ᠬᠣᠶᠠᠷ ᠭᠤᠷᠪᠠᠳᠤᠭᠠᠷ ᠠᠵᠢᠷᠭ᠎ᠠ ᠮᠣᠷᠢᠨ ᠤ᠋ ᠢᠷᠥᠭᠡᠯ- ᠬᠡᠷᠡᠢᠳ ᠦ᠋ᠨ ᠬᠡᠢᠷᠦᠪ ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ ᠭᠤᠷᠪᠠᠳᠤᠭᠠᠷ ᠠᠵᠢᠷᠭ᠎ᠠ ᠮᠣᠷᠢᠨ ᠤ᠋ ᠢᠷᠥᠭᠡᠯ- ᠬᠡᠷᠡᠢᠳ ᠦ᠋ᠨ ᠬᠡᠢᠷᠦᠪ

ᠬᠣᠶᠠᠷ ᠭᠤᠷᠪᠠᠳᠤᠭᠠᠷ ᠠᠵᠢᠷᠭ᠎ᠠ ᠮᠣᠷᠢᠨ ᠤ᠋ ᠢᠷᠥᠭᠡᠯ- ᠬᠡᠷᠡᠢᠳ ᠦ᠋ᠨ ᠬᠡᠢᠷᠦᠪ

2024-11-13

428

ᠬᠣᠶᠠᠷ ᠭᠤᠷᠪᠠᠳᠤᠭᠠᠷ ᠠᠵᠢᠷᠭ᠎ᠠ ᠮᠣᠷᠢᠨ ᠤ᠋ ᠢᠷᠥᠭᠡᠯ

   ᠵᠣᠬᠢᠶᠠᠭᠴᠢ᠄ ᠴ ᠬᠠᠰᠪᠢᠯᠢᠭ᠌ᠲᠦ  
   ᠢᠷᠦᠭᠡᠯᠴᠢ ᠬᠣᠨᠵᠢᠨ᠄ ᠬᠡᠷᠡᠢᠳ ᠦ᠋ᠨ ᠬᠡᠢᠷᠦᠪ 
ᠤᠸᠮ ᠰᠠᠢᠨ ᠠᠮᠤᠭᠤᠯᠠᠩ ᠲᠠᠨ ᠪᠣᠯᠲᠤᠭᠠᠢ! 
ᠤᠯᠠᠮ ᠰᠠᠢᠨ ᠵᠢᠷᠭᠠᠯᠠᠩ ᠲᠠᠨ ᠪᠣᠯᠲᠤᠭᠠᠢ! 
ᠬᠣᠲᠠᠯᠠ ᠣᠯᠠᠨ ᠠᠭᠲᠠ ᠶ᠋ᠢᠨ ᠳᠣᠲᠣᠷ᠎ᠠ ᠠ᠋ᠴᠠ 
ᠬᠤᠯᠠᠨ ᠵᠢᠭᠢᠨᠳᠡᠢ ᠮᠡᠲᠦ ᠳᠡᠭᠦᠯᠢᠭᠰᠡᠭᠡᠷ 
ᠬᠣᠯᠠ ᠭᠠᠵᠠᠷ ᠠ᠋ᠴᠠ ᠰᠤᠩᠭᠠᠨ ᠢᠷᠡᠭᠰᠡᠨ 
ᠬᠣᠶᠠᠷ ᠭᠤᠷᠪᠠᠳᠤᠭᠠᠷ ᠠᠵᠢᠷᠭ᠎ᠠ ᠬᠡᠨ ᠦ᠌ ᠬᠢ ᠪᠣᠢ ᠭᠡᠪᠡᠯ 
ᠤᠯᠤᠰ ᠣᠷᠣᠨ ᠤ᠋ ᠤᠷᠤᠯᠳᠤᠭᠠᠨ ᠳ᠋ᠤ᠌ 
ᠣᠮᠣᠭ ᠲᠡᠭᠦᠯᠳᠡᠷ ᠮᠠᠩᠯᠠᠢᠯᠠᠭᠰᠠᠨ 
ᠣᠨᠴᠠ ᠵᠢᠱ᠌ᠢᠶᠡᠴᠢ ᠮᠠᠯᠴᠢᠨ ᠤ᠋ 
ᠣᠷᠣᠭ᠎ᠠ ᠰᠢᠷᠭᠠᠭᠴᠢ ᠭᠡᠭᠦᠦ ᠶ᠋ᠢᠨ ᠤᠨᠠᠭ᠎ᠠ ᠶᠤᠮ᠃
ᠡᠢᠮᠦ ᠭᠠᠢᠬᠠᠮᠰᠢᠭᠲᠤ ᠠᠵᠢᠷᠭ᠎ᠠ ᠮᠣᠷᠢᠨ ᠤ᠋
ᠡᠷᠳᠡᠮ ᠴᠢᠳᠠᠯ ᠢ ᠡᠷᠭᠦᠮᠵᠢᠯᠡᠨ ᠮᠠᠭᠲᠠᠪᠠᠰᠤ᠂
ᠤᠶᠠᠭᠰᠠᠨ ᠬᠣᠢᠨ᠎ᠠ ᠦᠵᠡᠪᠡᠰᠦ
ᠤᠷᠠᠨ ᠬᠥᠮᠦᠨ ᠵᠢᠷᠤᠭᠰᠠᠨ ᠰᠢᠭ᠋
ᠣᠷᠣᠯᠳᠣᠭᠠᠳ ᠢᠷᠡᠬᠦ ᠶ᠋ᠢ ᠨᠢ ᠬᠠᠷᠠᠪᠠᠰᠤ
ᠠᠭᠤᠯᠠ ᠶ᠋ᠢᠨ ᠰᠤᠭᠤ ᠰᠤᠩᠭᠠᠭᠰᠠᠨ ᠰᠢᠭ᠋
ᠰᠢᠪᠡᠷ ᠨᠠᠮᠤᠭ ᠲᠠᠢ ᠭᠠᠵᠠᠷ ᠪᠠᠢᠯᠭᠠᠰᠢ ᠦᠭᠡᠢ
ᠱᠠᠯᠪᠠᠭ ᠲᠠᠢ ᠭᠠᠵᠠᠷ ᠵᠣᠭᠰᠣᠭᠠᠰᠢ ᠦᠭᠡᠢ
ᠮᠠᠭᠤ ᠬᠥᠮᠦᠨ ᠳ᠋ᠦ᠍ ᠤᠨᠤᠭᠤᠯᠤᠰᠢ ᠦᠭᠡᠢ
ᠮᠤᠷᠤᠢ ᠪᠠᠭᠠᠨ᠎ᠠ ᠠ᠋ᠴᠠ ᠤᠶᠠᠰᠢ ᠦᠭᠡᠢ
ᠥᠩ ᠪᠡᠯᠴᠢᠭᠡᠷ ᠲᠤ ᠢᠳᠡᠰᠢᠯᠡᠯ ᠲᠡᠢ
ᠥᠯᠵᠡᠢᠲᠦ ᠲᠤᠩᠭᠠᠯᠠᠭ ᠢ᠋ᠶ᠋ᠠᠷ ᠤᠰᠤᠯᠠᠯᠲᠠᠢ
ᠠᠬᠠᠰ ᠵᠠᠬᠠᠰ ᠲᠤ᠌ ᠪᠠᠨ ᠠᠵᠢᠶᠠᠷᠠᠭᠤᠯᠤᠨ
ᠠᠷᠠᠳ ᠣᠯᠠᠨ ᠳ᠋ᠠᠭᠠᠨ ᠰᠣᠨᠣᠰᠬᠠᠪᠠᠰᠤ
ᠬᠠᠷᠠᠢᠨ ᠶᠠᠪᠤᠬᠤ ᠨᠢ ᠬᠠᠨᠳᠠᠭᠠᠢ ᠪᠤᠭᠤ ᠰᠢᠭ᠋
ᠬᠠᠲᠠᠷᠢᠵᠤ ᠶᠠᠪᠤᠬᠤ ᠨᠢ ᠰᠣᠯᠣᠩᠭ᠎ᠠ ᠠᠳᠠᠯᠢ
ᠬᠠᠢᠯᠵᠤ ᠤᠷᠤᠰᠤᠭᠰᠠᠨ ᠪᠤᠯᠠᠭ ᠮᠡᠲᠦ ᠨᠤᠷᠭᠢᠶᠠᠨ ᠲᠠᠢ
ᠬᠠᠷᠪᠤᠵᠤ ᠲᠠᠯᠪᠢᠭᠰᠠᠨ ᠰᠤᠮᠤ ᠮᠡᠲᠦ ᠬᠤᠷᠳᠤᠨ
ᠤᠳᠤᠮ ᠰᠠᠢᠲᠤ ᠶ᠋ᠢᠨ ᠤᠨᠠᠭ᠎ᠠ
ᠤᠰᠬᠠᠯ ᠬᠤᠷᠳᠤᠨ ᠮᠣᠷᠢ ᠪᠥᠭᠡᠳ
ᠲᠦᠢᠮᠡᠷ ᠮᠡᠲᠦ ᠲᠦᠷᠭᠡᠨ ᠤᠴᠢᠷ ᠠ᠋ᠴᠠ
ᠲᠦᠪᠰᠢᠨ ᠲᠥᠷᠥ ᠳ᠋ᠡᠭᠡᠨ ᠰᠠᠢᠰᠢᠶᠠᠭᠳᠠᠭᠰᠠᠨ
ᠳᠠᠭᠤᠲᠤ ᠮᠥᠨᠳᠥᠷ ᠮᠡᠲᠦ ᠲᠦᠷᠭᠡᠨ
ᠳᠤᠭᠤᠯᠳᠠᠬᠤ ᠬᠠᠷᠴᠠᠭᠠᠢ ᠭᠡᠭᠴᠢ ᠡᠨᠡ ᠮᠠᠭᠠᠳ ᠮᠥᠨ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
      2004 ᠣᠨ ᠤ᠋5 ᠰᠠᠷ᠎ᠠ ᠶ᠋ᠢᠨ5 ᠤ᠋ ᠡᠳᠦᠷ ᠪᠢᠴᠢᠪᠡ᠃
   ᠦᠰᠦᠭ ᠠᠮᠢᠯᠠᠭᠤᠯᠤᠭᠴᠢ ᠬᠠᠳᠠᠭᠴᠢ᠄ ᠬᠡᠷᠡᠢᠳ ᠨᠠᠷᠠᠰᠤ
   ᠬᠢᠨᠠᠭᠴᠢ᠄ ᠵ ᠂ ᠪᠤᠶᠠᠨᠲᠣᠭᠲᠠᠬᠤ᠂ ᠣᠳᠬᠠᠨᠰᠣ᠎ᠡ᠂ ᠢᠷᠡᠭᠡᠳᠦᠢ