ᠪᠤᠷᠬᠠᠨ ᠬᠠᠯᠳᠤᠨ ᠭᠡᠭᠴᠢ ᠦᠭᠡ ᠶ᠋ᠢᠨ ᠲᠠᠢᠯᠪᠤᠷᠢ- ᠪ᠂ ᠷᠢᠨᠴᠢᠨБурхан халдун гэгч үгийн тайлбар-Б,Ринчен ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠬᠠᠯᠳᠤᠨ ᠭᠡᠭᠴᠢ ᠦᠭᠡ ᠶ᠋ᠢᠨ ᠲᠠᠢᠯᠪᠤᠷᠢ- ᠪ᠂ ᠷᠢᠨᠴᠢᠨБурхан халдун гэгч үгийн тайлбар-Б,Ринчен

ᠪᠤᠷᠬᠠᠨ ᠬᠠᠯᠳᠤᠨ ᠭᠡᠭᠴᠢ ᠦᠭᠡ ᠶ᠋ᠢᠨ ᠲᠠᠢᠯᠪᠤᠷᠢ- ᠪ᠂ ᠷᠢᠨᠴᠢᠨБурхан халдун гэгч үгийн тайлбар-Б,Ринчен

2023-11-14

1067

ᠪᠤᠷᠬᠠᠨ ᠬᠠᠯᠳᠤᠨ ᠭᠡᠭᠴᠢ ᠦᠭᠡ ᠶ᠋ᠢᠨ ᠲᠠᠢᠯᠪᠤᠷᠢ

                          ᠪ᠂ ᠷᠢᠨᠴᠢᠨ
      ᠮᠣᠩᠭᠣᠯ ᠤ᠋ᠨ ᠨᠢᠭᠤᠴᠠ ᠲᠣᠪᠴᠢᠶᠠᠨ᠂ᠠᠯᠲᠠᠨ ᠲᠣᠪᠴᠢ᠂ ᠰᠠᠭᠠᠩ ᠰᠡᠴᠡᠨ ᠦ᠌ ᠡᠷᠳᠡᠨᠢ ᠶ᠋ᠢᠨ ᠲᠣᠪᠴᠢ ᠭᠡᠬᠦ ᠵᠡᠷᠭᠡ ᠶ᠋ᠢᠨ ᠮᠣᠩᠭᠣᠯ ᠤ᠋ᠨ ᠡᠷᠲᠡᠨ ᠦ᠌ ᠰᠤᠳᠤᠷ ᠲᠡᠦᠬᠡ ᠶ᠋ᠢ ᠦᠵᠡᠪᠡᠯ᠂ ᠴᠥᠮ ᠳ᠋ᠦ᠍ᠨᠢ ᠪᠤᠷᠬᠠᠨ ᠬᠠᠯᠳᠤᠨ ᠭᠡᠳᠡᠭ ᠨᠡᠷᠡᠲᠦ ᠠᠭᠤᠯᠠ ᠭᠠᠷᠳᠠᠭ᠃ ᠡᠨᠡ ᠠᠭᠤᠯᠠ ᠶ᠋ᠢ ᠡᠳᠦᠭᠡ ᠶ᠋ᠢᠨ ᠬᠡᠨᠲᠡᠢ ᠬᠠᠨ ᠤ᠋ ᠠᠭᠤᠯᠠᠰ ᠲᠤ ᠪᠣᠢ ᠭᠡᠳᠡᠭ ᠪᠣᠯᠪᠠᠴᠤ᠂ ᠴᠣᠬᠣᠮ ᠪᠤᠷᠬᠠᠨ ᠬᠠᠯᠳᠤᠨ ᠬᠡᠮᠡᠭᠰᠡᠨ ᠦᠭᠡ ᠶᠠᠭᠤ ᠪᠣᠢ ᠭᠡᠭᠴᠢ ᠶ᠋ᠢᠨ ᠲᠠᠢᠯᠪᠤᠷᠢ ᠪᠠᠢᠳᠠᠭ ᠦᠭᠡᠢ᠃ ᠬᠠᠭᠤᠴᠢᠨ ᠰᠢᠨ᠎ᠡ ᠮᠣᠩᠭᠣᠯ ᠲᠣᠯᠢ ᠪᠢᠴᠢᠭ ᠦ᠋ᠨ ᠵᠦᠢᠯ ᠢ᠋ ᠰᠢᠭᠦᠷᠡᠨ ᠡᠷᠢᠪᠡᠴᠦ᠂ ᠮᠣᠩᠭᠣᠯ ᠤ᠋ᠨ ᠲᠡᠦᠬᠡ᠂ ᠬᠡᠯᠡ ᠪᠢᠴᠢᠭ ᠢ᠋ ᠰᠢᠨᠵᠢᠯᠡᠭᠰᠡᠨ ᠡᠷᠳᠡᠮᠲᠡᠨ ᠦ᠌ ᠵᠣᠬᠢᠶᠠᠯ ᠢ᠋ ᠡᠷᠢᠪᠡᠴᠦ᠂ ᠪᠤᠷᠬᠠᠨ ᠬᠡᠮᠡᠬᠦ ᠦᠭᠡᠨ ᠦ᠌ ᠲᠠᠢᠯᠪᠤᠷᠢ ᠪᠠᠢᠬᠤ ᠠ᠋ᠴᠠ ᠪᠢᠰᠢ᠂ ᠬᠠᠯᠳᠤᠨ ᠭᠡᠭᠴᠢ ᠶᠠᠭᠤ ᠬᠡᠮᠡᠭᠰᠡᠨ ᠦᠭᠡ ᠪᠣᠯᠬᠤ ᠶ᠋ᠢᠨ ᠲᠠᠢᠯᠪᠤᠷᠢ ᠣᠭᠲᠣ ᠪᠠᠢᠳᠠᠭ ᠦᠭᠡᠢ᠃ ᠡᠨᠡ ᠪᠣᠯ ᠪᠠᠰᠠ᠂ ᠮᠣᠩᠭᠣᠯ ᠬᠡᠯᠡ ᠪᠢᠴᠢᠭ ᠢ᠋ ᠪᠢᠳᠡ ᠲᠡᠳᠦᠢᠯᠡ ᠨᠡᠪᠲᠡᠷᠬᠡᠢ᠂ ᠭᠦᠢᠴᠡᠳ ᠰᠢᠨᠵᠢᠯᠡᠵᠦ ᠴᠢᠳᠠᠭᠠᠳᠤᠢ᠂ ᠮᠣᠩᠭᠣᠯ ᠤ᠋ᠨ ᠣᠯᠠᠨ ᠠᠶᠠᠯᠭᠤᠨ ᠤ᠋ ᠪᠠᠢᠳᠠᠯ ᠢ᠋ ᠪᠢᠳᠡᠨ ᠦ᠌ ᠮᠡᠳᠡᠭᠰᠡᠨ ᠰᠤᠳᠤᠯᠤᠭᠰᠠᠨ ᠵᠦᠢᠯ ᠨᠢᠮᠭᠡᠨ ᠰᠢᠭ ᠪᠠᠢᠬᠤ ᠶ᠋ᠢᠨ ᠪᠠᠷᠢᠮᠲᠠ ᠪᠢᠵᠡ᠃ ᠭᠡᠲᠡᠯ᠎ᠡ ᠡᠨᠡᠬᠦ ᠬᠠᠯᠳᠤᠨ ᠭᠡᠳᠡᠭ ᠦᠭᠡ ᠪᠣᠯ᠂ ᠳᠤᠮᠳᠠᠳᠤ ᠡᠷᠲᠡᠨ ᠦ᠌ ᠦᠶ᠎ᠡ ᠶ᠋ᠢᠨ ᠮᠣᠩᠭᠣᠯ ᠤ᠋ᠨ ᠬᠡᠯᠡ ᠠᠶᠠᠯᠭᠤᠨ ᠤ᠋ ᠪᠠᠢᠳᠠᠯ ᠠ᠋ᠴᠠ ᠬᠠᠭᠤᠴᠢᠨ ᠤ᠋ ᠵᠦᠢᠯ ᠢ᠋ ᠦᠯᠡᠮᠵᠢᠬᠡᠨ ᠢ᠋ᠶ᠋ᠡᠷ ᠬᠠᠳᠠᠭᠠᠯᠠᠭᠰᠠᠨ ᠮᠣᠩᠭᠣᠯ ᠤ᠋ᠨ ᠨᠢᠭᠡᠨ ᠠᠶᠠᠯᠭᠤᠨ ᠳ᠋ᠤ᠌ ᠡᠳᠦᠭᠡ ᠪᠣᠯᠲᠠᠯ᠎ᠠ ᠬᠡᠷᠡᠭᠯᠡᠭᠳᠡᠭᠰᠡᠭᠡᠷ ᠢᠷᠡᠵᠡᠢ᠃
      ᠲᠤᠬᠠᠢᠯᠠᠪᠠᠰᠤ ᠬᠢᠩᠭᠠᠨ ᠤ᠋ ᠵᠤᠵᠠᠭᠠᠨ ᠣᠢ ᠬᠥᠪᠴᠢ ᠪᠡᠷ ᠠᠩ ᠬᠦᠷᠦᠭᠡ ᠬᠢᠵᠦ ᠶᠠᠪᠤᠳᠠᠭ ᠪᠣᠳᠬᠠᠨ ᠲᠠᠭᠠᠢ ᠭᠡᠳᠡᠭ ᠮᠣᠩᠭᠣᠯ ᠤ᠋ᠨ ᠨᠢᠭᠡᠨ ᠠᠢᠮᠠᠭ ᠤ᠋ᠨ ᠠᠶᠠᠯᠭᠤᠨ᠎ᠠ ᠡᠨᠡ ᠦᠭᠡ ᠪᠣᠢ᠃ ᠲᠡᠳᠡ ᠲᠥᠯᠥᠪ ᠪᠥᠬᠡ ᠶ᠋ᠢᠨ ᠮᠥᠷᠭᠥᠯ ᠡᠳᠦᠭᠡ ᠬᠦᠷᠲᠡᠯ᠎ᠡ ᠬᠠᠳᠠᠭᠠᠯᠠᠭᠰᠠᠭᠠᠷ ᠢᠷᠡᠭᠰᠡᠨ᠂ ᠠᠩ ᠢ᠋ᠶ᠋ᠠᠷ ᠠᠮᠢᠳᠤᠷᠠᠭᠴᠢ ᠣᠢ ᠶ᠋ᠢᠨ ᠢᠷᠭᠡᠨ ᠪᠥᠭᠡᠳ ᠤᠳᠠ ᠮᠣᠳᠣᠨ ᠤ᠋ ᠨᠠᠮ ᠨᠢᠭᠡᠨ ᠵᠦᠢᠯ ᠪᠤᠷᠭᠠᠰᠤ ᠶ᠋ᠢ ᠬᠠᠯᠳᠤᠨ ᠬᠡᠮᠡᠮᠦᠢ᠃ ᠲᠡᠳᠡ ᠥᠭᠦᠯᠡᠬᠦ ᠢᠨᠦ᠂ ᠡᠨᠡᠬᠦ ᠬᠠᠯᠳᠤᠨ ᠭᠡᠭᠴᠢ ᠮᠣᠳᠣ᠂ ᠪᠤᠰᠤᠳ ᠤᠳᠠ ᠮᠣᠳᠣᠨ ᠤ᠋ ᠵᠦᠢᠯ ᠢ᠋ ᠪᠣᠳᠣᠪᠠᠰᠤ ᠪᠠᠬᠠᠨ ᠥᠨᠳᠥᠷᠯᠢᠭ ᠭᠠᠵᠠᠷ ᠤᠷᠭᠤᠬᠤ ᠳᠤᠷᠠᠲᠠᠢ ᠮᠣᠳᠣ ᠬᠡᠮᠡᠮᠦᠢ᠃ ᠪᠣᠳᠬᠠᠨ ᠬᠥᠮᠦᠨ᠂ ᠡᠨᠡ ᠮᠣᠳᠣ ᠪᠠᠷ ᠡᠷᠲᠡᠨ ᠡᠴᠡ ᠢᠨᠠᠭᠰᠢ ᠣᠩᠭᠣᠳ ᠤ᠋ᠨ ᠬᠥᠷᠥᠭ ᠢ᠋ ᠳᠦᠷᠰᠦᠯᠡᠨ ᠬᠢᠭᠰᠡᠭᠡᠷ ᠢᠷᠡᠵᠡᠢ᠃
      ᠴᠢᠩᠭᠢᠭᠡᠳ ᠵᠠᠷᠢᠮ ᠨᠢᠭᠡᠨ ᠬᠥᠭᠰᠢᠨ ᠬᠠᠯᠳᠤᠨ ᠮᠣᠳᠣ ᠶ᠋ᠢ ᠬᠠᠳᠠᠭ ᠰᠠᠮᠪᠠᠢ ᠵᠡᠭᠦᠵᠦ ᠣᠩᠭᠣᠨ ᠮᠣᠳᠣ ᠪᠣᠯᠭᠠᠨ ᠳᠠᠬᠢᠳᠠᠭ ᠢ᠋ ᠪᠤᠷᠬᠠᠨ ᠬᠠᠯᠳᠤᠨ ᠬᠡᠮᠡᠮᠦᠢ᠃ ᠡᠭᠦᠨ ᠢ᠋ᠶ᠋ᠡᠷ ᠪᠣᠳᠣᠬᠤᠯ᠎ᠠ᠂ ᠴᠢᠩᠭᠢᠰ ᠦ᠋ᠨ ᠡᠷᠬᠢᠮᠯᠡᠨ ᠳᠠᠬᠢᠵᠤ ᠪᠠᠢᠭᠰᠠᠨ ᠪᠤᠷᠬᠠᠨ ᠬᠠᠯᠳᠤᠨ ᠠᠭᠤᠯᠠ ᠬᠡᠮᠡᠭᠴᠢ ᠲᠡᠷᠡ ᠡᠷᠲᠡᠨ ᠦ᠌ ᠦᠶᠡᠰ᠂ ᠡᠷᠬᠡ ᠦᠭᠡᠢ ᠲᠡᠢᠮᠦ ᠨᠢᠭᠡᠨ ᠣᠩᠭᠣᠨ ᠲᠠᠬᠢᠯᠭ᠎ᠠ ᠲᠠᠢ ᠬᠠᠯᠳᠤᠨ ᠮᠣᠳᠣ ᠪᠠᠢᠭᠰᠠᠨ ᠢ᠋ᠶ᠋ᠠᠷ ᠪᠤᠷᠬᠠᠨ ᠬᠠᠯᠳᠤᠨ ᠭᠡᠵᠦ ᠪᠠᠢᠭᠰᠠᠨ ᠪᠣᠯᠤᠨ᠎ᠠ᠃

ᠢᠷᠡᠯᠲᠡ᠄《 ᠮᠣᠩᠭᠣᠯ ᠠᠮᠢᠳᠤᠷᠠᠯ》 ᠲᠠᠪᠴᠠᠩ

   ᠦᠰᠦᠭ ᠠᠮᠢᠯᠠᠭᠤᠯᠤᠭᠴᠢ᠄ ᠵ᠂ ᠪᠤᠶᠠᠨᠲᠣᠭᠲᠠᠬᠤ
   ᠬᠢᠨᠠᠭᠴᠢ ᠪᠠᠭᠰᠢ᠄ ᠤᠳᠬᠠᠨᠰᠤ᠎ᠠ