠳᠠᠭᠤᠰᠬᠠᠬᠤ ᠭᠡᠵᠦ ᠪᠠᠢᠨ᠎ᠠ᠂ ᠵᠠ ᠬᠦᠦ ᠮᠢᠨᠢ ᠮᠠᠩᠭᠤᠰ ᠤ᠋ᠨ ᠬᠠᠭᠠᠨ ᠲᠠᠢ ᠰᠢᠲᠠᠷ᠎ᠠ ᠲᠠᠯᠪᠢᠵᠤ ᠦᠵᠡᠬᠦ ᠦᠭᠡᠢ ᠤᠤ?》 ᠭᠡᠵᠡᠢ᠃
《ᠬᠠᠭᠠᠨ ᠤ᠋ ᠵᠠᠷᠯᠢᠭ ᠶᠤᠮ ᠪᠠᠢᠨ᠎ᠠ᠂ ᠲᠠ ᠬᠠᠮᠲᠤ ᠪᠠᠢᠪᠠᠯ ᠪᠢ ᠲᠠᠯᠪᠢᠵᠤ ᠪᠣᠯᠬᠤ ᠯᠠ ᠶᠤᠮ ᠪᠠᠢᠨ᠎ᠠ 》 ᠭᠡᠵᠡᠢ᠃ 《ᠲᠡᠭᠡᠯᠭᠦᠢ ᠶᠠᠭᠠᠬᠢᠬᠤᠪ᠂ ᠪᠢ ᠬᠠᠮᠲᠤ ᠪᠠᠢᠨ᠎ᠠ᠂ ᠮᠠᠩᠭᠤᠰ ᠤ᠋ᠨ ᠬᠠᠭᠠᠨ ᠤ᠋ ᠳ᠋ᠤ᠌ ᠰᠥᠨᠢ ᠣᠴᠢᠳᠠᠭ ᠶᠤᠮ ᠳᠠ 》 ᠭᠡᠳ ᠰᠥᠨᠢ ᠪᠣᠯᠬᠤ ᠶ᠋ᠢ ᠬᠦᠯᠢᠶᠡᠵᠦ ᠭᠡᠨ᠎ᠡ᠃
《ᠵᠠ᠂ ᠬᠠᠭᠠᠨᠲᠠᠨ ᠨᠠᠳᠠ ᠲᠠᠢ ᠰᠢᠲᠠᠷ᠎ᠠ ᠨᠡᠭᠦᠬᠦ ᠪᠡᠷ ᠢᠷᠡᠪᠡ ᠤᠤ ? 》 ᠭᠡᠰᠡᠨ ᠳ᠋ᠦ᠍ ᠬᠠᠭᠠᠨ᠄ 《ᠪᠢ ᠭᠠᠭᠴᠠ ᠬᠦᠦ ᠲᠡᠢ ᠪᠡᠨ ᠲᠠᠨ ᠳ᠋ᠤ᠌ ᠪᠠᠷᠠᠭᠠᠯᠠᠬᠤ ᠭᠡᠵᠦ ᠢᠷᠡᠯ᠎ᠡ᠂ ᠲᠠ ᠮᠢᠨᠦ ᠬᠦᠦ ᠲᠡᠢ ᠰᠢᠲᠠᠷ᠎ᠠ ᠲᠣᠭᠯᠠᠭᠠᠳ ᠦᠵᠡᠬᠦ ᠦᠭᠡᠢ ᠤᠤ ? 》 ᠭᠡᠰᠡᠨ ᠳ᠋ᠦ᠍᠂ 《ᠴᠢᠳᠠᠳᠠᠭ ᠶᠤᠮ ᠪᠣᠯ ᠲᠣᠭᠯᠠᠵᠤ ᠪᠣᠯᠬᠤ ᠯᠠ ᠶᠤᠮ 》 ᠭᠡᠬᠦ ᠳ᠋ᠦ᠍᠂ ᠬᠠᠭᠠᠨ᠄ 《ᠮᠢᠨᠦ ᠬᠦᠦ ᠮᠠᠭᠤᠬᠠᠨ ᠲᠣᠭᠯᠠᠳᠠᠭ ᠶᠤᠮ ᠠ᠋ !》 ᠭᠡᠯᠡ᠃ ᠮᠠᠩᠭᠤᠰ ᠤ᠋ᠨ ᠬᠠᠭᠠᠨ ᠮᠡᠷ ᠮᠡᠷ ᠢᠨᠢᠶᠡᠭᠡᠳ᠂ 《ᠵᠠ᠂ ᠴᠢ ᠲᠡᠭᠡᠭᠡᠳ ᠨᠠᠳᠠ ᠲᠠᠢ ᠬᠡᠳᠦᠢ ᠬᠥᠮᠦᠨ ᠢ᠋ᠶ᠋ᠡᠷ ᠮᠥᠷᠥᠢᠴᠡᠬᠦ ᠭᠡᠳ ᠪᠠᠢᠭ᠎ᠠ ᠶᠤᠮ 》᠂ 《ᠬᠥᠮᠦᠨ ᠢ᠋ᠶ᠋ᠡᠷ ᠮᠥᠷᠥᠢᠴᠡᠬᠦ ᠦᠭᠡᠢ᠂ ᠬᠠᠭᠠᠨ ᠲᠠᠢ ᠲᠣᠯᠣᠭᠠᠢ ᠪᠠᠷ ᠢ᠋ᠶ᠋ᠠᠨ ᠮᠥᠷᠥᠢᠴᠡᠬᠦ ᠰᠠᠨᠠᠭ᠎ᠠ ᠪᠠᠢᠨ᠎ᠠ 》 ᠭᠡᠬᠦ ᠳ᠋ᠦ᠍᠂ 《ᠶᠠᠭᠤ ᠭᠡᠨ᠎ᠡ᠂ ᠲᠣᠯᠣᠭᠠᠢ ᠪᠠᠷ ᠮᠥᠷᠥᠢᠴᠡᠬᠦ ᠭᠡᠪᠡ ᠤᠤ ?》 ᠭᠡᠳ ᠬᠠᠷ᠎ᠠ ᠬᠢᠲᠤᠭ᠎ᠠ ᠪᠠᠨ ᠰᠤᠭᠤᠯᠤᠨ᠂ ᠬᠠᠭᠠᠨ ᠠᠪᠤ ᠳ᠋ᠤ᠌ ᠨᠢ ᠪᠠᠷᠢᠭᠤᠯᠵᠤ᠂ ᠬᠦᠷᠡᠩ ᠬᠢᠲᠤᠭ᠎ᠠ ᠪᠠᠨ ᠰᠤᠭᠤᠯᠤᠨ ᠬᠢᠶ᠎ᠡ ᠳ᠋ᠦ᠍ ᠪᠡᠨ ᠪᠠᠷᠢᠭᠤᠯᠤᠭᠠᠳ᠂ ᠨᠠᠮ᠎ᠠ ᠶ᠋ᠢ ᠬᠣᠵᠢᠭᠳᠠᠪᠠᠯ ᠬᠠᠭᠠᠨ ᠲᠠ ᠮᠢᠨᠦ ᠲᠣᠯᠣᠭᠠᠢ ᠶ᠋ᠢ ᠠᠪᠤᠭᠠᠷᠠᠢ᠂ ᠲᠠᠨ ᠤ᠋ ᠬᠦᠦ ᠬᠣᠵᠢᠭᠳᠠᠪᠠᠯ ᠴᠢ ᠲᠡᠭᠦᠨ ᠦ᠌ ᠲᠣᠯᠣᠭᠠᠢ ᠶ᠋ᠢ ᠠᠪᠤᠭᠠᠷᠠᠢ 》 ᠭᠡᠵᠦ ᠬᠢᠶ᠎ᠡ ᠳ᠋ᠦ᠍ ᠪᠡᠨ ᠬᠡᠯᠡᠵᠡᠢ᠃
ᠢᠩᠭᠢᠭᠡᠳ ᠰᠢᠳᠡᠷ᠎ᠡ ᠨᠡᠭᠦᠵᠦ ᠡᠬᠢᠯᠡᠵᠡᠢ᠃ ᠬᠡᠳᠦ ᠨᠡᠭᠦᠭᠡᠳ ᠮᠠᠩᠭᠤᠰ ᠤ᠋ᠨ ᠬᠠᠭᠠᠨ ᠬᠣᠵᠢᠭᠳᠠᠵᠤ ᠭᠡᠨ᠎ᠡ᠃ ᠢᠩᠭᠢᠭᠡᠳ ᠮᠠᠩᠭᠤᠰ ᠤ᠋ᠨ ᠬᠠᠭᠠᠨ ᠤ᠋ ᠲᠣᠯᠣᠭᠠᠢ ᠶ᠋ᠢ ᠠᠪᠴᠠᠢ᠃
ᠤᠬᠠᠭᠠᠨᠲᠤ ᠰᠢᠲᠠᠷᠠᠴᠢᠨ ᠬᠦᠦ ᠬᠠᠭᠠᠨ ᠤ᠋ ᠭᠦᠩᠵᠦ ᠲᠡᠢ ᠭᠡᠷᠯᠡᠵᠦ᠂ ᠬᠤᠷᠢᠮ ᠨᠠᠢᠷ ᠢ᠋ᠶ᠋ᠠᠨ ᠬᠢᠵᠦ᠂ ᠬᠣᠶᠠᠷ ᠭᠦᠷᠦᠨ ᠢ᠋ ᠨᠢᠭᠡᠳᠬᠡᠨ᠂ ᠬᠠᠭᠠᠨ ᠰᠢᠷᠡᠭᠡᠨ ᠳ᠋ᠦ᠍ ᠰᠠᠭᠤᠵᠤ ᠤᠯᠤᠰ ᠭᠦᠷᠦᠨ ᠠᠮᠤᠷ ᠲᠠᠢᠪᠤᠩ ᠳ᠋ᠤ᠌ ᠪᠠᠨ ᠵᠢᠷᠭᠠᠵᠤ ᠭᠡᠨ᠎ᠡ᠃
ᠬᠥᠮᠦᠨ ᠦ᠌ ᠰᠤᠷᠤᠭᠰᠠᠨ ᠡᠷᠳᠡᠮ ᠮᠡᠳᠡᠯᠭᠡ ᠥᠪᠡᠷ ᠲᠤ᠌ ᠪᠣᠯᠣᠳ ᠥᠷᠥᠭᠡᠯ ᠪᠤᠰᠤᠳ ᠲᠤ᠌ ᠦᠷᠭᠦᠯᠵᠢ ᠳ᠋ᠦ᠍ ᠪᠡᠨ ᠠᠴᠢ ᠲᠤᠰᠠ ᠪᠠᠨ ᠡᠷᠭᠦᠯ᠎ᠡ ᠭᠡᠰᠡᠨ ᠰᠠᠨᠠᠭ᠎ᠠ ᠶ᠋ᠢ ᠥᠭᠦᠯᠡᠭᠰᠡᠨ ᠦᠯᠢᠭᠡᠷ ᠢᠩᠭᠢᠵᠦ ᠲᠡᠭᠦᠰᠦᠯ᠎ᠡ᠃
