ᠵᠣᠪᠠᠯᠠᠩ ᠢ᠋ᠶ᠋ᠠᠨ ᠬᠦᠷᠲᠡᠯ᠎ᠡ ᠬᠠᠢᠷᠠᠯᠠ- ᠬ·ᠪᠠᠰᠠᠩᠰᠦ᠋ᠷᠦᠩЗовлоноо хүртэл хайрла-Х·Баасансүрэн
ᠬ·ᠪᠠᠰᠠᠩᠰᠦ᠋ᠷᠦᠩ
ᠠᠵᠠ ᠵᠢᠷᠭᠠᠯ ᠢ᠋ ᠬᠣᠭᠣᠯᠠ ᠭᠡᠵᠦ ᠲᠥᠰᠦᠭᠡᠯᠡᠪᠡᠯ ᠵᠣᠪᠠᠯᠠᠩ ᠳᠠᠪᠤᠰᠤ ᠨᠢ ᠶᠦᠮ᠃ ᠬᠡᠴᠢᠨᠡᠭᠡᠨ ᠰᠠᠢᠬᠠᠨ ᠬᠣᠭᠣᠯᠠ ᠴᠤ᠌ ᠳᠠᠪᠤᠰᠤ ᠦᠭᠡᠢ ᠪᠣᠯ ᠠᠮᠲᠠ ᠦᠭᠡᠢ ᠰᠤᠯᠠᠭᠤᠪᠦᠷ ᠪᠠᠢᠳᠠᠭ ᠰᠢᠭ᠋ ᠵᠣᠪᠠᠯᠠᠩ ᠦᠭᠡᠢ ᠪᠣᠯ ᠵᠢᠷᠭᠠᠯ ᠤ᠋ᠨ ᠠᠮᠲᠠ ᠶ᠋ᠢ ᠴᠦ᠍ ᠪᠠᠰᠠ ᠪᠢᠳᠡ ᠪᠦᠷᠢᠨ ᠭᠦᠢᠴᠡᠳ ᠮᠡᠳᠡᠷᠡᠵᠦ ᠴᠢᠳᠠᠬᠤ ᠦᠭᠡᠢ ᠶᠦᠮ᠃
ᠵᠣᠪᠠᠯᠠᠩ ᠲᠠᠢ ᠬᠠᠷᠢᠴᠠᠭᠤᠯᠵᠤ ᠪᠠᠢᠵᠤ ᠯᠠ ᠪᠢᠳᠡ ᠵᠢᠷᠭᠠᠯ ᠤ᠋ᠨ ᠦᠨ᠎ᠡ ᠴᠠᠨ᠎ᠠ ᠶ᠋ᠢ ᠢᠯᠡᠭᠦᠦ ᠲᠣᠳᠣ ᠮᠡᠳᠡᠷᠡᠳᠡᠭ᠂ ᠵᠣᠪᠠᠯᠠᠩ ᠪᠣᠯ ᠴᠢᠨᠦ ᠠᠵᠠ ᠵᠢᠷᠭᠠᠯ ᠤ᠋ᠨ ᠣᠷᠣᠰᠢᠯ ᠬᠡᠰᠡᠭ᠂ ᠥᠯᠥᠰᠦᠭᠰᠡᠨ ᠦ᠌ ᠳᠠᠷᠠᠭ᠎ᠠ ᠢᠳᠡᠬᠦ ᠶᠠᠮᠠᠷ ᠠᠮᠲᠠ ᠲᠠᠢ ᠪᠠᠢᠳᠠᠭ ᠢ᠋᠂ ᠡᠪᠡᠳᠦᠭᠰᠡᠨ ᠦ᠌ ᠳᠠᠷᠠᠭ᠎ᠠ ᠡᠳᠡᠭᠡᠷᠡᠬᠦ ᠶᠠᠮᠠᠷ ᠠᠮᠤᠭᠤᠯᠠᠩ ᠪᠠᠢᠳᠠᠭ ᠢ᠋᠂ ᠬᠡᠷᠡᠭᠦᠯ ᠦ᠋ᠨ ᠳᠠᠷᠠᠭᠠᠬᠢ ᠡᠪᠯᠡᠷᠡᠯ ᠶᠠᠮᠠᠷ ᠭᠦᠨᠵᠡᠭᠡᠢ ᠪᠠᠢᠳᠠᠭ ᠢ᠋᠂ ᠵᠣᠪᠠᠭᠰᠠᠨ ᠤ᠋ ᠳᠠᠷᠠᠭᠠᠬᠢ ᠵᠢᠷᠭᠠᠯ ᠶᠠᠮᠠᠷ ᠰᠠᠢᠬᠠᠨ ᠪᠠᠢᠳᠠᠭ ᠢ᠋ ᠲᠠ ᠮᠡᠳᠡᠨ᠎ᠡ ᠰᠢᠦ ᠳᠡ᠃ ᠡᠨᠡ ᠪᠦᠭᠦᠳᠡ ᠵᠣᠪᠠᠯᠠᠩ ᠤ᠋ᠨ ᠯᠠ ᠠᠴᠢ᠂ ᠵᠣᠪᠠᠵᠤ ᠦᠵᠡᠭᠰᠡᠨ ᠬᠥᠮᠦᠨ ᠯᠡ ᠵᠣᠪᠠᠵᠤ ᠪᠠᠢᠭ᠎ᠠ ᠬᠥᠮᠦᠨ ᠢ᠋ᠶ᠋ᠡᠨ ᠢᠯᠡᠭᠦᠦ ᠣᠢᠯᠠᠭᠠᠳᠠᠭ᠂ ᠵᠣᠪᠠᠵᠤ ᠦᠵᠡᠭᠰᠡᠨ ᠬᠥᠮᠦᠨ ᠯᠡ ᠵᠣᠪᠠᠯᠠᠩ ᠢ᠋ ᠳᠠᠪᠠᠨ ᠲᠤᠭᠤᠯᠬᠤ ᠳᠠᠷᠬᠠᠯᠠᠭ᠎ᠠ ᠲᠠᠢ ᠪᠣᠯᠳᠠᠭ᠂ ᠵᠣᠪᠠᠯᠠᠩ ᠲᠠᠨ ᠢ᠋ ᠬᠤᠷᠴᠠᠯᠠᠵᠤ᠂ ᠵᠣᠪᠠᠯᠠᠩ ᠲᠠᠨ ᠢ᠋ ᠪᠠᠰᠠ ᠰᠤᠷᠭᠠᠵᠤ ᠪᠠᠢᠳᠠᠭ᠂ ᠲᠡᠭᠡᠪᠡᠯ ᠡᠨᠳᠡ ᠬᠡᠯᠡᠭᠡᠳ ᠪᠠᠢᠭ᠎ᠠ ᠵᠣᠪᠠᠯᠠᠩ ᠢ᠋ᠶ᠋ᠠᠨ ᠬᠦᠷᠲᠡᠯ᠎ᠡ ᠬᠠᠢᠷᠠᠯᠠ ᠭᠡᠳᠡᠭ ᠨᠢ ᠵᠣᠪᠠᠯᠠᠩ ᠢ᠋ ᠬᠦᠰᠡᠮᠵᠢᠯᠡ ᠭᠡᠰᠡᠨ ᠦᠭᠡ ᠣᠭᠲᠣ ᠪᠢᠰᠢ ᠶᠦᠮ᠂ ᠮᠡᠳᠡᠭᠡᠵᠢ ᠵᠣᠪᠠᠯᠠᠩ ᠢ᠋ ᠬᠦᠰᠡᠳᠡᠭ ᠬᠥᠮᠦᠨ ᠭᠡᠵᠦ ᠬᠠᠮᠢᠭ᠎ᠠ ᠪᠠᠢᠬᠤᠪ᠂ ᠠᠯᠢ ᠪᠣᠯᠬᠤ ᠵᠢᠷᠭᠠᠯ ᠤᠷᠤᠭᠤ ᠲᠡᠮᠡᠦᠯᠬᠦ ᠨᠢ ᠵᠥᠪ᠂ ᠭᠡᠪᠡᠴᠦ ᠶᠠᠭᠠᠬᠢᠯᠲᠠ ᠴᠦ᠍ ᠦᠭᠡᠢ ᠵᠣᠪᠠᠯᠠᠩ ᠲᠣᠬᠢᠶᠠᠯᠳᠤᠪᠠᠯ ᠲᠡᠭᠦᠨ ᠢ᠋ ᠲᠠ ᠬᠠᠷᠢᠨ ᠪᠦᠦ ᠠᠳᠠ ᠦᠵᠡ᠂ ᠥᠩᠭᠡᠷᠡᠭᠰᠡᠨ ᠪᠦᠷᠬᠦᠭ ᠠᠮᠢᠳᠤᠷᠠᠯ ᠤ᠋ᠨ ᠢ᠋ᠶ᠋ᠠᠨ ᠪᠤᠷᠤᠭᠤ ᠶ᠋ᠢ ᠪᠤᠰᠤᠳ ᠤᠷᠤᠭᠤ ᠪᠦᠦ ᠲᠤᠯᠭ᠎ᠠ᠂ ᠲᠡᠭᠦᠨ ᠢ᠋ᠶ᠋ᠡᠷ ᠪᠠᠰᠠ ᠥᠪᠡᠷ ᠢ᠋ ᠪᠡᠨ ᠪᠦᠦ ᠳᠠᠷᠤᠮᠲᠠᠯᠠ᠂ ᠴᠢᠨᠦ ᠯᠡ ᠭᠢᠰᠬᠢᠭᠰᠡᠨ ᠵᠠᠮ ᠮᠥᠷ ᠴᠢᠨᠦ ᠯᠡ ᠰᠣᠩᠭᠣᠭᠰᠠᠨ ᠠᠮᠢᠳᠤᠷᠠᠯ᠂ ᠴᠢᠨᠦ ᠯᠡ ᠭᠠᠷᠭᠠᠭᠰᠠᠨ ᠰᠢᠢᠳᠪᠦᠷᠡᠢ᠂ ᠲᠡᠢᠮᠦ ᠠ᠋
ᠠᠯᠳᠠᠭ᠎ᠠ ᠨᠢ ᠴᠦ᠍ ᠴᠢᠨᠦᠬᠢ᠂ ᠤᠨᠤᠭ᠎ᠠ ᠨᠢ ᠴᠦ᠍ ᠴᠢᠨᠦᠬᠢ᠂ ᠲᠡᠢᠮᠦ ᠡᠴᠡ ᠵᠣᠪᠠᠯᠠᠩ ᠢ᠋ ᠪᠦᠦ ᠭᠠᠳᠠᠭᠤᠷᠬᠠᠨ ᠱᠣᠭᠣᠪᠲᠣᠷᠯᠠ ᠵᠢᠷᠭᠠᠯ ᠢ᠋ ᠲᠡᠪᠡᠷᠢᠭᠰᠡᠨ ᠡᠩᠭᠡᠷ ᠲᠤ ᠪᠡᠨ ᠵᠣᠪᠠᠯᠠᠩ ᠢ᠋ ᠴᠦ᠍ ᠪᠠᠰᠠ ᠪᠠᠭᠲᠠᠭᠠᠬᠤ ᠬᠡᠷᠡᠭᠲᠡᠢ ᠪᠠᠢᠬᠤ ᠨᠢ ᠠ᠋᠃
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
ᠬᠢᠨᠠᠭᠴᠢ ᠪᠠᠭᠰᠢ᠄ ᠢᠷᠡᠭᠡᠳᠦᠢ
