ᠮᠡᠳᠡᠷᠡᠯ ᠦᠨ ᠰᠠᠭᠠᠲᠠᠯ – ᠬ᠌᠊ ᠂ ᠽᠠᠨᠳᠠᠷᠠᠪᠠᠢᠳᠢ Мэдрэлийн саатал – Г᠂ Зандарбайдий
ᠮᠡᠳᠡᠷᠡᠯ ᠦᠨ ᠰᠠᠭᠠᠲᠠᠯ
ᠭ᠌᠊· ᠽᠠᠨᠳᠠᠷᠠᠪᠠᠢᠳᠢ
( ᠬᠣᠱᠣᠩ ᠥᠭᠦᠯᠡᠯᠭᠡ)
ᠬᠡᠦᠬᠡᠳ ᠢᠶᠡᠨ ᠴᠡᠴᠡᠷᠯᠢᠭ ᠲᠤ ᠬᠦᠷᠭᠡᠵᠦ ᠶᠠᠪᠤᠲᠠᠯ᠎ᠠ ᠪᠠᠷᠠᠭᠤᠨ ᠭᠠᠷ ᠲᠠᠯ᠎ᠠ ᠶ᠋ᠢᠨ ᠪᠠᠢᠰᠢᠩ ᠤ᠋ᠨ ᠳᠡᠷᠭᠡᠳᠡᠬᠢ ᠠᠷᠪᠠᠨ ᠨᠢᠭᠡᠨ ᠤᠯᠢᠶᠠᠰᠤ ᠨᠠᠪᠴᠢ ᠪᠠᠨ ᠳᠡᠯᠭᠡᠭᠡᠳ ᠦᠵᠰᠬᠦᠯᠡᠩᠲᠡᠢᠶᠡ ᠬᠠᠷᠠᠭᠳᠠᠪᠠ᠃ ᠡᠳᠡᠭᠡᠷ ᠤᠯᠢᠶᠠᠰᠤ ᠶ᠋ᠢ ᠡᠨᠳᠡ ᠠᠵᠢᠯᠯᠠᠳᠠᠭ ᠳ᠋ᠠᠰᠢ ᠭᠡᠵᠦ ᠮᠠᠨ ᠤ᠋ ᠠᠩᠭᠢ ᠶ᠋ᠢᠨ ᠨᠢᠭᠡ ᠨᠥᠬᠥᠷ ᠠᠷᠠᠴᠢᠯᠠᠵᠤ ᠤᠷᠭᠤᠭᠤᠯᠤᠭᠰᠠᠨ ᠪᠣᠯᠬᠣᠷ ᠨᠢ ᠪᠢ ᠲᠡᠳᠡᠭᠡᠷ ᠮᠣᠳᠣ ᠶ᠋ᠢ ᠰᠣᠨᠢᠷᠬᠠᠳᠠᠭ ᠶᠤᠮ᠃ ᠳᠠᠰᠢ ᠶ᠋ᠢ ᠡᠷᠲᠡ ᠠᠵᠢᠯ ᠳ᠋ᠠᠭᠠᠨ ᠢᠷᠡᠴᠢᠬᠡᠭᠡᠳ ᠮᠣᠳᠣ ᠪᠠᠨ ᠤᠰᠤᠯᠠᠵᠤ ᠲᠣᠷᠳᠣᠵᠤ ᠶᠠᠪᠤᠬᠤ ᠳ᠋ᠤᠨᠢ ᠪᠢ ᠮᠡᠨᠳᠦᠯᠡᠵᠦ ᠭᠠᠷ ᠡᠷᠭᠦᠭᠡᠳ ᠥᠩᠭᠡᠷᠡᠳᠡᠭ ᠶᠦᠮ᠃《 ᠡᠨᠡ ᠥᠷᠯᠥᠭᠡ ᠮᠠᠨᠢ ᠡᠷ᠎ᠡ ᠠᠯᠠᠭ᠎ᠠ》 ᠭᠡᠵᠦ ᠪᠣᠳᠣᠮᠠᠭᠯᠠᠨ ᠶᠠᠪᠤᠵᠤ ᠪᠠᠢᠲᠠᠯ᠎ᠠ ᠵᠡᠭᠦᠨ ᠭᠠᠷ ᠲᠠᠯ᠎ᠠ ᠶ᠋ᠢᠨ ᠪᠠᠢᠰᠢᠩ ᠤ᠋ᠨ ᠭᠠᠳᠠᠭ᠎ᠠ ᠨᠢᠭᠡ ᠬᠥᠮᠦᠨ ᠳᠠᠭᠤᠳᠠᠵᠤ ᠳᠠᠯᠠᠯᠵᠤ ᠪᠠᠢᠨ᠎ᠠ᠃ ᠳᠥᠭᠥᠨ ᠣᠴᠢᠪᠠᠯ ᠮᠥᠨ ᠮᠠᠨ ᠤ᠋ ᠠᠩᠭᠢ ᠶ᠋ᠢᠨ ᠳᠠᠸᠠ ᠤᠷᠲᠤ ᠲᠦᠷᠡᠢ ᠲᠡᠢ ᠠᠵᠢᠯ ᠤ᠋ᠨ ᠭᠤᠲᠤᠯ ᠡᠮᠦᠰᠦᠭᠡᠳ ᠬᠦᠷᠵᠡ ᠳᠥᠷᠥᠭᠡᠯᠡᠨ ᠵᠣᠭᠰᠣᠵᠤ ᠪᠠᠢᠨ᠎ᠠ᠂ ᠣᠢᠷ᠎ᠠ ᠳ᠋ᠤ᠌ ᠠᠭᠤᠯᠵᠠᠭ᠎ᠠ ᠦᠭᠡᠢ ᠤᠴᠢᠷ ᠰᠣᠨᠢᠨ ᠰᠠᠨᠠᠭᠳᠠᠪᠠ᠃ ᠲᠡᠷᠡ ᠪᠡᠷ ᠮᠥᠴᠢᠷ ᠨᠢ ᠳᠣᠬᠢᠢᠴᠢᠬᠠᠭᠰᠠᠨ ᠨᠢᠭᠡ ᠭᠠᠴᠤᠷ᠎ᠠ ᠶ᠋ᠢᠨ ᠦᠨᠳᠦᠰᠦ ᠤᠷᠤᠭᠤ ᠬᠦᠷᠵᠡ ᠪᠡᠷ ᠯᠠᠪᠬᠠᠨ ᠭᠢᠰᠬᠢᠭᠰᠡᠨ ᠢ᠋ᠶ᠋ᠡᠨ ᠪᠣᠯᠢᠭᠠᠳ ᠨᠠᠮ᠎ᠠ ᠶ᠋ᠢ ᠤᠭᠲᠤᠨ ᠢᠷᠡᠪᠡ᠃ ᠮᠠᠨ ᠤ᠋ ᠬᠥᠮᠦᠨ ᠰᠢᠮᠡᠯᠳᠡᠭ ᠦ᠋ᠨ ᠪᠤᠬ᠎ᠠ ᠰᠢᠭ᠋ ᠭᠣᠯᠴᠣᠢᠵᠤ ᠲᠠᠷᠭᠤᠯᠠᠭᠠᠳ ᠶᠡᠬᠡ ᠪᠠᠭᠤᠷᠢ ᠰᠠᠭᠤᠷᠢ ᠲᠠᠢ ᠪᠣᠯᠤᠭᠰᠠᠨ ᠬᠠᠷᠠᠭᠳᠠᠨ᠎ᠠ᠃ ᠡᠨᠳᠡᠬᠢ ᠶ᠋ᠢᠨ ᠣᠷᠣᠯᠠᠭᠴᠢ ᠳᠠᠷᠤᠭ᠎ᠠ ᠪᠠᠷ ᠬᠡᠳᠦᠨ ᠵᠢᠯ ᠠᠵᠢᠯᠯᠠᠵᠤ ᠪᠠᠢᠭ᠎ᠠ ᠭᠡᠨ᠎ᠡ᠃ 《 ᠨᠢᠭᠡ ᠬᠣᠲᠠ ᠳ᠋ᠤ᠌ ᠪᠠᠢᠭ᠎ᠠ ᠮᠥᠷᠳᠡᠯ᠎ᠡ ᠪᠡᠨ ᠳᠠᠭᠠᠷᠢᠯᠳᠤᠬᠤ ᠦᠭᠡᠢ ᠪᠠᠢᠨ᠎ᠠ ᠰᠢᠦ》 ᠭᠡᠵᠦ ᠪᠢ ᠬᠡᠯᠡᠪᠡ᠃《 ᠵᠠᠪ ᠵᠠᠢ ᠮᠠᠭᠤ》 ᠭᠡᠵᠦ ᠳᠠᠸᠠ ᠬᠡᠯᠡᠵᠦ ᠪᠠᠢᠨ᠎ᠠ᠃《 ᠠᠯᠪᠠᠨ ᠭᠠᠵᠠᠷ ᠤ᠋ᠨ ᠳᠠᠷᠤᠭ᠎ᠠ ᠬᠥᠮᠦᠨ ᠬᠢᠷᠢ ᠪᠢᠵᠡ ᠳᠡ》 ᠨᠠᠳᠠ ᠳ᠋ᠤ᠌ ᠪᠣᠳᠣᠭᠳᠠᠪᠠ᠃ ᠠᠩᠭᠢ ᠶ᠋ᠢᠨ ᠨᠠᠢᠵᠠ ᠮᠠᠨᠢ ᠨᠢᠭᠡ ᠯᠡ ᠨᠠᠯᠠᠢᠭᠰᠠᠨ᠂ ᠠᠢᠪᠤᠩ ᠲᠠᠢᠪᠤᠩ ᠶᠠᠭᠤᠮ᠎ᠠ ᠰᠢᠭ᠋ ᠪᠣᠯᠴᠢᠬᠠᠵᠠᠢ᠃ ᠤᠭ ᠨᠢ ᠣᠶᠤᠲᠠᠨ ᠪᠠᠢᠬᠤ ᠳ᠋ᠠᠭᠠᠨ ᠬᠠᠶᠢ ᠬᠥᠶᠢ ᠠᠯᠢ ᠲᠠ ᠨᠠᠷ ᠶᠠᠭᠤ ᠤᠩᠰᠢᠴᠢᠬᠠᠪᠠ᠂ ᠰᠢᠨ᠎ᠡ ᠨᠣᠮ ᠬᠠᠮᠢᠭ᠎ᠠ ᠠ᠋ᠴᠠ ᠣᠯᠪᠠ᠂ ᠦᠭᠭᠦᠭᠡᠷᠡᠢ ᠨᠠᠭᠠᠨ᠎ᠠ ᠴᠠᠭᠠᠨ᠎ᠠ ᠭᠡᠰᠡᠨ ᠭᠢᠯᠪᠠᠯᠵᠠᠭᠤᠯᠤᠭᠰᠠᠨ ᠵᠠᠯᠠᠭᠤ ᠪᠠᠢᠳᠠᠭ ᠰᠠᠨ ᠭᠡᠵᠦ ᠪᠣᠳᠣᠭᠳᠠᠨ᠎ᠠ᠃ ᠪᠢᠳᠡᠨ ᠦ᠌ ᠳᠡᠷᠭᠡᠳᠡ ᠨᠢᠭᠡ ᠡᠪᠦᠭᠡᠵᠢᠶᠡᠷ ᠬᠥᠮᠦᠨ ᠶᠡᠬᠡ ᠲᠡᠢ ᠲᠡᠪᠳᠡᠩᠭᠦᠢ ᠬᠦᠷᠴᠦ ᠢᠷᠡᠭᠡᠳ《 ᠳᠠᠷᠤᠭ᠎ᠠ ᠠ᠋ ᠤᠨᠤᠭ᠎ᠠ ᠰᠠᠭᠠᠳᠠᠭᠠᠳ ᠪᠢ ᠬᠣᠵᠢᠭᠳᠠᠴᠢᠬᠠᠯᠠ》 ᠭᠡᠪᠡ᠃ ᠳᠠᠷᠤᠭ᠎ᠠ《 ᠨᠡᠭᠡᠷᠡᠨ ᠯᠡ ᠲᠡᠢᠮᠦ ᠶᠦᠮ ᠪᠣᠯ ᠣᠳᠣ ᠶᠠᠭᠠᠬᠢᠬᠤᠪ》 ᠭᠡᠰᠡᠨ ᠢ᠋ᠶ᠋ᠡᠨ《 ᠴᠠᠭᠠᠳᠤᠭᠤᠯᠠ ᠴᠢᠨᠢ ᠢᠷᠡᠭᠡ ᠦᠭᠡᠢ ᠯᠡ ᠪᠠᠢᠨ᠎ᠠ》 ᠭᠡᠪᠡ᠃
— ᠬᠠᠪᠤᠷ ᠪᠣᠯᠵᠤ ᠵᠠᠩᠰᠢᠯᠲᠤ ᠰᠦᠪᠪᠦᠲ᠋ᠨᠢᠺ ᠢ᠋ᠶ᠋ᠡᠨ ᠡᠬᠢᠯᠡᠵᠦ ᠪᠠᠢᠨ᠎ᠠ ᠤᠤ ᠳᠠ ᠭᠡᠵᠦ ᠰᠠᠭᠤᠯ᠎ᠠ᠃ ᠳᠠᠸᠠ ᠬᠠᠴᠢᠨ ᠦᠷᠴᠢᠢᠵᠦ ᠢᠷᠪᠠᠢᠭᠰᠠᠨ ᠢ᠋ᠶ᠋ᠠᠨ᠄
— ᠠ ᠲᠡᠢᠮᠦ᠁ ᠵᠣᠪᠠᠯᠠᠩ ᠲᠠᠢ ᠶᠤᠮ ᠭᠡᠳ ᠬᠤᠪᠬᠠᠢᠷᠠᠭᠰᠠᠨ ᠭᠠᠴᠤᠷ᠎ᠠ ᠤᠷᠤᠭᠤ ᠬᠥᠯ ᠢ᠋ᠶ᠋ᠡᠷ ᠢ᠋ᠶ᠋ᠡᠨ ᠵᠢᠭᠠᠵᠤ᠄
— ᠡᠨᠡ ᠬᠡᠳᠦ ᠶ᠋ᠢ ᠤᠷᠭᠤᠭᠤᠯᠬᠤ ᠭᠡᠵᠦ ᠵᠢᠯ ᠪᠣᠯᠭᠠᠨ ᠯᠠ ᠰᠣᠯᠢᠳᠠᠭ ᠶᠤᠮ ᠭᠡᠪᠡ᠃ ᠪᠢ ᠵᠡᠷᠭᠡᠯᠡᠳᠡᠭᠡ ᠪᠠᠢᠰᠢᠩ ᠢ᠋ ᠵᠢᠭᠠᠵᠤ《 ᠲᠡᠳᠡᠨ ᠦ᠌ ᠮᠣᠳᠣ ᠶᠠᠮᠠᠷ ᠰᠦᠷᠡᠬᠡᠢ ᠤᠷᠭᠤᠵᠤ ᠪᠠᠢᠨ᠎ᠠ》 ᠭᠡᠰᠡᠨ ᠳ᠋ᠦ᠍ ᠮᠠᠨᠢ ᠬᠥᠮᠦᠨ ᠳᠤᠷ᠎ᠠ ᠦᠭᠡᠢᠴᠡᠭᠰᠡᠨ ᠪᠠᠢᠷᠢ ᠲᠠᠢ ᠪᠠᠷᠠᠭᠤᠨ ᠬᠥᠯ ᠢ᠋ᠶ᠋ᠡᠷ ᠭᠢᠰᠬᠢᠨ ᠵᠣᠭᠰᠣᠵᠤ ᠪᠠᠢᠭᠰᠠᠨ ᠬᠦᠷᠵᠡᠨ ᠦ᠌ ᠪᠡᠨ ᠡᠰᠢ ᠶ᠋ᠢ ᠲᠠᠯᠪᠢᠵᠤ ᠭᠠᠵᠠᠷ ᠤᠨᠠᠭᠠᠭᠠᠳ《 ᠨᠢᠭᠡ ᠳᠣᠣᠷ᠎ᠠ ᠪᠠᠢᠵᠤ ᠡᠳᠡᠨ ᠦ᠌ ᠬᠢ ᠰᠢᠭ ᠶᠠᠭᠠᠬᠢᠭᠠᠳ ᠮᠣᠳᠣ ᠪᠠᠨ ᠤᠷᠭᠤᠭᠤᠯᠬᠤ ᠦᠭᠡᠢ ᠪᠠᠢᠨ᠎ᠠ ᠭᠡᠵᠦ ᠷᠠᠶᠣᠨ( ᠲᠡᠭᠦᠷᠭᠡ) ᠶ᠋ᠢᠨ ᠬᠢᠨ ᠵᠠᠩᠨᠠᠵᠤ ᠯᠠ ᠪᠠᠢᠳᠠᠭ ᠶᠤᠮ᠂ ᠮᠠᠨ ᠤ᠋ ᠬᠠᠷ᠎ᠠ ᠳ᠋ᠠᠰᠢ ᠁》 ᠭᠡᠰᠡᠨ ᠢ᠋ᠶ᠋ᠡᠨ ᠰᠢᠯᠦᠰᠦ ᠪᠡᠨ ᠵᠠᠯᠭᠢᠭᠠᠳ《 ᠲᠡᠷᠡ ᠯᠠ ᠠᠷᠠᠴᠢᠯᠠᠳᠠᠭ ᠶᠤᠮ ᠭᠡᠰᠡᠨ᠂ ᠲᠡᠢᠮᠦ ᠯᠡ ᠰᠦᠷᠡᠬᠡᠢ ᠠᠮᠢᠲᠠᠨ ᠪᠣᠯᠤᠭᠰᠠᠨ ᠶᠤᠮ ᠪᠠᠢᠬ᠎ᠠ ᠳᠠ᠂ ᠴᠢ ᠪᠢᠳᠡ ᠴᠤ᠌ ᠮᠡᠳᠡᠨ᠎ᠡ ᠳᠠ᠂ ᠲᠡᠢᠮᠦ ᠠ᠋ ᠪᠠᠨᠳᠢᠶᠠ》 ᠭᠡᠳ ᠮᠥᠷᠥ ᠪᠡᠨ ᠬᠠᠪᠴᠢᠪᠠ᠃ ᠡᠨᠡ ᠦᠶ᠎ᠡ ᠳ᠋ᠦ᠍ ᠬᠣᠶᠠᠷ ᠡᠮᠡᠭᠲᠡᠢ ᠬᠦᠷᠵᠡ᠂ ᠰᠢᠭᠤᠳᠠᠢ ᠪᠠᠷᠢᠨ ᠬᠦᠷᠴᠦ ᠢᠷᠡᠪᠡ᠃ ᠳᠠᠸᠠ ᠲᠡᠳᠡᠨ ᠢ᠋ ᠬᠠᠷᠠᠭᠠᠳ《 ᠮᠠᠨ ᠤ᠋ ᠬᠢᠨ ᠢᠷᠡᠵᠦ ᠪᠠᠢᠨ᠎ᠠ᠂ ᠥᠨᠥᠳᠥᠷ ᠡᠨᠡ ᠬᠡᠳᠦᠨ ᠶᠠᠭᠤᠮ᠎ᠠ ᠶ᠋ᠢ ᠱᠣᠪᠣᠢᠯᠭᠠᠨᠠ᠂ ᠲᠡᠭᠡᠬᠦ ᠦᠭᠡᠢ ᠶᠦᠮ ᠪᠣᠯ ᠪᠠᠰᠠ ᠨᠢᠭᠡ ᠨᠢ ᠢᠷᠡᠵᠦ ᠣᠮᠣᠭᠳᠠᠨᠠ》 ᠭᠡᠰᠡᠨ ᠢ᠋ᠶ᠋ᠡᠨ ᠮᠢᠨᠦ ᠮᠥᠷᠦᠨ ᠳᠡᠭᠡᠭᠦᠷ ᠠᠯᠤᠰ ᠬᠠᠷᠠᠵᠤ᠂ ᠭᠠᠷ ᠢ᠋ᠶ᠋ᠠᠨ ᠬᠡᠢ ᠵᠠᠩᠭᠠᠨ ᠬᠥᠶᠢ! ᠮᠠᠰᠢᠨ ᠠ᠋ᠴᠠ ᠬᠣᠯᠠᠳᠠ ᠭᠡᠵᠦ ᠬᠠᠰᠬᠢᠷᠪᠠ᠃ ᠲᠡᠭᠡᠬᠦᠯᠡᠷ ᠨᠢ ᠮᠠᠨ ᠤ᠋ ᠥᠬᠢᠨ ᠰᠠᠭᠤᠳᠠᠯ ᠤ᠋ᠨ ᠬᠠᠷ᠎ᠠ ᠮᠠᠰᠢᠨ ᠤ᠋ ᠬᠢᠨᠢ ᠬᠠᠵᠠᠭᠤ ᠳ᠋ᠤ᠌ ᠣᠴᠢᠭᠠᠳ ᠳᠦᠷᠰᠦ ᠪᠡᠨ ᠬᠠᠷᠠᠵᠤ ᠬᠣᠯᠠᠳᠠᠵᠤ ᠣᠢᠷᠠᠳᠴᠤ ᠪᠠᠢᠭ᠎ᠠ ᠬᠠᠷᠠᠭᠳᠠᠪᠠ᠃ ᠪᠢ ᠥᠬᠢᠨ ᠢ᠋ᠶ᠋ᠡᠨ ᠳᠠᠭᠤᠳᠠᠪᠠ᠂ ᠲᠡᠷᠡ ᠭᠦᠶᠦᠵᠦ ᠢᠷᠡᠪᠡ᠃ ᠳᠠᠸᠠ ᠢᠨᠢᠶᠡᠮᠰᠦᠭᠯᠡᠵᠦ ᠮᠠᠨ ᠤ᠋ ᠥᠬᠢᠨ ᠦ᠌ ᠲᠣᠯᠣᠭᠠᠢ ᠶ᠋ᠢ ᠢᠯᠪᠢᠵᠦ ᠦᠬᠦᠭᠡᠷᠲᠦᠭᠡᠳ《 ᠮᠢᠨᠦ ᠳᠡᠭᠦᠦ ᠠᠬ᠎ᠠ ᠶ᠋ᠢᠨ ᠢ᠋ᠶ᠋ᠡᠨ ᠮᠠᠰᠢᠨ ᠳ᠋ᠤ᠌ ᠪᠢᠲᠡᠭᠡᠢ ᠭᠠᠷ ᠭᠥᠷᠥᠭᠡᠷᠡᠢ᠂ ᠬᠤᠷᠤᠭᠤᠨ ᠤ᠋ ᠬᠡ ᠭᠠᠷᠴᠢᠬᠠᠳᠠᠭ ᠶᠤᠮ》 ᠭᠡᠪᠡ᠃
— ᠬᠤᠷᠤᠭᠤᠨ ᠤ᠋ ᠬᠡ ᠭᠠᠷᠪᠠᠯ ᠶᠠᠭᠠᠬᠢᠳᠠᠭ ᠶᠤᠮ ᠪᠣᠢ ᠠᠬ᠎ᠠ ᠠ᠋ ᠭᠡᠵᠦ ᠥᠬᠢᠨ ᠠᠰᠠᠭᠤᠪᠠ᠃
— ᠣᠭᠲᠣ ᠠᠷᠢᠯᠳᠠᠭ ᠦᠭᠡᠢ ᠶᠦᠮ ᠭᠡᠵᠦ ᠳᠠᠸᠠ ᠲᠣᠪᠴᠢ ᠬᠠᠷᠢᠭᠤᠯᠪᠠ᠃
ᠬᠥᠮᠦᠨ ᠦ᠌ ᠶᠠᠭᠤᠮ᠎ᠠ ᠣᠷᠣᠯᠳᠣᠯ᠎ᠠ ᠳᠡᠮᠡᠢ ᠶᠠᠭᠤᠮ᠎ᠠ ᠠᠰᠠᠭᠤᠯ᠎ᠠ ᠭᠡᠵᠦ ᠪᠢ ᠥᠬᠢᠨ ᠢ᠋ᠶ᠋ᠡᠨ ᠵᠢᠮᠯᠡᠪᠡ᠃ ᠳᠠᠸᠠ ᠮᠠᠨ ᠤ᠋ ᠥᠬᠢᠨ ᠢ᠋ ᠥᠮᠥᠭᠡᠷᠡᠵᠦ《 ᠬᠡᠦᠬᠡᠳ ᠵᠠᠩᠨᠠᠵᠤ ᠶᠠᠭᠠᠬᠢᠬᠤ ᠶᠤᠮ᠂ ᠡᠪᠡᠢ ᠡᠪᠡᠢ》 ᠭᠡᠵᠦ ᠬᠠᠯᠠᠭᠠᠰᠤ ᠪᠠᠨ ᠲᠡᠮᠲᠡᠷᠢᠨ ᠶᠠᠮᠠᠷ ᠨᠢᠭᠡᠨ ᠶᠠᠭᠤᠮ᠎ᠠ ᠡᠷᠢᠭᠰᠡᠨ ᠢᠶᠡᠨ《 ᠵᠣᠪᠠᠯᠠᠩ ᠲᠠᠢ ᠶᠤᠮ᠂ ᠱᠠᠯ ᠵᠠᠯᠭᠠᠬᠤ ᠲᠠᠢ》 ᠭᠡᠪᠡ᠃ ᠪᠢ ᠭᠠᠢᠬᠠᠵᠤ《 ᠶᠠᠭᠤ ᠪᠣᠯᠪᠠ》 ᠭᠡᠵᠦ ᠠᠰᠠᠭᠤᠪᠠ᠃ ᠳᠠᠸᠠ《 ᠮᠣᠳᠣ ᠲᠠᠷᠢᠬᠤ》 ᠭᠡᠰᠡᠨ ᠢ᠋ᠶ᠋ᠡᠨ《 ᠤᠷᠭᠤᠭᠤᠯᠵᠤ ᠴᠢᠳᠠᠳᠠᠭ ᠨᠢ ᠠᠭᠤᠯᠠ ᠣᠪᠣᠭ᠎ᠠ ᠰᠢᠭ᠋ ᠤᠷᠭᠤᠭᠤᠯᠤᠨ᠎ᠠ ᠯᠠ ᠪᠢᠵᠡ᠃ ᠮᠠᠨ ᠤ᠋ ᠡᠨᠡ ᠬᠡᠳᠦᠨ ᠬᠤᠪᠠᠬᠠᠢ ᠶ᠋ᠢ ᠬᠠᠷᠠᠭᠠᠴᠢ᠂ ᠤᠷᠵᠢᠨᠤᠨ ᠤᠯᠢᠶᠠᠰᠤ᠂ ᠨᠢᠳᠤᠨᠤᠨ ᠭᠠᠴᠤᠷ᠎ᠠ ᠲᠠᠷᠢᠭᠰᠠᠨ ᠪᠠᠢᠳᠠᠭ ᠦᠭᠡᠢ᠃ ᠡᠨᠡ ᠵᠢᠯ ᠳᠠᠬᠢᠭᠠᠳ ᠤᠯᠢᠶᠠᠰᠤ᠂ ᠬᠣᠢᠲᠤᠨ ᠬᠤᠰᠤ ᠲᠠᠷᠢᠪᠠᠯ ᠶᠠᠭᠠᠬᠢᠬᠤ ᠪᠣᠯ?》 ᠭᠡᠳ ᠨᠠᠳᠠ ᠠ᠋ᠴᠠ ᠬᠠᠷᠢᠭᠤ ᠬᠦᠰᠡᠬᠦ ᠮᠡᠲᠦ ᠲᠣᠮᠣ ᠨᠢᠳᠦ ᠪᠡᠷ ᠢ᠋ᠶ᠋ᠡᠨ ᠰᠢᠷᠲᠡᠪᠡ᠃ ᠳᠡᠮᠡᠢ ᠯᠡ ᠲᠡᠭᠦᠨ ᠢ᠋ ᠲᠠᠢᠳᠬᠤᠷᠠᠭᠤᠯᠬᠤ ᠰᠠᠨᠠᠭ᠎ᠠ ᠲᠠᠢ《 ᠦᠨᠡᠨ ᠳ᠋ᠡᠭᠡᠨ ᠪᠢᠳᠡ ᠴᠤ᠌ ᠮᠣᠳᠣ ᠵᠦᠯᠭᠡ ᠲᠠᠷᠢᠬᠤ ᠳᠤᠷᠠᠲᠠᠢ ᠪᠣᠯᠤᠭᠠᠳ ᠲᠠᠷᠢᠵᠤ ᠰᠠᠭᠤᠯ᠎ᠠ᠃ ᠬᠠᠷᠢᠨ ᠤᠷᠭᠤᠭᠤᠯᠵᠤ ᠰᠤᠷᠤᠭ᠎ᠠ ᠦᠭᠡᠢ ᠶᠦᠮ ᠳᠡ》 ᠭᠡᠯᠡ᠃ ᠳᠠᠸᠠ ᠢᠯᠡᠭᠦᠦ ᠦᠭᠡᠨ ᠳ᠋ᠦ᠍ ᠳᠤᠷᠠᠲᠠᠢ ᠬᠣᠪᠴᠢ ᠡᠮ᠎ᠡ ᠰᠢᠭ ᠨᠢᠳᠦ ᠪᠡᠨ ᠲᠣᠮᠣ ᠳᠡᠭᠡᠷ᠎ᠡ ᠲᠣᠮᠣ ᠪᠣᠯᠤᠭᠠᠳ《 ᠶᠠᠭᠠᠬᠢᠨ᠎ᠠ ᠭᠡᠨ᠎ᠡ ᠬᠥᠶᠢ᠂ ᠨᠡᠭᠡᠷᠡᠨ ᠰᠢᠦ᠂ ᠲᠠᠷᠢᠵᠤ ᠰᠤᠷᠤᠯ᠎ᠠ᠂ ᠤᠷᠭᠤᠭᠤᠯᠵᠤ ᠰᠤᠷᠤᠭ᠎ᠠ ᠦᠭᠡᠢ ᠭᠡᠨ᠎ᠡ᠂ ᠶᠠᠭ ᠯᠠ ᠦᠨᠡᠨ ᠳᠡ》 ᠭᠡᠳ ᠳᠡᠰ ᠳᠡᠰ ᠭᠡᠲᠡᠯ᠎ᠡ ᠬᠥᠬᠦᠷᠡᠭᠰᠡᠨ ᠢ᠋ᠶ᠋ᠡᠨ ᠮᠢᠨᠦ ᠮᠦᠷᠦᠨ ᠳᠡᠭᠡᠷ᠎ᠡ ᠭᠠᠷ ᠢ᠋ᠶ᠋ᠠᠨ ᠲᠠᠯᠪᠢᠵᠤ《 ᠴᠢ ᠡᠭᠦᠨ ᠢ᠋ ᠪᠡᠨ ᠶᠠᠮᠠᠷ ᠨᠢᠭᠡᠨ ᠶᠠᠭᠤᠮᠠᠨ ᠳ᠋ᠤ᠌ ᠪᠢᠴᠢᠨ᠎ᠡ ᠰᠢᠦ᠂ ᠪᠢ ᠬᠠᠷᠠᠭᠠᠳ ᠯᠠ ᠪᠠᠢᠨ᠎ᠠ》 ᠭᠡᠪᠡ᠃ ᠲᠡᠭᠡᠭᠰᠡᠨ ᠢ᠋ᠶ᠋ᠡᠨ ᠳᠠᠸᠠ ᠨᠠᠮ᠎ᠠ ᠶ᠋ᠢ ᠬᠥᠲᠥᠯᠵᠦ ᠨᠢᠭᠡᠨᠲᠡ ᠵᠢᠯᠢᠢᠭᠴᠢ ᠪᠣᠯᠤᠭᠰᠠᠨ ᠲᠠᠪᠤᠨ ᠭᠠᠴᠤᠷ᠎ᠠ ᠶ᠋ᠢᠨ ᠢ᠋ᠶ᠋ᠡᠨ ᠳᠡᠷᠭᠡᠳᠡ ᠠᠪᠴᠢᠷᠠᠪᠠ᠃ ᠦᠨᠳᠦᠰᠦ ᠶ᠋ᠢ ᠨᠢ ᠳᠠᠮᠫᠤᠤ( ᠰᠢᠭᠤᠳᠠᠢ) ᠪᠠᠷ ᠣᠷᠢᠶᠠᠭᠰᠠᠨ ᠬᠡᠳᠦᠨ ᠤᠯᠢᠶᠠᠰᠤ ᠳᠡᠷᠭᠡᠳᠡ ᠨᠢ ᠬᠡᠪᠲᠡᠵᠦ ᠪᠠᠢᠨ᠎ᠠ᠃ ᠳᠠᠸᠠ ᠭᠠᠴᠤᠷ᠎ᠠ ᠶ᠋ᠢ ᠵᠢᠭᠠᠵᠤ《 ᠡᠨᠳᠡ ᠶᠠᠭᠤ ᠴᠤ᠌ ᠲᠠᠷᠢᠭᠠᠳ ᠨᠡᠮᠡᠷᠢ ᠦᠭᠡᠢ᠂ ᠭᠡᠬᠦ ᠳ᠋ᠡᠭᠡᠨ ᠬᠡᠯᠡ ᠠᠮᠠᠨ ᠤ᠋ ᠨᠡᠮᠡᠷᠢ ᠬᠠᠷ᠎ᠠ ᠰᠢᠷᠣᠢ ᠢᠷᠡᠬᠦ ᠳ᠋ᠦ᠍ ᠥᠨᠥᠳᠥᠷ ᠡᠨᠡ ᠬᠡᠳᠦ ᠶ᠋ᠢ ᠰᠠᠭᠤᠯᠭᠠᠬᠤ ᠠ᠋ᠴᠠ》 ᠭᠡᠪᠡ᠃ ᠲᠡᠭᠡᠲᠡᠯ᠎ᠡ ᠲᠡᠭᠦᠨ ᠦ᠌ ᠬᠦᠰᠡᠭᠰᠡᠨ ᠠᠴᠢᠶᠠᠨ ᠤ᠋ ᠲᠡᠷᠭᠡ ᠬᠦᠷᠴᠦ ᠢᠷᠡᠪᠡ᠃ ᠳᠠᠸᠠ ᠬᠠᠯᠠᠭᠠᠰᠤ ᠪᠠᠨ ᠲᠡᠮᠲᠡᠴᠢᠨ ᠰᠠᠨᠳᠤᠷᠴᠤ᠄
《 ᠬᠠᠷ᠎ᠠ ᠰᠢᠷᠣᠢ ᠢᠷᠡᠯ᠎ᠡ᠂ ᠠᠯᠢ ᠪᠢ ᠶᠠᠪᠤᠶ᠎ᠠ᠂ ᠨᠥᠭᠦᠭᠡ ᠮᠠᠭᠤ ᠲᠡᠷᠭᠡ ᠪᠡᠨ ᠬᠣᠯᠠᠳᠠᠭᠤᠯᠤᠶᠠ᠃ ᠡᠨᠡ ᠴᠢᠨᠢ ᠰᠠᠯᠬᠢᠨ ᠳᠡᠭᠡᠷ᠎ᠡ ᠨᠢ ᠮᠠᠭᠠᠵᠢᠨᠳᠠᠭᠠᠳ ᠥᠭᠭᠦᠨ᠎ᠡ》 ᠭᠡᠵᠦ ᠬᠡᠯᠡᠭᠡᠳ ᠤᠬᠤᠰᠬᠢᠵᠦ ᠬᠡᠳᠦ ᠠᠯᠬᠤᠭᠰᠠᠨ ᠢ᠋ᠶ᠋ᠠᠨ ᠡᠷᠭᠢᠵᠦ ᠬᠠᠷᠠᠭᠠᠳ《 ᠠᠭᠤᠴᠢᠯᠠᠭᠠᠷᠠᠢ ᠪᠠᠨᠳᠢᠶᠠ᠂ ᠳᠠᠷᠠᠭ᠎ᠠ ᠲᠣᠬᠢᠲᠠᠢ ᠬᠠᠭᠤᠴᠢ ᠬᠥᠭᠡᠷᠥᠶᠡ》 ᠭᠡᠪᠡ᠃ ᠬᠡᠦᠬᠡᠳ ᠬᠦᠷᠭᠡᠬᠦ ᠴᠠᠭ ᠴᠤ᠌ ᠪᠣᠯᠴᠢᠬᠠᠵᠤ᠂ ᠲᠡᠢᠨ ᠶᠠᠪᠤᠬᠤ ᠳ᠋ᠠᠭᠠᠨ ᠪᠢ《 ᠡᠨᠡ ᠳᠠᠸᠠ ᠴᠢᠨᠢ ᠣᠶᠤᠲᠠᠨ ᠪᠠᠢᠬᠤ ᠳ᠋ᠠᠭᠠᠨ ᠶᠠᠮᠠᠷ ᠬᠥᠮᠦᠨ ᠪᠠᠢᠯ᠎ᠠ》 ᠭᠡᠵᠦ ᠪᠣᠳᠣᠪᠠ᠃
᠁ ᠪᠢᠳᠡ ᠬᠠᠪᠤᠷ ᠤ᠋ᠨ ᠰᠢᠯᠭᠠᠯᠲᠠ ᠳ᠋ᠤ᠌ ᠪᠡᠯᠡᠳᠬᠡᠵᠦ ᠪᠠᠢᠯ᠎ᠠ᠃ ᠰᠥᠨᠢ ᠳᠦᠯᠢ ᠪᠣᠯᠲᠠᠯ᠎ᠠ ᠰᠠᠭᠤᠵᠠᠭᠠᠵᠤ ᠬᠡᠨ ᠤᠩᠰᠢᠵᠤ ᠪᠠᠢᠭ᠎ᠠ᠂ ᠬᠡᠨ ᠤᠨᠲᠠᠵᠤ ᠪᠠᠢᠭ᠎ᠠ ᠶ᠋ᠢ ᠴᠣᠩᠬᠣᠨ ᠤ᠋ ᠬᠢᠨᠢ ᠭᠡᠷᠡᠯ ᠢ᠋ᠶ᠋ᠡᠷ ᠲᠠᠭᠠᠮᠠᠭᠯᠠᠳᠠᠭ ᠪᠠᠢᠵᠤ ᠪᠢᠯᠡ᠃ ᠮᠠᠷᠭᠠᠰᠢ ᠰᠢᠯᠭᠠᠯᠲᠠ ᠪᠣᠯᠬᠤ ᠭᠡᠵᠦ ᠪᠠᠢᠬᠤ ᠳ᠋ᠤ᠌ ᠶᠠᠭᠠᠬᠢᠭᠠᠳ ᠴᠤ᠌ ᠶᠤᠮ ᠪᠢ ᠬᠠᠮᠫᠠ ① ᠨᠤᠭᠤᠳ ᠢ᠋ᠶ᠋ᠠᠷ ᠭᠡᠰᠦᠮᠡᠷ ᠰᠠᠨᠠᠭᠳᠠᠯ᠎ᠠ᠃ ᠵᠡᠷᠭᠡᠯᠡᠳᠡᠭᠡ ᠪᠠᠢᠰᠢᠩ ᠳ᠋ᠤ᠌ ᠠᠩᠭᠢ ᠶ᠋ᠢᠨ ᠢ᠋ᠶ᠋ᠡᠨ ᠬᠡᠨ ᠬᠡᠳᠦᠳᠦᠭᠡᠷ ᠴᠣᠩᠬᠣᠨ ᠳ᠋ᠤ᠌ ᠪᠠᠢᠳᠠᠭ ᠢ᠋ ᠲᠣᠭᠠᠯᠠᠵᠤ ᠪᠠᠢᠲᠠᠯ᠎ᠠ ᠳ᠋ᠠᠰᠢ ᠶ᠋ᠢᠨ ᠴᠣᠩᠬᠣ ᠲᠣᠳᠣ ᠭᠡᠷᠡᠯ ᠲᠡᠢ ᠬᠠᠷᠠᠭᠳᠠᠪᠠ᠃ ᠰᠣᠨᠢᠨ ᠰᠠᠨᠠᠭᠳᠠᠪᠠ᠃ ᠮᠠᠨ ᠤ᠋ ᠡᠷ᠎ᠡ ᠡᠳᠦᠢ ᠳ᠋ᠦ᠍ ᠭᠠᠳᠠᠭᠤᠷ ᠯᠠ ᠲᠡᠨᠦᠵᠦ ᠶᠠᠪᠤᠳᠠᠭ ᠰᠠᠨ ᠶᠠᠭᠤᠨ ᠪᠤᠵᠠᠭᠠᠢ ᠶᠠᠭᠤᠮ᠎ᠠ ᠪᠣᠯᠪᠠ ᠭᠡᠵᠦ ᠪᠣᠳᠣᠭᠳᠠᠨ ᠬᠦᠷᠴᠦ ᠣᠴᠢᠪᠠ᠃ ᠳ᠋ᠠᠰᠢ ᠬᠥᠯ ᠠᠴᠢᠴᠢᠬᠠᠭᠰᠠᠨ ᠠᠳᠠᠭᠠᠷ ᠰᠢᠷᠲᠡᠭᠡᠳ ᠪᠣᠳᠣᠯᠭᠠᠰᠢᠷᠠᠵᠤ ᠬᠡᠪᠲᠡᠨ᠎ᠡ᠃《 ᠡᠷᠬᠢᠮ ᠪᠢᠰᠢᠯᠭᠠᠵᠤ ᠯᠠ ᠪᠠᠢᠨ᠎ᠠ ᠤᠤ》 ᠭᠡᠵᠦ ᠬᠠᠰᠬᠢᠷᠬᠤ ᠳ᠋ᠤ᠌ ᠴᠣᠴᠢᠵᠤ ᠤᠬᠤᠰᠬᠢᠨ ᠪᠣᠰᠪᠠ᠃ ᠤᠨᠲᠠᠵᠤ ᠪᠠᠢᠭᠰᠠᠨ ᠶᠤᠮ ᠰᠠᠨᠵᠠᠢ᠃ ᠳ᠋ᠠᠰᠢ ᠪᠣᠯ ᠰᠣᠨᠢᠨ ᠬᠡᠦᠬᠡᠳ ᠪᠠᠢᠯ᠎ᠠ᠃ ᠪᠠᠭᠰᠢ ᠯᠧᠭᠼ ② ᠤᠩᠰᠢᠬᠤ ᠳ᠋ᠤ᠌ ᠪᠢᠴᠢᠬᠦ ᠦᠭᠡᠢ ᠴᠢᠩᠨᠠᠵᠤ ᠰᠠᠭᠤᠭᠠᠳ ᠪᠠᠢᠷᠢᠨ ᠳ᠋ᠠᠭᠠᠨ ᠢᠷᠡᠭᠡᠳ ᠲᠣᠭᠲᠠᠭᠠᠭᠰᠠᠨ ᠢ᠋ᠶ᠋ᠠᠨ ᠪᠢᠴᠢᠭᠡᠳ ᠠᠪᠳᠠᠭ᠃ ᠣᠢ ᠲᠣᠭᠲᠠᠭᠠᠮᠵᠢ ᠰᠠᠢᠲᠠᠢ᠂ ᠰᠢᠯᠭᠠᠯᠲᠠ ᠶ᠋ᠢᠨ ᠦᠶ᠎ᠡ ᠳ᠋ᠦ᠍ ᠳᠡᠷᠡᠨ ᠢ᠋ ᠪᠡᠨ ᠨᠢᠭᠡ ᠬᠠᠷᠠᠴᠢᠬᠠᠭᠠᠳ ᠯᠠ ᠭᠦᠢᠴᠡᠭᠡ᠃ ᠪᠤᠰᠤᠳ ᠦᠶ᠎ᠡ ᠳ᠋ᠦ᠍ ᠬᠢᠴᠢᠶᠡᠯ ᠳᠠᠪᠲᠠᠨ᠎ᠠ ᠭᠡᠵᠦ ᠪᠠᠢᠬᠤ ᠦᠭᠡᠢ ᠡᠯᠳᠡᠪ ᠶᠠᠩᠵᠤ ᠶ᠋ᠢᠨ ᠨᠣᠮ ᠰᠣᠨᠢᠷᠬᠠᠵᠤ ᠪᠠᠷᠢᠯᠭ᠎ᠠ ᠶ᠋ᠢᠨ ᠮᠡᠷᠭᠡᠵᠢᠯ ᠳ᠋ᠡᠭᠡᠨ ᠣᠭᠲᠣ ᠬᠠᠪᠢᠳᠠᠬᠤ ᠦᠭᠡᠢ ᠪᠤᠭ ᠮᠠᠯ ᠤ᠋ᠨ ᠥᠯᠥᠨ ᠭᠡᠳᠡᠰᠦ ᠠᠷᠠᠴᠢᠯᠠᠬᠤ ᠲᠤᠬᠠᠢ ᠨᠣᠮ ᠬᠦᠷᠲᠡᠯ᠎ᠡ ᠤᠩᠰᠢᠵᠤ ᠰᠠᠭᠤᠨ᠎ᠠ᠃ ᠲᠡᠭᠡᠭᠰᠡᠨ ᠮᠥᠷᠲᠡᠯ᠎ᠡ ᠪᠡᠨ ᠠᠪᠬᠤ ᠯᠠ ᠭᠡᠰᠡᠨ ᠳ᠋ᠦᠩ ᠢ᠋ᠶ᠋ᠡᠨ ᠠᠪᠤᠨ᠎ᠠ᠃ ᠲᠡᠭᠦᠨ ᠳ᠋ᠦ᠍ ᠭᠠᠭᠴᠠᠬᠠᠨ ᠬᠥᠮᠦᠨ᠂ ᠮᠠᠨ ᠤ᠋ ᠳᠠᠸᠠ ᠯᠠ ᠳᠤᠷ᠎ᠠ ᠦᠭᠡᠢ᠂《 ᠡᠨᠡ ᠶᠡᠷᠦ ᠨᠢ ᠶᠠᠮᠠᠷ ᠰᠢᠳᠢ ᠪᠡᠷ ᠡᠢᠮᠦ ᠳ᠋ᠦᠩ ᠠᠪᠴᠢᠬᠠᠭᠠᠳ ᠪᠠᠢᠨ᠎ᠠ》 ᠭᠡᠵᠦ ᠬᠠᠯᠬᠠᠯᠠᠨ᠎ᠠ᠃ ᠬᠡᠷᠪᠡ ᠳ᠋ᠠᠰᠢ ᠶ᠋ᠢ ᠢᠩᠭᠢᠭᠡᠳ ᠬᠡᠪᠲᠡᠵᠦ ᠪᠠᠢᠭ᠎ᠠ ᠶ᠋ᠢ ᠬᠠᠷᠠᠪᠠᠯ ᠳᠠᠸᠠ《 ᠶᠠᠮᠠᠷ ᠴᠤ᠌ ᠡᠳᠦᠷ ᠰᠥᠨᠢ ᠦᠭᠡᠢ ᠤᠩᠰᠢᠵᠤ ᠮᠢᠬ᠎ᠠ ᠪᠠᠨ ᠢᠳᠡᠭᠡᠳ ᠭᠤᠷᠪᠠ ᠠᠪᠳᠠᠭ᠂ ᠶᠠᠮᠠᠷ ᠨᠢ ᠢᠩᠭᠢᠵᠦ ᠲᠠᠪᠠ ᠪᠠᠷ ᠢ᠋ᠶ᠋ᠠᠨ ᠬᠤᠷᠬᠢᠷᠠᠵᠤ ᠪᠠᠢᠭᠠᠳ ᠣᠨᠴᠠ ᠠᠪᠳᠠᠭ ᠶᠤᠮ ᠪᠣᠢ》 ᠭᠡᠳ ᠯᠡ ᠰᠢᠲᠠᠴᠢᠬᠠᠨᠠ ᠳᠠ ᠭᠡᠵᠦ ᠪᠣᠳᠣᠭᠳᠠᠪᠠ᠃ ᠪᠢ ᠳ᠋ᠠᠰᠢ ᠶ᠋ᠢᠨ ᠵᠠᠩ ᠢ᠋ ᠮᠡᠳᠡᠬᠦ ᠤᠴᠢᠷ ᠠ᠋ᠴᠠ ᠣᠯᠠᠨ ᠴᠤ᠌ ᠶᠠᠭᠤᠮ᠎ᠠ ᠶᠠᠷᠢᠭᠰᠠᠨ ᠦᠭᠡᠢ᠂ ᠭᠠᠷᠬᠤ ᠳ᠋ᠠᠭᠠᠨ ᠭᠡᠷᠡᠯ ᠢ᠋ᠶ᠋ᠡᠨ ᠤᠨᠲᠠᠷᠠᠭᠠᠬᠤ ᠭᠡᠰᠡᠨ《 ᠭᠡᠷᠡᠯ ᠲᠡᠢ ᠤᠨᠲᠠᠬᠤ ᠰᠠᠢᠬᠠᠨ》 ᠭᠡᠵᠦ ᠪᠠᠢᠨ᠎ᠠ᠃ ᠳᠠᠸᠠ ᠶ᠋ᠢᠨ ᠳ᠋ᠦ᠍ ᠣᠷᠣᠬᠤ ᠳ᠋ᠤ᠌ ᠮᠠᠨ ᠤ᠋ ᠡᠷ᠎ᠡ ᠰᠢᠷᠡᠭᠡ ᠪᠠᠷ ᠯᠠ ᠨᠢᠭᠡ ᠨᠣᠮ ᠳᠡᠪᠲᠡᠷ ᠳᠡᠯᠭᠡᠴᠢᠬᠡᠭᠰᠡᠨ ᠬᠣᠭᠣᠯᠠ ᠪᠠᠨ ᠢᠳᠡᠵᠦ ᠰᠠᠭᠤᠨ᠎ᠠ᠃ ᠨᠢᠳᠦ ᠨᠢ ᠤᠯᠠᠢᠭᠠᠳ ᠨᠢᠭᠤᠷ ᠨᠢ ᠴᠣᠩᠬᠣᠢᠬᠰᠠᠨ ᠢ᠋ ᠬᠠᠷᠠᠪᠠᠯ ᠶᠡᠬᠡ ᠯᠡ ᠤᠩᠰᠢᠵᠤ ᠪᠠᠢᠬᠤ ᠮᠡᠲᠦ᠃
— ᠵᠠ ᠡᠷᠬᠢᠮ ᠶᠡᠬᠡ ᠪᠢᠰᠢᠯᠭᠠᠵᠤ ᠪᠠᠢᠨ᠎ᠠ ᠤᠤ᠂ ᠶᠠᠳᠠᠷᠠᠴᠢᠬᠠ ᠤᠤ?
— ᠶᠠᠷᠢᠬᠤ ᠶᠠᠭᠤᠮ᠎ᠠ ᠪᠢᠰᠢ᠂
— ᠵᠢᠭᠠᠬᠠᠨ ᠠᠮᠠᠷᠠᠭᠠᠴᠢ᠂ ᠴᠢ ᠶᠡᠷᠦ ᠨᠢ ᠰᠡᠭᠡᠭᠡ ᠰᠡᠪᠡᠭᠡ ᠦᠭᠡᠢ ᠤᠩᠰᠢᠵᠤ ᠪᠠᠢᠨ᠎ᠠ ᠳᠠ᠂ ᠨᠢᠭᠡᠮᠦᠰᠦᠨ ᠨᠢᠳᠤᠷᠭᠠᠯᠠᠵᠤ ᠰᠤᠷᠪᠠᠯ ᠁ ᠭᠡᠲᠡᠯ᠎ᠡ ᠮᠠᠨ ᠤ᠋ ᠡᠷ᠎ᠡ ᠮᠢᠨᠦ ᠶᠠᠷᠢᠶ᠎ᠠ ᠶ᠋ᠢ ᠲᠠᠰᠤᠯᠵᠤ ᠨᠢᠭᠡ ᠮᠠᠭᠤ ᠪᠠᠯᠠᠢ ᠪᠠᠭᠰᠢ ᠠ᠋ᠴᠠ ᠪᠣᠯᠤᠭᠠᠳ ᠲᠦᠷᠦᠭᠦᠴᠢ ᠶ᠋ᠢᠨ ᠤᠯᠠᠷᠢᠯ ᠢ᠋ᠶ᠋ᠠᠷ ᠨᠢᠭᠡ ᠰᠠᠢᠨ ᠠᠪᠴᠢᠬᠠᠭᠰᠠᠨ ᠶᠤᠮ᠂ ᠳᠡᠭᠡᠭᠡ ᠦᠭᠡᠢ ᠶᠦᠮ ᠪᠣᠯ ᠣᠨᠴᠠ ᠭᠠᠷᠴᠤ ᠪᠣᠯᠬᠤ ᠯᠠ ᠪᠠᠢᠭᠰᠠᠨ᠃ ᠪᠢ ᠶᠡᠷᠦ ᠨᠢ ᠶᠠᠭᠠᠬᠢᠭᠠᠳ ᠲᠠ ᠨᠠᠷ ᠤ᠋ᠨ ᠠᠪᠳᠠᠭ ᠳ᠋ᠦᠩ ᠢ᠋ ᠠᠪᠴᠤ ᠪᠣᠯᠳᠠᠭ ᠦᠭᠡᠢ ᠶᠦᠮ ᠪᠣᠢ᠃ ᠮᠠᠭᠤᠰᠠᠢᠨ ᠶᠠᠭᠤᠮ᠎ᠠ ᠨᠤᠭᠤᠳ ᠵᠠᠭᠤᠨ ᠲᠥᠭᠥᠷᠢᠭ ᠦ᠋ᠨ ᠨᠡᠮᠡᠭᠳᠡᠯ ᠲᠡᠢ ᠳᠣᠳᠢᠭᠠᠷ( ᠶᠡᠬᠡᠷᠬᠡᠭ) ᠪᠠᠢᠬᠤ ᠶᠤᠮ ᠠ᠋᠃ ᠬᠥᠮᠦᠨ ᠠᠪᠴᠤ ᠪᠣᠯᠳᠠᠭ ᠶᠤᠮ ᠪᠣᠯ ᠠᠪᠤᠨ᠎ᠠ ᠳᠠ ᠬᠦ᠃ ᠡᠳᠦᠷ ᠰᠥᠨᠢ ᠦᠭᠡᠢ ᠬᠣᠭᠣᠯᠠ ᠨᠣᠢᠷ ᠦᠭᠡᠢ ᠤᠩᠰᠢᠵᠤ ᠪᠠᠢᠭᠠᠳ ᠪᠣᠯᠬᠤ ᠦᠭᠡᠢ ᠪᠣᠯ ᠭᠤᠶᠤᠵᠤ ᠪᠠᠢᠭᠠᠳ ᠠᠪᠤᠨ᠎ᠠ ᠳᠠ᠃
— ᠭᠤᠶᠤᠬᠤ ᠰᠢᠦ᠂ ᠲᠡᠷᠡ ᠴᠤ᠌ ᠬᠠᠷᠢᠨ ᠶᠠᠷᠰᠢᠭ ᠪᠠᠢᠨ᠎ᠠ᠃
— ᠶᠠᠮᠠᠷ ᠬᠠᠮᠢᠶ᠎ᠠ ᠲᠠᠢ᠂ ᠳ᠋ᠦᠩ ᠪᠣᠯ ᠳ᠋ᠦᠩ᠃ ᠬᠣᠵᠢᠮ ᠬᠥᠮᠦᠨ ᠨᠠᠳᠠ ᠠ᠋ᠴᠠ《 ᠴᠢ ᠡᠨᠡ ᠲᠠᠪᠤ ᠶ᠋ᠢ ᠶᠠᠭᠠᠬᠢᠵᠤ ᠠᠪᠤᠭᠰᠠᠨ ᠪᠣᠢ》 ᠭᠡᠬᠦ ᠶᠦᠮ ᠪᠣᠢ᠂ ᠰᠤᠷᠤᠯᠭ᠎ᠠ ᠶ᠋ᠢᠨ ᠨᠡᠮᠡᠭᠳᠡᠯ ᠠᠪᠴᠤ ᠯᠠ ᠪᠠᠢᠪᠠᠯ ᠪᠣᠯᠤᠯ᠎ᠠ᠃
— ᠶᠡᠬᠡ ᠰᠤᠷᠭᠠᠭᠤᠯᠢ ᠳ᠋ᠤ᠌ ᠳ᠋ᠦᠩ ᠴᠢᠬᠤᠯᠠ ᠤᠤ᠂ ᠴᠢᠨᠠᠷ ᠴᠢᠬᠤᠯᠠ ᠤᠤ?
— ᠳ᠋ᠦᠩ ᠴᠢᠬᠤᠯᠠ᠂ ᠬᠠᠮᠤᠭ ᠭᠣᠣᠯ ᠨᠢ ᠰᠤᠷᠤᠯᠭ᠎ᠠ ᠶ᠋ᠢᠨ ᠨᠡᠮᠡᠭᠳᠡᠯ᠃
ᠵᠠᠭᠤ ᠭᠡᠳᠡᠭ ᠴᠢᠨᠢ ᠣᠶᠤᠲᠠᠨ ᠬᠥᠮᠦᠨ ᠳ᠋ᠦ᠍ ᠴᠢᠮᠠᠯᠠᠬᠤ ᠶᠠᠭᠤᠮ᠎ᠠ ᠤᠤ᠂ ᠶᠠᠳᠠᠵᠤ ᠬᠠᠪᠤᠷ ᠤ᠋ᠨ ᠰᠢᠯᠭᠠᠯᠲᠠ ᠠ᠋ᠴᠠ ᠨᠡᠮᠡᠭᠳᠡᠯ ᠲᠡᠢ ᠪᠣᠯᠪᠠᠯ ᠣᠪᠣᠭ᠎ᠠ ᠬᠡᠳᠦᠨ ᠰᠠᠷ᠎ᠠ ᠠᠪᠬᠤ ᠶᠤᠮ ᠪᠢᠯᠡ ᠭᠡᠳ ᠳᠡᠰ ᠳᠡᠰ ᠬᠦᠬᠦᠷᠪᠡ᠃
— ᠠᠪᠴᠤ ᠴᠢᠳᠠᠵᠤ ᠪᠠᠢᠪᠠᠯ ᠶᠠᠭᠠᠬᠢᠯ᠎ᠠ ᠭᠡᠵᠦ ᠪᠠᠭ᠎ᠠ ᠶᠠᠭᠤᠮ᠎ᠠ ᠪᠠᠢᠬᠤ ᠪᠣᠢ᠃ ᠭᠡᠬᠦ ᠳ᠋ᠡᠭᠡᠨ ᠴᠢᠳᠠᠯ ᠮᠡᠳᠡᠨ᠎ᠡ ᠳᠠ ᠰᠠᠨᠠᠭ᠎ᠠ ᠮᠡᠳᠡᠬᠦ ᠦᠭᠡᠢ᠃
— ᠵᠠ ᠵᠠ ᠴᠢ ᠵᠠᠢᠯᠠ ᠃ ᠴᠢᠮ᠎ᠠ ᠲᠠᠢ ᠦᠭᠡ ᠨᠡᠢᠯᠡᠬᠦ ᠦᠭᠡᠢ ᠨᠢ᠂ ᠴᠢ ᠰᠠᠢᠬᠠᠨ ᠵᠠᠪ ᠲᠠᠢ ᠬᠥᠮᠦᠨ᠂ ᠴᠠᠭᠠᠳᠤᠭᠤᠯᠠ ᠶ᠋ᠢ ᠪᠡᠨ ᠬᠡᠰᠦᠵᠦ ᠴᠠᠯᠴᠢᠵᠤ ᠶᠠᠪᠤ᠂ ᠪᠢ ᠤᠩᠰᠢᠬᠤ ᠮᠢᠨᠢ ᠁ ᠭᠡᠰᠡᠨ ᠢ᠋ᠶ᠋ᠡᠨ ᠵᠤᠵᠠᠭᠠᠨ ᠨᠣᠮ ᠰᠢᠭᠦᠷᠡᠵᠦ ᠨᠤᠭᠤᠯᠤᠭᠰᠠᠨ ᠬᠠᠭᠤᠳᠠᠰᠤ ᠲᠡᠨᠢᠢᠯᠭᠡᠨ ᠳᠦᠩᠭᠢᠨᠡᠲᠡᠯ᠎ᠡ ᠤᠩᠰᠢᠪᠠ᠃ ᠪᠢ ᠵᠢᠭᠠᠬᠠᠨ ᠬᠠᠷᠠᠵᠤ ᠰᠠᠭᠤᠪᠠ᠃ ᠳᠠᠸᠠ ᠲᠦᠳᠡᠯ ᠦᠭᠡᠢ ᠡᠪᠰᠢᠶᠡᠯᠭᠡᠭᠰᠡᠨ ᠢ᠋ᠶ᠋ᠡᠨ 《 ᠴᠠᠭᠠᠳᠤ ᠬᠣᠭ ᠤ᠋ᠳ ᠴᠢᠨᠢ ᠶᠡᠬᠡ ᠤᠩᠰᠢᠵᠤ ᠪᠠᠢᠨ᠎ᠠ ᠤᠤ᠂ ᠥᠨᠥᠬᠢ ᠬᠠᠷ᠎ᠠ ᠳ᠋ᠠᠰᠢ ᠪᠣᠳᠣᠪᠠᠯ ᠭᠠᠳᠠᠭᠤᠷ ᠪᠣᠷᠪᠢ ᠪᠠᠨ ᠬᠠᠪᠢᠷᠤᠭᠠᠳ ᠭᠦᠶᠦᠭᠰᠡᠨ ᠳᠡ 》 ᠭᠡᠵᠦ ᠤᠨᠲᠤᠭᠤᠴᠠᠪᠠ᠃
— ᠶᠠᠭᠠᠬᠢᠯ᠎ᠠ ᠭᠡᠵᠦ ᠳ᠋ᠠᠰᠢ ᠭᠠᠳᠠᠭᠤᠷ ᠲᠡᠨᠦᠬᠦ ᠶ᠋ᠢ ᠪᠠᠢᠭᠰᠠᠨ ᠰᠢᠦ ᠳᠡ ᠃ ᠪᠦᠬᠦ ᠡᠬᠡ ᠵᠣᠬᠢᠶᠠᠯ ᠤ᠋ᠨ ᠲᠣᠪᠴᠢᠯᠠᠯ ᠬᠢᠭᠡᠳ ᠠᠰᠠᠭᠤᠯᠲᠠ ᠨᠤᠭᠤᠳ ᠲᠠᠭᠠᠨ ᠬᠠᠷᠢᠭᠤ ᠪᠢᠴᠢᠵᠦ ᠪᠠᠢᠨ᠎ᠠ᠃ ᠳ᠋ᠠᠰᠢ ᠢᠩᠭᠢᠵᠦ ᠳᠠᠪᠲᠠᠬᠤ ᠶᠤᠮ ᠪᠣᠯ ᠴᠢ ᠪᠢᠳᠡᠨ ᠦ᠌ ᠬᠡᠨ ᠨᠢ ᠴᠤ᠌ ᠲᠡᠭᠦᠨ ᠦ᠌ ᠡᠮᠦᠨ᠎ᠡ ᠰᠢᠷᠣᠢ ᠬᠠᠶᠠᠬᠤ ᠦᠭᠡᠢ᠃ ᠴᠢ ᠬᠠᠷᠠᠵᠤ ᠯᠠ ᠪᠠᠢᠭᠠᠷᠠᠢ ᠭᠡᠳ ᠳᠠᠮᠰᠢᠭᠯᠠᠵᠤ ᠣᠷᠬᠢᠪᠠ ᠃ ᠳᠠᠸᠠ ᠰᠠᠭᠤᠳᠠᠯ ᠠ᠋ᠴᠠ ᠪᠠᠨ ᠪᠣᠰᠤᠨ ᠬᠠᠷᠠᠢᠵᠤ ᠮᠢᠨᠦ ᠳᠡᠷᠭᠡᠳᠡ ᠦᠰᠦᠷᠴᠦ ᠢᠷᠡᠭᠡᠳ 《 ᠴᠢ ᠨᠡᠭᠡᠷᠡᠨ ᠬᠡᠯᠡᠵᠦ ᠪᠠᠢᠨ᠎ᠠ ᠤᠤ 》 ᠭᠡᠵᠦ ᠱᠠᠭᠠᠷᠳᠠᠪᠠ ᠃
ᠪᠢ ᠵᠡᠷᠭᠡᠯᠡᠳᠡᠭᠡ ᠣᠶᠤᠲᠠᠨ ᠤ᠋ ᠪᠠᠢᠷᠢ ᠶ᠋ᠢᠨ ᠳᠥᠷᠪᠡᠳᠦᠭᠡᠷ ᠳᠠᠪᠬᠤᠷ ᠤ᠋ᠨ ᠴᠣᠩᠬᠣᠨ ᠤ᠋ ᠬᠣᠢᠨ᠎ᠠ ᠠ᠋ᠴᠠ ᠨᠢ ᠡᠬᠢᠯᠡᠨ ᠲᠣᠭᠠᠯᠠᠵᠤ᠂
— ᠴᠢ ᠬᠠᠷᠠᠬᠤ ᠦᠭᠡᠢ ᠤᠤ᠂ ᠳ᠋ᠠᠰᠢ ᠶ᠋ᠢᠨ ᠴᠣᠩᠬᠣ ᠭᠡᠷᠡᠯ ᠲᠡᠢ ᠪᠠᠢᠨ᠎ᠠ᠃ ᠬᠠᠷᠠᠭᠠᠳ ᠯᠠ ᠪᠠᠢᠭᠠᠷᠠᠢ ᠴᠢ᠂ ᠴᠠᠭᠠᠳᠤᠬᠢ ᠴᠢᠨᠢ ᠤᠨᠲᠠᠬᠤ ᠪᠠᠨ ᠪᠠᠢᠭᠰᠠᠨ᠃ ᠪᠠᠰᠠ ᠵᠣᠬᠢᠶᠠᠯ ᠪᠢᠴᠢᠳᠡᠭ ᠶᠦᠮ ᠰᠢᠭ ᠪᠠᠢᠨ᠎ᠠ ᠯᠠ᠃ ᠨᠠᠳᠠ ᠳ᠋ᠤ᠌ ᠨᠢᠭᠡ ᠰᠠᠢᠬᠠᠨ ᠰᠢᠯᠦᠭ ᠤᠩᠰᠢᠵᠤ ᠦᠭᠭᠦᠭᠰᠡᠨ᠃ 《 ᠨᠠᠭᠠᠯᠢᠩᠬᠠᠢ ᠬᠣᠶᠠᠷ ᠨᠢᠳᠦ ᠴᠢᠨᠢ ᠨᠠᠮᠤᠷ ᠤ᠋ᠨ ᠤᠰᠤ ᠰᠢᠭ᠋ ᠮᠡᠯᠲᠡᠭᠡᠨᠡᠨ᠎ᠡ᠂ ᠨᠠᠮᠤᠷ ᠤ᠋ᠨ ᠤᠰᠤᠨ ᠤ᠋ ᠳᠣᠯᠭᠢᠶᠠᠨ ᠳ᠋ᠤ᠌ ᠨᠠᠭᠠᠳᠤᠬᠢ ᠨᠥᠬᠥᠷ ᠴᠢᠨᠢ ᠪᠥᠮᠪᠥᠷᠢᠯ᠎ᠡ 》 ᠭᠡᠳ ᠯᠡ ᠮᠥᠨ ᠴᠤ᠌ ᠠᠶᠠᠯᠭᠤᠲᠠᠢᠬᠠᠨ ᠤᠩᠰᠢᠵᠤ ᠪᠠᠢᠨ᠎ᠠ ᠯᠠ ᠳᠠ᠃
— ᠦᠭᠡᠢ ᠲᠡᠷᠡ ᠠ᠋ ᠬᠦᠢ᠂ ᠮᠠᠭᠤ ᠬᠣᠭ ᠴᠢᠨᠢ ᠪᠠᠰᠠ ᠰᠢᠯᠦᠭ ᠪᠢᠴᠢᠳᠡᠭ ᠪᠠᠢᠬ᠎ᠠ ᠨᠢ᠂ ᠰᠢᠯᠦᠭ ᠪᠢᠴᠢᠬᠦ ᠳ᠋ᠦ᠍ ᠮᠥᠩᠭᠥ ᠥᠭᠳᠡᠭ ᠭᠡᠰᠡᠨ ᠪᠢᠵᠡ᠃ ᠠᠯᠢ ᠴᠢ ᠳᠠᠬᠢᠭᠠᠳ ᠤᠩᠰᠢᠭᠠᠳ ᠥᠭ᠂ ᠬᠡᠳᠦᠨ ᠮᠥᠷ ᠪᠣᠢ ᠁ ᠭᠡᠳ ᠲᠣᠯᠣᠭᠠᠢ ᠰᠡᠭᠰᠦᠷᠴᠦ ᠲᠠᠩᠨᠠᠢ ᠲᠠᠭᠰᠢᠪᠠ ᠃
《ᠨᠠᠭᠠᠯᠢᠩᠬᠠᠢ ᠬᠣᠶᠠᠷ ᠨᠢᠳᠦ ᠴᠢᠨᠢ ᠨᠠᠮᠤᠷ ᠤ᠋ᠨ ᠤᠰᠤ ᠰᠢᠭ᠋ ᠮᠡᠯᠲᠡᠭᠡᠨᠡᠨ᠎ᠡ᠂ ᠨᠠᠮᠤᠷ ᠤ᠋ᠨ ᠤᠰᠤᠨ ᠤ᠋ ᠳᠣᠯᠭᠢᠶᠠᠨ ᠳ᠋ᠤ᠌ ᠨᠠᠭᠠᠳᠤᠬᠢ ᠨᠥᠬᠥᠷ ᠴᠢᠨᠢ ᠪᠥᠮᠪᠥᠷᠢᠯ᠎ᠡ》 ᠭᠡᠵᠦ ᠨᠠᠮ᠎ᠠ ᠶ᠋ᠢ ᠤᠩᠰᠢᠬᠤ ᠳ᠋ᠤ᠌ ᠳᠠᠸᠠ ᠬᠠᠭᠤᠯᠵᠤ ᠠᠪᠤᠶ᠎ᠠ ᠭᠡᠵᠦ ᠬᠦᠰᠡᠪᠡ᠃ ᠲᠡᠷᠡ ᠨᠢᠭᠡ ᠬᠠᠭᠤᠳᠠᠰᠤ ᠠᠪᠴᠤ 《 ᠨᠠᠭᠠᠯᠢᠩᠬᠠᠢ ᠬᠣᠶᠠᠷ ᠨᠢᠳᠦ 》 ᠭᠡᠵᠦ ᠪᠢᠴᠢᠭᠰᠡᠨ ᠢ᠋ᠶ᠋ᠡᠨ ᠢᠩᠭᠢᠵᠦ ᠶᠠᠭᠠᠬᠢᠵᠤ ᠣᠯᠵᠤ ᠬᠡᠯᠡᠪᠡ᠂ ᠨᠠᠭᠠᠳᠤᠬᠢ ᠴᠢᠨᠢ ᠣᠯᠠᠨ ᠮᠥᠷ ᠲᠡᠢ ᠶᠦᠮ ᠤᠤ ᠨᠢᠭᠡ ᠮᠥᠷ ᠲᠡᠭᠡᠨ ᠯᠠᠪ ᠣᠯᠠᠨ ᠦᠭᠡ ᠲᠢ ᠶᠦᠮ ᠪᠠᠢᠨ᠎ᠠ᠃ ᠬᠡᠷᠪᠡ ᠦᠭᠡ ᠶ᠋ᠢᠨ ᠲᠣᠭ᠎ᠠ ᠪᠠᠷ ᠮᠥᠩᠭᠥ ᠥᠭᠳᠡᠭ ᠪᠣᠯ ᠡᠨᠡ ᠪᠠᠯᠠᠯᠤᠨ᠎ᠠ᠂ ᠬᠦᠶᠢ ᠪᠠᠨᠳᠢᠢᠶᠠ ᠴᠠᠭᠠᠳᠤᠬᠢ ᠴᠢᠨᠢ ᠡᠨᠡ ᠰᠢᠯᠦᠭ ᠲᠡᠭᠡᠨ ᠬᠡᠴᠢᠨᠡᠭᠡᠨ ᠲᠥᠭᠥᠷᠢᠭ ᠠᠪᠤᠭ᠎ᠠ ᠪᠣᠯ᠂ ᠶᠡᠷᠦ ᠨᠢ ᠰᠢᠯᠦᠭ ᠢ᠋ ᠶᠠᠭᠠᠬᠢᠵᠤ ᠪᠢᠴᠢᠳᠡᠭ᠂ ᠪᠢᠴᠢᠭᠰᠡᠨ ᠢ᠋ ᠬᠠᠮᠢᠭ᠎ᠠ ᠬᠡᠪᠯᠡᠳᠡᠭ ᠪᠠᠢᠨ᠎ᠠ᠂ ᠰᠠᠢᠨ ᠵᠣᠬᠢᠶᠠᠯ ᠢ᠋ ᠬᠡᠪᠯᠡᠭᠡ ᠦᠭᠡᠢ ᠴᠤ᠌ ᠭᠡᠰᠡᠨ ᠮᠥᠩᠭᠥ ᠥᠭᠳᠡᠭ ᠭᠡᠵᠦ ᠦᠨᠡᠨ ᠪᠣᠯᠪᠠ ᠤᠤ᠂ ᠨᠢᠭᠡ ᠨᠥᠬᠥᠷ ᠨᠠᠳᠠ ᠨᠢᠳᠤᠨᠤᠨ ᠲᠡᠭᠡᠵᠦ ᠶᠠᠷᠢᠵᠤ ᠪᠠᠢᠭᠰᠠᠨ᠂ ᠴᠢ ᠲᠣᠳᠣᠷᠬᠠᠢ ᠶᠠᠭᠤᠮ᠎ᠠ ᠲᠤᠭᠤᠯᠤᠭᠰᠠᠨ ᠤᠤ ?
— ᠪᠢ ᠰᠢᠯᠦᠭ ᠪᠢᠴᠢᠳᠡᠭ ᠦᠭᠡᠢ ᠪᠣᠯᠬᠣᠷ ᠰᠣᠨᠢᠷᠬᠠᠭᠰᠠᠨ ᠦᠭᠡᠢ᠂ ᠪᠣᠳᠣᠪᠠᠯ ᠬᠡᠪᠯᠡᠭᠰᠡᠨ ᠦ᠌ ᠬᠢᠨᠢ ᠳᠠᠷᠠᠭ᠎ᠠ ᠱᠠᠩᠨᠠᠯ ᠥᠭᠳᠡᠭ ᠪᠢᠵᠡ ᠳᠡ᠃
— ᠵᠠ ᠲᠡᠢᠮᠦ ᠴᠤ᠌ ᠪᠠᠢᠬ᠎ᠠ᠂ ᠬᠠᠴᠢᠨ ᠶᠤᠮ ᠰᠢᠦ᠂ ᠵᠣᠬᠢᠶᠠᠯ ᠪᠢᠴᠢᠯ᠎ᠡ ᠭᠡᠵᠦ ᠮᠥᠩᠭᠥ ᠥᠭᠳᠡᠭ᠃ ᠮᠢᠨᠦ ᠪᠣᠳᠣᠯ ᠢ᠋ᠶ᠋ᠠᠷ ᠪᠣᠯ ᠥᠪᠡᠷ ᠦ᠋ᠨ ᠢ᠋ᠶ᠋ᠡᠨ ᠵᠣᠬᠢᠶᠠᠯ ᠢ᠋ ᠬᠡᠪᠯᠡᠭᠦᠯᠦᠭᠰᠡᠨ ᠬᠥᠮᠦᠨ᠂ ᠬᠡᠪᠯᠡᠳᠡᠭ ᠭᠠᠵᠠᠷ ᠨᠢ ᠵᠣᠬᠢᠶᠠᠯ ᠬᠡᠪᠯᠡᠵᠦ ᠥᠭᠭᠦᠯ᠎ᠡ ᠭᠡᠵᠦ ᠮᠥᠩᠭᠥ ᠲᠥᠯᠥᠮᠡᠷ ᠰᠠᠨᠠᠭᠳᠠᠬᠤ ᠶᠤᠮ᠃ ᠬᠡᠷᠪᠡ ᠲᠡᠭᠡᠳᠡᠭ ᠪᠣᠯ ᠪᠢ ᠬᠡᠪᠯᠡᠯ ᠦ᠋ᠨ ᠡᠵᠡᠨ ᠪᠣᠯᠤᠨ᠎ᠠ᠂ ᠮᠤᠨᠳᠠᠭ ᠡᠵᠡᠨ ᠪᠣᠯᠤᠨ᠎ᠠ᠃ ᠲᠡᠭᠡᠭᠡᠳ ᠮᠠᠭᠤ ᠳ᠋ᠠᠰᠢ ᠶ᠋ᠢᠨ ᠨᠣᠮ ᠢ᠋ ᠬᠡᠪᠯᠡᠵᠦ ᠭᠠᠭᠴᠠ ᠱᠤᠯᠤᠬᠤ ᠶᠤᠮᠰᠠᠨ᠂ ᠳᠠᠩᠴᠤ ᠲᠡᠭᠡᠳᠡᠭ ᠦᠭᠡᠢ ᠨᠢ᠃ ᠵᠠ ᠡᠨᠡ ᠳᠡᠮᠡᠢ ᠶᠠᠭᠤᠮ᠎ᠠ ᠴᠤ᠌ ᠶᠠᠭᠠᠬᠢᠬᠤᠪ᠂ ᠲᠡᠭᠡᠭᠡᠳ ᠴᠠᠭᠠᠳᠤ ᠳᠠᠰᠢ ᠴᠢᠨᠢ ᠣᠨᠴᠠ ᠰᠤᠷᠴᠤ ᠨᠡᠮᠡᠭᠳᠡᠯ ᠠᠪᠤᠨ᠎ᠠ᠂ ᠪᠠᠰᠠ ᠳᠡᠭᠡᠷ᠎ᠡ ᠨᠢ ᠰᠢᠯᠦᠭ ᠪᠢᠴᠢᠵᠦ ᠮᠥᠩᠭᠥ ᠠᠪᠤᠨ᠎ᠠ᠂ ᠬᠠᠭᠠᠷᠠᠲᠠᠯ᠎ᠠ ᠪᠠᠨ ᠪᠠᠶᠠᠵᠢᠬᠤ ᠨᠢ ᠠ᠋᠃
— ᠠᠲᠠᠭᠠᠷᠬᠠᠭᠠᠳ ᠪᠠᠢᠪᠠᠯ ᠴᠢ ᠥᠪᠡᠷ ᠢ᠋ᠶ᠋ᠡᠨ ᠪᠢᠴᠢᠬᠦ ᠦᠭᠡᠢ ᠤᠤ? ᠵᠠᠷᠢᠮ ᠰᠢᠯᠦᠭ ᠢ᠋ ᠤᠩᠰᠢᠭᠠᠳ ᠡᠢᠮᠦᠷᠬᠦᠦ ᠴᠤ ᠪᠢᠴᠢᠵᠦ ᠪᠣᠯᠤᠮᠠᠷ ᠰᠢᠬ ᠰᠠᠨᠠᠭᠳᠠᠬᠤ ᠦᠭᠡᠢ ᠪᠠᠢᠨ᠎ᠠ ᠭᠡᠵᠢ ᠤᠤ᠃
ᠳᠠᠸᠠ ᠢᠯᠡᠳᠲᠡ ᠰᠡᠷᠭᠦᠵᠦ ᠤᠩᠰᠢᠬᠤ ᠭᠡᠵᠦ ᠳᠡᠯᠭᠡᠭᠰᠡᠨ ᠨᠣᠮ ᠢ᠋ᠶ᠋ᠠᠨ ᠬᠠᠮᠬᠢᠵᠤ ᠴᠠᠭᠠᠰᠢ ᠲᠦᠯᠬᠢᠭᠡᠳ ᠄
— ᠨᠡᠭᠡᠷᠡᠨ ᠲᠡᠢᠮᠦ ᠰᠢᠦ ᠢᠯᠭᠠᠭ᠎ᠠ ᠦᠭᠡᠢ᠂ ᠨᠠᠳᠠ ᠳ᠋ᠤ᠌ ᠪᠠᠰᠠ ᠰᠢᠯᠦᠭ ᠢ᠋ ᠪᠢᠴᠢᠴᠢᠬᠡᠵᠦ ᠪᠣᠯᠬᠤ ᠶᠠᠭᠤᠮ᠎ᠠ ᠪᠣᠳᠣᠭᠳᠠᠳᠠᠭ᠂ ᠤᠬᠠᠭ᠎ᠠ ᠨᠢ ᠬᠡᠨ ᠪᠢᠯᠡ ᠳᠠ᠂ ᠡᠬᠡ ᠳ᠋ᠡᠭᠡᠨ ᠨᠢᠭᠡ ᠵᠠᠬᠢᠶ᠎ᠠ ᠪᠢᠴᠢᠭᠰᠡᠨ ᠁ ᠲᠡᠢᠮᠦ ᠲᠡᠢᠮᠦ ᠰᠠᠨᠠᠯ᠎ᠠ ᠂ 《 ᠪᠤᠭᠤᠷᠤᠯ ᠡᠵᠢ ᠳ᠋ᠡᠭᠡᠨ 》 ᠭᠡᠵᠦ ᠨᠢᠭᠡ ᠢᠷᠠᠭᠤ ᠨᠠᠢᠷᠠᠭᠤᠯᠭ᠎ᠠ᠂ ᠲᠡᠷᠡ ᠪᠣᠯ ᠪᠢᠴᠢᠬᠦ ᠳ᠋ᠦ᠍ ᠶᠠᠭᠤ ᠪᠠᠢᠬᠤᠪ ᠳᠠ᠂ ᠵᠠᠬᠢᠶ᠎ᠠ ᠰᠢᠦ ᠳᠡ᠃ ᠲᠣᠯᠣᠭᠠᠢ ᠬᠣᠯᠪᠣᠬᠤ ᠯᠠ ᠶᠠᠭᠤᠮ᠎ᠠ ᠪᠢᠵᠡ᠂ ᠷᠣᠮᠠᠨ ᠢ᠋ ᠴᠤ᠌ ᠭᠡᠰᠡᠨ ᠪᠢᠴᠢᠵᠦ ᠪᠣᠯᠤᠨ᠎ᠠ᠃ ᠲᠣᠮᠣ ᠯᠠ ᠶᠠᠭᠤᠮ᠎ᠠ ᠪᠢᠴᠢᠳᠡᠭ ᠶᠦᠮ ᠪᠢᠯᠡ᠃ ᠵᠠ ᠲᠡᠷᠡ ᠲᠣᠯᠰᠲ᠋ᠣᠢ ᠰᠢᠭ᠋ ᠪᠣᠯ ᠪᠢᠴᠢᠵᠦ ᠪᠣᠯᠬᠤ ᠶᠠᠭᠤᠮ᠎ᠠ ᠪᠣᠳᠣᠭᠳᠠᠭᠰᠠᠨ᠃ ᠠᠢᠯ ᠤ᠋ᠨ ᠵᠠᠷᠤᠴᠠ ᠬᠡᠦᠬᠡᠨ ᠢ ᠨᠢᠭᠡ ᠶᠡᠬᠡ ᠠᠮᠠᠷᠬᠠᠨ ᠵᠢᠷᠮᠦᠰᠦᠨ ᠪᠣᠯᠭᠠᠴᠢᠬᠠᠳᠠᠭ ᠪᠠᠶᠠᠨ ᠲᠠᠢᠵᠢ ᠲᠠᠢ ᠵᠣᠬᠢᠶᠠᠯ ᠪᠠᠢᠳᠠᠭ ᠦᠭᠡᠢ ᠤᠤ ᠳᠠ ᠁ ᠭᠡᠳ ᠳᠥᠷᠪᠡᠨ ᠬᠤᠷᠤᠭᠤ ᠪᠠᠨ ᠲᠡᠭᠰᠢᠯᠡᠵᠦ ᠡᠢᠮᠦ ᠵᠤᠵᠠᠭᠠᠨ᠂ ᠲᠡᠭᠦᠨ ᠢ᠋ ᠴᠢᠨᠢ ᠪᠢ ᠤᠩᠰᠢᠭᠰᠠᠨ ᠰᠢᠦ᠃ ᠡᠰᠡ ᠵᠠᠯᠬᠠᠭᠤᠷᠠᠪᠠᠯ ᠲᠡᠷᠡ ᠬᠢᠷᠢ ᠶ᠋ᠢᠨ ᠪᠢᠴᠢᠬᠦ ᠦᠭᠡᠢ ᠶᠠᠭᠠᠬᠢᠳᠠᠭ ᠶᠣᠮ᠎ᠠ ᠪᠤᠢ ? ᠭᠡᠰᠡᠨ ᠢ᠋ᠶ᠋ᠡᠨ ᠰᠤᠷᠤᠭᠰᠠᠨ ᠵᠠᠩ ᠢ᠋ᠶ᠋ᠠᠷ ᠢ᠋ᠶ᠋ᠠᠨ ᠳᠡᠰ ᠳᠡᠰ ᠬᠥᠬᠥᠷᠡᠭᠡᠳ᠂ ᠵᠠ ᠪᠠᠰᠠ ᠥᠭᠡᠷ᠎ᠡ ᠵᠣᠬᠢᠶᠠᠯ ᠴᠤ᠌ ᠪᠣᠢ ᠳᠠ᠂ ᠪᠢ ᠤᠷᠠᠨ ᠵᠣᠬᠢᠶᠠᠯ ᠨᠢᠭᠡ ᠶᠡᠬᠡ ᠤᠩᠰᠢᠳᠠᠭ ᠦᠭᠡᠢ ᠪᠣᠯᠬᠣᠷ ᠨᠡᠷᠡᠯᠡᠵᠦ ᠴᠢᠳᠠᠬᠤ ᠦᠭᠡᠢ ᠪᠠᠢᠨ᠎ᠠ ᠭᠡᠪᠡ᠃
ᠳᠠᠸᠠ ᠥᠨᠳᠡᠰᠬᠢᠵᠦ ᠳᠥᠷᠪᠡᠳᠦᠭᠡᠷ ᠳᠠᠪᠬᠤᠷ ᠤ᠋ᠨ ᠴᠣᠩᠬᠣ ᠶ᠋ᠢ ᠲᠣᠭᠠᠯᠠᠭᠰᠠᠨ ᠢ᠋ᠶ᠋ᠠᠨ᠄
— ᠬᠠᠷ᠎ᠠ ᠳ᠋ᠠᠰᠢ ᠴᠢ ᠤᠩᠰᠢᠵᠤ ᠠᠯᠳᠠᠵᠤ ᠪᠠᠢᠨ᠎ᠠ ᠳᠠ ᠬᠦ᠂ ᠲᠡᠷᠡ ᠣᠯᠠᠨ ᠡᠬᠡ ᠵᠣᠬᠢᠶᠠᠯ ᠤ᠋ᠨ ᠲᠣᠪᠴᠢᠯᠠᠯ ᠢ᠋ ᠬᠢᠴᠢᠬᠡᠯ᠎ᠡ ᠭᠡᠨ᠎ᠡ᠃ ᠠᠮᠵᠢᠭᠤᠯᠵᠤ ᠪᠠᠢᠨ᠎ᠠ ᠮᠠᠭᠤ ᠬᠠᠷ᠎ᠠ ᠴᠢᠨᠢ᠃ ᠴᠢᠮ᠎ᠠ ᠠ᠋ᠴᠠ ᠳᠣᠣᠷ᠎ᠠ ᠣᠷᠣᠬᠤ ᠦᠭᠡᠢ ᠳᠡ᠂ ᠴᠢᠨᠦ ᠠᠪᠢᠶᠠᠰ ᠢ᠋ ᠠᠪᠤᠭᠠᠳ ᠲᠣᠭᠠᠯᠠᠵᠤ ᠰᠠᠭᠤᠬᠤ ᠴᠠᠭ ᠪᠣᠢ ᠪᠠᠢᠯᠭᠦᠢ ᠭᠡᠵᠦ ᠵᠠᠨᠤᠯᠲᠠᠢᠬᠠᠨ ᠬᠡᠯᠡᠭᠡᠳ ᠨᠣᠮ ᠢ᠋ᠶ᠋ᠠᠨ ᠰᠢᠭᠦᠷᠡᠨ ᠠᠪᠤᠪᠠ᠃
ᠲᠡᠭᠦᠨ ᠳ᠋ᠦ᠍ ᠰᠠᠭᠠᠳ ᠪᠣᠯᠬᠤ ᠦᠭᠡᠢ ᠶ᠋ᠢ ᠪᠣᠳᠣᠵᠤ ᠪᠢ ᠲᠦᠷᠭᠡᠨ ᠭᠠᠷᠪᠠ᠃ ᠳᠠᠸᠠ 《 ᠨᠠᠢᠵᠠ ᠠ᠋ ᠴᠢ ᠤᠰᠤ ᠭᠣᠭᠣᠵᠢᠭᠤᠯᠴᠢᠬᠠᠭᠠᠷᠠᠢ᠂ ᠨᠣᠢᠷ ᠬᠦᠷᠪᠡᠯ ᠴᠡᠯ ᠬᠦᠢᠲᠡᠨ ᠤᠰᠤ ᠪᠠᠷ ᠨᠢᠭᠤᠷ ᠲᠣᠯᠣᠭᠠᠢ ᠪᠠᠨ ᠰᠢᠪᠰᠢᠬᠦ ᠵᠦᠭᠡᠷ ᠪᠠᠢᠳᠠᠭ ᠶᠤᠮ 》 ᠭᠡᠪᠡ ᠃
ᠥᠷᠯᠥᠭᠡᠭᠦᠷ ᠳᠠᠸᠠ ᠮᠠᠨ ᠤ᠋ ᠳ᠋ᠤ᠌ ᠣᠷᠣᠵᠤ ᠢᠷᠡᠪᠡ᠃ ᠲᠡᠷᠡ ᠪᠠᠷ ᠰᠥᠨᠢᠵᠢᠨ ᠤᠩᠰᠢᠯ᠎ᠠ᠂ ᠤᠩᠰᠢᠬᠤ ᠶᠣᠰᠣᠲᠠᠢ ᠶᠠᠭᠤᠮ᠎ᠠ ᠪᠠᠨ ᠴᠤ᠌ ᠪᠠᠷᠠᠯ᠎ᠠ᠃ ᠡᠦᠲᠦ ᠠᠪᠬᠤ ᠭᠡᠰᠡᠨ ᠳ᠋ᠦᠩ ᠯᠡ ᠬᠡᠷᠡᠭᠲᠡᠢ ᠰᠢᠯᠭᠠᠯᠲᠠ ᠳ᠋ᠤ᠌ ᠣᠴᠢᠶ᠎ᠠ ᠳᠠ ᠡᠷᠲᠡᠬᠡᠨ ᠥᠭᠭᠦᠴᠢᠬᠡᠶᠡ ᠭᠡᠵᠦ ᠪᠠᠶᠠᠰᠬᠤᠯᠠᠩᠲᠠᠢ ᠬᠡᠯᠡᠭᠡᠳ 《 ᠰᠢᠯᠦᠭᠴᠢ ᠶ᠋ᠢᠨ ᠬᠢ ᠪᠡᠷ 》 ᠳᠠᠭᠠᠷᠢᠬᠤ ᠭᠡᠪᠡ᠃ ᠪᠢᠳᠠ ᠬᠣᠶᠠᠷ ᠳ᠋ᠠᠰᠢ ᠶ᠋ᠢᠨ ᠳ᠋ᠦ᠍ ᠣᠷᠣᠪᠠ᠃ ᠨᠠᠷᠠ ᠬᠡᠳᠦᠢᠨ ᠬᠥᠭᠡᠷᠴᠢᠭᠡᠭᠰᠡᠨ ( ᠳᠡᠭᠳᠡᠴᠢᠭᠡᠭᠰᠡᠨ ) ᠪᠠᠢᠬᠤ ᠳ᠋ᠤ᠌ ᠭᠡᠷᠡᠯ ᠮᠡᠯᠲᠡᠢᠭᠰᠡᠨ ᠥᠷᠥᠭᠡᠨ ᠳ᠋ᠦ᠍ ᠳ᠋ᠠᠰᠢ ᠲᠠᠢᠪᠤᠩ ᠨᠢ ᠠᠷᠭ᠎ᠠ ᠦᠭᠡᠢ ᠨᠣᠢᠷᠰᠤᠵᠤ ᠪᠠᠢᠯ᠎ᠠ᠃ ᠳᠠᠸᠠ ᠭᠡᠷᠡᠯ ᠥᠭᠡᠳᠡ ᠬᠢᠯᠠᠮᠬᠢᠵᠤ ᠬᠠᠷᠠᠭᠰᠠᠨ ᠢ᠋ᠶ᠋ᠠᠨ᠂ ᠬᠡᠭ! ᠤᠨᠲᠠᠬᠤ ᠤᠨᠲᠠᠬᠤ ᠳ᠋ᠠᠭᠠᠨ ᠪᠠᠰᠠ ᠭᠡᠷᠡᠯᠲᠡᠢ ᠤᠨᠲᠠᠳᠠᠭ ᠪᠠᠢᠨ᠎ᠠ ᠰᠢᠦ ᠭᠡᠳ ᠳ᠋ᠠᠰᠢ ᠶ᠋ᠢᠨ ᠬᠥᠨᠵᠢᠯᠡ ᠶ᠋ᠢ ᠬᠠᠤ ᠲᠠᠲᠠᠪᠠ᠃ ᠴᠠᠭᠠᠳᠤᠬᠢ ᠨᠢ ᠨᠣᠢᠷᠮᠤᠭᠯᠠᠵᠤ 《ᠲᠤᠮᠤᠭ᠎ᠠ ᠲᠠᠢ ᠪᠠᠢ 》 ᠭᠡᠵᠦ ᠤᠴᠠᠭᠠᠷᠯᠠᠪᠠ᠃ ᠳᠠᠸᠠ ᠲᠣᠯᠣᠭᠠᠢ ᠶ᠋ᠢ ᠨᠢ ᠥᠨᠳᠡᠢᠯᠭᠡᠭᠡᠳ 《 ᠬᠦᠶᠢ᠂ ᠴᠢ ᠡᠬᠡ ᠵᠣᠬᠢᠶᠠᠯ ᠤ᠋ᠨ ᠲᠡᠮᠳᠡᠭᠯᠡᠯ ᠢ᠋ᠶ᠋ᠠᠨ ᠥᠭᠭᠦᠭᠡᠳᠡᠬᠡ᠂ ᠪᠢ ᠲᠡᠭᠦᠨ ᠢ᠋ ᠴᠢᠨᠢ ᠰᠢᠯᠭᠠᠯᠲᠠ ᠳ᠋ᠤ᠌ ᠣᠷᠣᠬᠤ ᠶ᠋ᠢᠨ ᠨᠠᠭᠠᠨ᠎ᠠ ᠲᠦᠷᠭᠡᠨ ᠬᠠᠷᠠᠭᠠᠳ ᠬᠢᠶ᠎ᠡ 》 ᠭᠡᠬᠦ ᠳ᠋ᠦ᠍ ᠴᠠᠭᠠᠳᠤᠬᠢ ᠨᠢ ᠨᠢᠳᠦ ᠪᠡᠨ ᠨᠤᠬᠤᠯᠤᠨ《ᠬᠢᠭᠰᠡᠨ ᠶᠠᠭᠤᠮ᠎ᠠ ᠪᠠᠢᠬᠤ ᠦᠭᠡᠢ ᠬᠤᠳᠠᠯ ᠠ᠋ ᠬᠡᠭᠦᠨᠡ ᠦᠵᠡ ᠯᠡ ᠳᠡ ᠴᠢ 》 ᠭᠡᠳ ᠴᠦᠩᠬᠦ ᠪᠡᠨ ᠲᠦᠯᠬᠢᠪᠡ᠃ ᠳᠠᠸᠠ ᠱᠠᠯᠠ ᠤᠷᠤᠭᠤ ᠨᠢᠯᠪᠤᠭᠠᠳ ᠡᠭᠦᠳᠡ ᠤᠷᠤᠭᠤ ᠶᠠᠪᠤᠬᠤ ᠳ᠋ᠠᠭᠠᠨ ᠨᠠᠳᠠ ᠥᠭᠡᠳᠡ ᠬᠠᠷᠠᠭᠠᠳ 《 ᠮᠠᠭᠤ ᠬᠠᠷ᠎ᠠ ᠬᠤᠳᠠᠯᠴᠢ᠂ ᠳᠠᠯᠠᠨ ᠲᠠᠰᠤᠭᠠ 》 ᠭᠡᠴᠢᠬᠡᠭᠡᠳ ᠭᠠᠷᠴᠤ ᠤᠳᠪᠠ᠃ ᠰᠢᠯᠭᠠᠯᠲᠠ ᠡᠬᠢᠯᠡᠪᠡ᠃ ᠳᠠᠸᠠ ᠪᠢᠯᠧᠲ ᠰᠤᠭᠤᠯᠤᠭᠠᠳ ᠤᠷᠲᠤ ᠲᠠᠯ᠎ᠠ ᠳ᠋ᠤ᠌ ᠰᠠᠭᠤᠪᠠ᠃ ᠲᠡᠷᠡ ᠪᠡᠷ ᠬᠡᠰᠡᠭ ᠵᠠᠭᠤᠷ᠎ᠠ ᠪᠢᠯᠧᠲ ᠢ᠋ᠶ᠋ᠡᠨ ᠰᠢᠷᠳᠡᠨ ᠰᠠᠭᠤᠭᠰᠠᠨ ᠢ᠋ᠶ᠋ᠠᠨ ᠬᠤᠷᠤᠭᠤ ᠪᠠᠨ ᠭᠤᠵᠤᠢᠯᠭᠠᠨ ᠪᠠᠭᠰᠢ ᠶ᠋ᠢ ᠳᠠᠭᠤᠳᠠᠪᠠ᠃ ᠪᠠᠭᠰᠢ ᠪᠢᠯᠧᠲ ᠢ᠋ ᠨᠢ ᠤᠩᠰᠢᠭᠰᠠᠨ ᠢ᠋ᠶ᠋ᠠᠨ ᠲᠡᠭᠦᠨ ᠢ᠋ ᠨᠢᠭᠡ ᠠᠵᠢᠭᠯᠠᠴᠢᠬᠠᠭᠠᠳ ᠬᠤᠯᠠᠳᠪᠠ᠃ ᠳᠠᠸᠠ ᠨᠠᠳᠠ ᠥᠭᠡᠳᠡ ᠬᠠᠷᠠᠪᠠ᠃ ᠲᠣᠯᠣᠭᠠᠢ ᠰᠡᠭᠰᠦᠷᠴᠦ ᠪᠠᠢᠨ᠎ᠠ᠃ ᠲᠡᠭᠡᠭᠰᠡᠨ ᠢ᠋ᠶ᠋ᠡᠨ ᠴᠢᠮᠠᠷᠬᠠᠢ ᠶ᠋ᠢᠨ ᠲᠤᠰ ᠭᠠᠵᠠᠷ ᠭᠠᠷ ᠢ᠋ᠶ᠋ᠠᠨ ᠠᠷᠪᠠᠭᠠᠨᠠᠭᠤᠯᠪᠠ᠃ ᠳᠠᠸᠠ ᠶ᠋ᠢᠨ ᠨᠢᠳᠦ ᠴᠢᠰ ᠤᠯᠠᠢᠵᠤ ᠦᠰᠦ ᠨᠢ ᠥᠷᠪᠠᠢᠵᠤ ᠬᠠᠷᠠᠭᠳᠠᠬᠤ ᠨᠢ ᠦᠷᠦ ᠡᠪᠡᠳᠦᠯ ᠲᠡᠢ ᠠᠵᠢ᠃ ᠪᠡᠯᠡᠳᠬᠡᠯ ᠦ᠋ᠨ ᠴᠠᠭ ᠳᠠᠭᠤᠰᠴᠤ ᠳᠠᠸᠠ ᠢᠨᠳᠡᠷ ᠲᠦ᠍ ᠭᠠᠷᠪᠠ᠃ ᠲᠡᠷᠡ ᠬᠣᠷᠣᠮᠬᠠᠨ ᠳᠠᠭᠤ ᠦᠭᠡᠢ ᠪᠠᠢᠭᠰᠠᠨ ᠢ᠋ᠶ᠋ᠠᠨ ᠨᠠᠭᠠᠯᠢᠩᠬᠠᠢ ᠬᠣᠶᠠᠷ ᠨᠢᠳᠦ ᠴᠢᠨᠢ ᠭᠡᠳ ᠠᠮᠠ ᠨᠢ ᠠᠩᠭᠠᠯᠵᠠᠪᠠ᠃ ᠪᠠᠭᠰᠢ ᠨᠠᠷ ᠳᠠᠸᠠ ᠶ᠋ᠢᠨ ᠵᠦᠭ ᠭᠠᠢᠬᠠᠨ ᠬᠠᠷᠠᠪᠠ᠃ ᠳᠠᠸᠠ ᠲᠣᠩᠭᠣᠢᠪᠠ᠂ ᠲᠦᠳᠡᠯ ᠦᠭᠡᠢ ᠲᠣᠯᠣᠭᠠᠢ ᠥᠨᠳᠡᠢᠯᠭᠡᠵᠦ ᠨᠠᠭᠠᠯᠢᠩᠬᠠᠢ ᠁ ᠨᠠᠭᠠᠯᠢᠨ ᠁ ᠨᠢᠳᠦ ᠭᠡᠳ ᠲᠠᠭ ᠪᠣᠯᠵᠤ ᠵᠥᠪᠬᠡᠨ ᠠᠮᠠ ᠨᠢ ᠥᠮᠥᠯᠵᠡᠨ ᠬᠣᠶᠠᠷ ᠨᠢᠳᠦᠨ ᠡᠴᠡ ᠨᠢ ᠨᠢᠯᠪᠤᠰᠤ ᠭᠠᠷᠪᠠ᠃ ᠠᠩᠭᠢ ᠶ᠋ᠢᠨ ᠪᠠᠭᠰᠢ ᠪᠣᠰᠴᠤ ᠳᠠᠸᠠ ᠶ᠋ᠢ ᠰᠤᠭᠤᠳᠠᠵᠤ ᠪᠠᠭᠤᠭᠠᠳ 《 ᠮᠡᠳᠡᠷᠡᠯ ᠦ᠋ᠨ ᠰᠠᠭᠠᠲᠠᠯ 》 ᠪᠣᠯᠵᠤ ᠪᠠᠢᠨ᠎ᠠ ᠭᠡᠪᠡ᠃ ᠲᠤᠰᠠᠯᠠᠭᠴᠢ ᠪᠠᠭᠰᠢ 《 ᠬᠡᠳᠦ ᠶᠠᠳᠠᠷᠠᠴᠢᠬᠠᠵᠠᠢ 》 ᠭᠡᠰᠡᠨ ᠢ᠋ᠶ᠋ᠡᠨ ᠳᠠᠸᠠ ᠲᠡᠢᠰᠢ ᠰᠠᠭᠤ ᠲᠠᠢᠪᠤᠰᠢᠷᠠ ᠭᠡᠪᠡ᠃ ᠬᠣᠶᠠᠷ ᠪᠠᠭᠰᠢ ᠰᠢᠪᠡᠨᠡᠯᠳᠦᠪᠡ᠃
— ᠡᠭᠦᠨ ᠳ᠋ᠦ᠍ ᠴᠢᠨᠢ ᠳ᠋ᠦᠩ ᠲᠠᠯᠪᠢᠬᠤ ᠤᠤ ?
— ᠬᠠᠷᠢᠨ ᠠ᠋ ᠬᠦ ᠂ ᠶᠠᠳᠠᠵᠤ ᠪᠦᠲᠦᠨ ᠥᠭᠦᠯᠡᠪᠦᠷᠢ ᠬᠡᠯᠡᠴᠢᠬᠡᠭᠰᠡᠨ ᠪᠣᠯᠤᠭᠠᠰᠠᠢ᠃
— ᠳᠠᠸᠠ ᠴᠤ ᠶᠠᠭᠤᠮ᠎ᠠ ᠬᠡᠯᠡᠭᠰᠡᠨ ᠰᠢᠦ᠃
— ᠭᠡᠭ᠂ ᠨᠠᠭᠠᠯᠢᠩᠬᠠᠢ ᠬᠣᠶᠠᠷ ᠨᠢᠳᠦ ᠭᠡᠵᠦ ᠶᠠᠮᠠᠷ ᠴᠤ᠌ ᠬᠠᠮᠢᠶ᠎ᠡ ᠦᠭᠡᠢ ᠶᠠᠭᠤ ᠪᠠᠨ ᠳᠣᠩᠭᠣᠰᠴᠤ ᠪᠠᠢᠭ᠎ᠠ ᠶᠤᠮ ᠪᠣᠢ᠃
— ᠵᠠ ᠶᠠᠭᠠᠬᠢᠬᠤᠪ ᠰᠠᠢᠨ ᠪᠡᠯᠡᠳᠴᠦ ᠠᠮᠠᠷᠠᠵᠤ ᠪᠠᠢᠭᠠᠳ ᠳᠠᠬᠢᠭᠠᠳ ᠥᠭᠭᠦᠭ᠃
ᠠᠷᠤ ᠶ᠋ᠢᠨ ᠰᠠᠨᠳᠠᠯᠢ ᠳ᠋ᠤ᠌ ᠲᠣᠩᠭᠣᠢᠨ ᠰᠠᠭᠤᠭᠰᠠᠨ ᠳᠠᠸᠠ ᠬᠡᠩᠭᠢᠨᠡᠲᠡᠯᠡ ᠤᠬᠢᠯᠠᠪᠠ᠃ ᠡᠮᠡᠭᠲᠡᠢ ᠣᠶᠤᠲᠠᠨ ᠨᠤᠭᠤᠳ ᠢᠨᠢᠶᠡᠳᠦ ᠪᠡᠨ ᠪᠠᠷᠢᠵᠤ ᠶᠠᠳᠠᠨ ᠤᠷᠤᠭᠤᠯ ᠢ᠋ᠶ᠋ᠠᠨ ᠬᠠᠵᠠᠵᠤ ᠬᠠᠷᠠᠭᠳᠠᠨ᠎ᠠ᠃ ᠳ᠋ᠠᠰᠢ ᠢᠴᠢᠵᠦ ᠵᠣᠪᠠᠬᠤ ᠦᠭᠡᠢ ᠤᠬᠢᠯᠠᠵᠤ ᠰᠠᠭᠤᠭ᠎ᠠ ᠳᠠᠸᠠ ᠶ᠋ᠢ ᠦᠷᠦ ᠡᠪᠡᠳᠦᠭᠰᠡᠨ ᠴᠢᠷᠠᠢ ᠲᠠᠢ ᠬᠠᠷᠠᠨ᠎ᠠ᠃ ᠳᠠᠸᠠ ᠲᠣᠯᠣᠭᠠᠢ ᠪᠠᠨ ᠥᠨᠳᠡᠢᠯᠭᠡᠭᠡᠳ ᠳ᠋ᠠᠰᠢ ᠲᠠᠢ ᠬᠠᠷᠠᠴᠠ ᠲᠤᠯᠭᠠᠷᠠᠭᠰᠠᠨ ᠳ᠋ᠠᠭᠠᠨ ᠵᠣᠪᠠᠵᠤ ᠵᠣᠪᠠᠭᠰᠠᠨ ᠳ᠋ᠠᠭᠠᠨ ᠭᠠᠷ ᠢ᠋ᠶ᠋ᠠᠨ ᠵᠠᠩᠭᠢᠳᠤᠨ ᠵᠠᠨᠤᠪᠠ᠃ ᠳ᠋ᠠᠰᠢ ᠶ᠋ᠢᠨ ᠴᠢᠷᠠᠢ ᠴᠢᠰ ᠤᠯᠠᠢᠪᠠ᠃ ᠲᠡᠭᠦᠨ ᠢ᠋ ᠬᠠᠷᠠᠭᠰᠠᠨ ᠨᠢᠭᠡ ᠡᠮᠡᠭᠲᠡᠢ ᠣᠶᠤᠲᠠᠨ ᠲᠡᠰᠴᠦ ᠴᠢᠳᠠᠯ ᠦᠭᠡᠢ ᠲᠦᠰ ᠬᠢᠲᠡᠯ᠎ᠡ ᠢᠨᠢᠶᠡᠳᠦ ᠠᠯᠳᠠᠪᠠ᠃ ᠪᠠᠭᠰᠢ ᠥᠨᠳᠡᠢᠵᠦ 《 ᠬᠡᠨ ᠪᠣᠢ᠂ ᠬᠡᠨ ᠪᠣᠢ 》 ᠭᠡᠵᠦ ᠱᠠᠭᠠᠷᠳᠠᠪᠠ ᠁
ᠡᠢᠮᠦ ᠨᠢᠭᠡ ᠶᠠᠭᠤᠮ᠎ᠠ ᠪᠢᠳᠡᠨ ᠳ᠋ᠦ᠍ ᠲᠣᠬᠢᠶᠠᠯᠳᠤᠭᠰᠠᠨ ᠢ᠋ ᠪᠣᠳᠣᠨ ᠢᠷᠡᠭᠰᠡᠨ ᠵᠠᠮ ᠢ᠋ᠶ᠋ᠠᠷ ᠢ᠋ᠶ᠋ᠠᠨ ᠪᠤᠴᠠᠵᠤ ᠶᠠᠪᠤᠬᠤ ᠳ᠋ᠤ᠌ ᠳᠠᠸᠠ ᠮᠠᠨᠢ ᠬᠡᠳᠦᠨ ᠬᠥᠮᠦᠨ ᠲᠡᠢ ᠴᠣᠭ ᠨᠢᠭᠡ ᠬᠤᠪᠠᠬᠠᠢᠷᠠᠭᠰᠠᠨ ᠭᠠᠴᠤᠷ᠎ᠠ ᠬᠣᠪᠬᠤ ᠲᠠᠲᠠᠭᠠᠳ ᠶᠡᠬᠡ ᠯᠡ ᠡᠷᠡᠯᠭᠦᠦ ᠰᠢᠲᠠᠵᠤ ᠬᠠᠷᠠᠭᠳᠠᠨ᠎ᠠ᠃ ᠲᠡᠷᠲᠡᠭᠡ ᠣᠶᠤᠲᠠᠨ ᠠᠬᠤᠢ ᠴᠠᠭ ᠤ᠋ᠨ ᠢ᠋ᠶ᠋ᠠᠨ ᠰᠢᠭ᠋ ᠠᠬᠢᠭᠤ ᠳ᠋ᠦᠩ ᠦ᠋ᠨ ᠲᠥᠯᠥᠭᠡ ᠰᠤᠷᠤᠯᠭ᠎ᠠ ᠶ᠋ᠢᠨ ᠨᠡᠮᠡᠭᠳᠡᠯ ᠦ᠋ᠨ ᠲᠥᠯᠥᠭᠡ ᠤᠯᠠᠢᠷᠠᠵᠤ ᠮᠠᠭᠤᠷᠠᠵᠤ ᠤᠨᠠᠲᠠᠯ᠎ᠠ ᠪᠠᠨ ᠤᠩᠰᠢᠵᠤ ᠪᠠᠢᠭᠰᠠᠨ ᠰᠢᠭ᠋ ᠢ᠋ᠶ᠋ᠡᠨ ᠡᠨᠡ ᠬᠣᠲᠠ ᠨᠡᠢᠭᠡᠮ ᠦᠨ ᠠᠵᠤ ᠠᠬᠤᠢ ᠶᠢ ᠬᠢᠮᠠᠭᠠᠳᠠᠪᠠᠯ ᠮᠠᠨ ᠤ ᠠᠩᠭᠢ ᠶᠢᠨ ᠳᠠᠸᠠ ᠶᠠᠮᠠᠷ ᠴᠤ᠌ ᠬᠥᠷᠥᠰᠥᠨ ᠳᠦ ᠶᠠᠭᠤ ᠴᠤ᠌ ᠤᠷᠭᠤᠭᠤᠯᠵᠤ ᠴᠢᠳᠠᠨ᠎ᠠ ᠳ᠋ᠠ ᠭᠡᠵᠦ ᠪᠣᠳᠣᠭᠳᠠᠨ᠎ᠠ᠃ ᠬᠠᠵᠠᠭᠤ ᠪᠡᠷ ᠨᠢ ᠥᠩᠭᠡᠷᠡᠵᠦ ᠶᠠᠪᠤᠲᠠᠯ᠎ᠠ ᠮᠠᠨᠢ ᠬᠥᠮᠥᠨ ᠦ ᠳᠠᠭᠤ ᠴᠢᠩᠭᠠᠷᠠᠵᠤ 《 ᠶᠠᠮᠠᠷ ᠬᠠᠮᠢᠶ᠎ᠠ ᠪᠠᠢᠭᠰᠠᠨ ᠶᠤᠮ᠂ ᠰᠠᠭᠤᠯᠭᠠᠵᠤ ᠣᠷᠭᠢᠶ᠎ᠠ᠂ ᠤᠷᠭᠤᠬᠤ ᠦᠭᠡᠢ ᠳᠡᠭᠡᠨ ᠵᠠᠶᠠᠭ᠎ᠠ ᠨᠢ ᠲᠡᠢᠮᠦ》 ᠭᠡᠵᠦ ᠬᠡᠯᠡᠭᠡᠳ ᠲᠠᠰ ᠲᠠᠰ ᠬᠦᠬᠦᠷᠡᠭᠰᠡᠨ ᠢᠶᠡᠨ ᠨᠠᠳᠠ ᠤᠷᠤᠭᠤ ᠬᠠᠷᠠᠭᠠᠳ 《ᠲᠡᠢᠮᠦ ᠡ᠂ ᠪᠠᠨᠳᠢᠢᠶᠠ》 ᠭᠡᠳ ᠨᠢᠳᠦ ᠢᠷᠮᠡᠪᠡ᠃ ᠬᠥᠮᠥᠨ ᠭᠡᠳᠡᠭ ᠴᠠᠭ ᠤᠨ ᠤᠷᠤᠰᠬᠠᠯ ᠳᠤ ᠰᠣᠨᠢᠨ ᠪᠣᠯᠬᠤ ᠶᠤᠮ ᠳ᠋ᠠ᠃
– – – –
①《 ᠳᠣᠲᠣᠨᠣ ᠶ᠋ᠢᠨ ᠨᠠᠢᠵᠠ ᠨᠤᠭᠤᠳ》 ᠭᠡᠰᠡᠨ ᠬᠠᠷ᠎ᠠ ᠶᠠᠷᠢᠶᠠᠨ ᠤ᠋ ᠦᠭᠡ
② ᠠᠮᠠᠨ ᠶᠠᠷᠢᠶ᠎ᠠ ᠬᠡᠯᠪᠡᠷᠢ ᠪᠡᠷ ᠬᠢᠴᠢᠶᠡᠯ ᠤᠳᠤᠷᠢᠳᠬᠤ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ ᠂ ᠳᠠᠪᠰᠢᠯᠲᠦ
ᠬᠢᠨᠠᠭ᠍ᠴᠢ : ᠲᠤᠭ᠍ᠴᠢ ᠰᠠᠷᠠᠨ᠎ᠠ
2023᠂ 11᠂ 11 ᠤ ᠡᠳᠦᠷ
