ᠥᠬᠢᠨ ᠳ᠋ᠦ᠍ ᠪᠡᠨОхиндоо ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠬᠢᠨ ᠳ᠋ᠦ᠍ ᠪᠡᠨОхиндоо

ᠥᠬᠢᠨ ᠳ᠋ᠦ᠍ ᠪᠡᠨОхиндоо

2023-11-13

545

ᠥᠬᠢᠨ ᠳ᠋ᠦ᠍ ᠪᠡᠨ

ᠨᠠᠷᠠ ᠶ᠋ᠢ ᠠᠳᠬᠤᠵᠤ ᠢᠷᠡᠭᠰᠡᠨ ᠶᠦ᠍ᠮ ᠮᠢᠨᠦ ᠥᠬᠢᠨ 
ᠨᠠᠰᠤ ᠶ᠋ᠢ ᠮᠢᠨᠢ ᠬᠤᠴᠢᠵᠤ ᠢᠷᠡᠭᠰᠡᠨ ᠶᠦ᠍ᠮ ᠮᠢᠨᠦ ᠥᠬᠢᠨ 
ᠨᠡᠷᠡᠲᠦ ᠳ᠋ᠦ᠍ ᠳᠤᠯᠠᠭᠠᠨ ᠶᠠᠪᠤᠭᠤᠯᠬᠤ ᠭᠡᠵᠦ ᠢᠷᠡᠭᠰᠡᠨ ᠶᠦ᠍ᠮ ᠮᠢᠨᠦ ᠥᠬᠢᠨ  
ᠨᠠᠨᠳᠢᠨ ᠪᠦᠬᠦᠨ ᠢ᠋ ᠮᠡᠳᠡᠷᠡᠭᠦᠯᠬᠦ ᠭᠡᠵᠦ ᠢᠷᠡᠭᠰᠡᠨ ᠶᠦ᠍ᠮ ᠮᠢᠨᠦ ᠥᠬᠢᠨ 

ᠬᠦᠵᠢ ᠳᠡᠯᠡᠬᠡᠢ ᠶ᠋ᠢᠨ ᠴᠡᠴᠡᠭᠡᠰ ᠢ᠋ᠶ᠋ᠡᠷ ᠰᠡᠳᠬᠢᠯ ᠢ᠋ᠶ᠋ᠡᠨ ᠴᠢᠮᠡᠭᠡᠳ 
ᠬᠦᠷᠴᠦ ᠪᠣᠯᠬᠤ ᠣᠷᠭᠢᠯ ᠪᠦᠬᠦᠨ ᠳ᠋ᠦ᠍ ᠢᠲᠡᠭᠡᠯ ᠢ᠋ᠶ᠋ᠡᠷ ᠢ᠋ᠶ᠋ᠡᠨ ᠳᠡᠭᠦᠯᠢᠭᠡᠳ 
ᠬᠥᠮᠦᠨ ᠪᠦᠬᠦᠨ ᠦ᠌ ᠬᠠᠷᠠᠴᠠᠨ ᠤ᠋ ᠣᠳᠣ ᠪᠣᠯᠤᠨ ᠭᠢᠯᠠᠯᠵᠠᠭᠠᠳ 
ᠬᠦᠰᠡᠯ ᠦ᠋ᠨ ᠴᠠᠭᠠᠨ ᠣᠷᠭᠢᠯ ᠳ᠋ᠤ᠌ ᠪᠠᠨ ᠬᠤᠨ ᠰᠢᠪᠠᠭᠤ ᠰᠢᠭ᠋ ᠳᠡᠪᠢᠭᠡᠷᠡᠢ 

ᠰᠡᠳᠬᠢᠯ ᠰᠡᠳᠬᠢᠯ ᠦ᠋ᠨ ᠵᠥᠭᠡᠯᠡᠨ ᠨᠢ ᠥᠬᠢᠨ ᠦᠷ᠎ᠡ ᠡᠴᠡ ᠯᠡ ᠣᠨᠳᠣᠷᠳᠠᠭ 
ᠰᠡᠮᠡᠬᠡᠨ ᠰᠡᠮᠡᠬᠡᠨ ᠠᠮᠢᠳᠤᠷᠠᠯ ᠤ᠋ᠨ ᠦᠨᠡᠨ ᠥᠬᠢᠨ ᠦᠷ᠎ᠡ ᠡᠴᠡ ᠢᠪᠢᠯᠳᠡᠭ 
ᠰᠠᠨᠠᠭ᠎ᠠ ᠨᠢ ᠰᠦ ᠲᠡᠢ ᠴᠠᠭᠠᠳᠬᠠᠯ ᠥᠬᠢᠨ ᠦᠷ᠎ᠡ ᠡᠴᠡ ᠭᠠᠷᠳᠠᠭ 
ᠰᠠᠯᠭᠠᠭᠤ ᠣᠷᠴᠢᠯᠠᠩ ᠳ᠋ᠤ᠌ ᠬᠥᠯ ᠬᠤᠴᠢᠬᠤ ᠬᠥᠮᠦᠨ ᠥᠬᠢᠨ ᠦᠷ᠎ᠡ ᠯᠡ ᠪᠠᠢᠳᠠᠭ 

ᠡᠵᠢ ᠶ᠋ᠢᠨ ᠢ᠋ᠶ᠋ᠡᠨ ᠠᠮᠢᠳᠤᠷᠠᠯ ᠢ᠋ᠶ᠋ᠠᠷ ᠠᠬᠢᠨ ᠨᠢᠭᠡ ᠠᠮᠢᠳᠤᠷᠠᠬᠤ ᠬᠥᠮᠦᠨ 
ᠡᠷᠬᠡ ᠨᠠᠰᠤᠨ ᠳ᠋ᠤ᠌ ᠪᠠᠨ ᠡᠷᠬᠢᠯᠡᠵᠦ ᠥᠰᠴᠦ ᠶᠠᠪᠤᠭ᠎ᠠ ᠮᠢᠨᠦ ᠥᠬᠢᠨ 
ᠡᠬᠡᠨᠡᠷ ᠬᠥᠮᠦᠨ ᠦ᠌ ᠡᠭᠦᠷᠭᠡ ᠪᠡᠷ ᠨᠠᠰᠤ ᠪᠠᠷ ᠢ᠋ᠶ᠋ᠠᠨ ᠥᠪᠡᠷ ᠢ᠋ ᠪᠡᠨ ᠬᠣᠷᠢᠨ᠎ᠠ 
ᠡᠷᠬᠡ ᠴᠢᠯᠥᠭᠡ ᠲᠡᠢ ᠴᠠᠭ ᠲᠤ ᠪᠠᠨ ᠡᠳ᠋ᠯᠡᠵᠦ ᠶᠠᠪᠤᠭ᠎ᠠ ᠮᠢᠨᠦ ᠥᠬᠢᠨ 

ᠪᠤᠰᠤᠳ ᠤ᠋ᠨ ᠲᠥᠯᠥᠭᠡ ᠬᠠᠩᠭᠠᠯᠲᠠᠲᠠᠢ ᠪᠤᠷᠤᠭᠤᠲᠠᠨ ᠪᠣᠯ
ᠪᠤᠶᠠᠨ ᠨᠡᠭᠦᠯ ᠬᠣᠶᠠᠷ ᠤ᠋ᠨ ᠳᠤᠮᠳᠠ ᠬᠦᠰᠡᠬᠦᠢᠴᠢ ᠪᠥᠬᠥᠢᠵᠦ ᠯᠡ ᠲᠠᠭᠠᠷᠠᠨ᠎ᠠ
ᠪᠣᠷᠣ ᠴᠤ᠌ ᠭᠡᠰᠡᠨ ᠭᠡᠷ ᠲᠡᠢ ᠪᠠᠢᠭ᠎ᠠ ᠳ᠋ᠤ᠌ ᠳᠡᠭᠡᠷ᠎ᠡ ᠪᠡᠨ ᠬᠠᠲᠤᠨ ᠰᠢᠭ᠋ ᠠᠪᠤᠷᠢᠯᠠ
ᠪᠤᠭᠤᠷᠤᠯ ᠠᠮᠢᠳᠤᠷᠠᠯ ᠤ᠋ᠨ ᠨᠢᠷᠤᠭᠤᠨ ᠳ᠋ᠤ᠌ ᠥᠲᠡᠯ ᠪᠣᠯᠲᠠᠯ᠎ᠠ ᠪᠠᠨ ᠯᠠ ᠪᠣᠭᠣᠯ ᠰᠢᠭ᠋ ᠵᠢᠳᠬᠦᠨ᠎ᠡ ᠰᠢᠦ ᠳᠡ

ᠲᠡᠢᠮᠦ ᠡᠴᠡ ᠡᠵᠢ ᠶ᠋ᠢᠨ ᠢ᠋ᠶ᠋ᠡᠨ ᠭᠡᠷ ᠡᠴᠡ ᠯᠡ ᠡᠷᠪᠡᠬᠡᠢ ᠰᠢᠭ ᠲᠠᠷᠪᠢ
ᠢᠷᠡᠬᠦ ᠠᠮᠢᠳᠤᠷᠠᠯ ᠴᠢᠨᠢ ᠢᠩᠭᠢᠵᠦ ᠲᠠᠩᠳᠠ ᠭᠤᠶᠤᠬᠤ ᠦᠭᠡᠢ
ᠠᠪᠤ ᠶ᠋ᠢᠨ ᠢ᠋ᠶ᠋ᠡᠨ ᠬᠠᠵᠠᠭᠤ ᠠ᠋ᠴᠠ ᠴᠡᠴᠡᠭ ᠰᠢᠭ ᠳᠡᠯᠭᠡᠷᠡ
ᠠᠮᠢᠳᠤᠷᠠᠯ ᠤ᠋ᠨ ᠤᠷᠢᠳᠤ ᠵᠠᠮ ᠢ᠋ᠶ᠋ᠠᠷ ᠴᠢᠮ᠎ᠠ ᠶ᠋ᠢ ᠤᠳᠠᠭᠠᠨ ᠳᠡᠯᠪᠢᠯᠡᠭᠦ ( ᠳᠡᠯᠪᠢᠭᠡᠯᠡᠬᠦ ) ᠦᠭᠡᠢ

ᠭᠡᠪᠡᠴᠦ ᠮᠥᠩᠬᠡ ᠪᠤᠰᠤ ᠶ᠋ᠢᠨ ᠬᠣᠷᠸ᠎ᠠ ᠳ᠋ᠤ᠌ ᠮᠥᠩᠬᠡ ᠶ᠋ᠢᠨ ᠬᠠᠢᠷ᠎ᠠ ᠶᠤᠮ ᠰᠢᠦ ᠥᠬᠢᠨ ᠮᠢᠨᠢ
ᠮᠥᠮᠥ ᠠᠮᠠᠯᠠᠭᠤᠯᠵᠤ ᠵᠠᠪᠢᠯᠠᠬᠤ ᠪᠦᠰᠡᠭᠦᠢ ᠶ᠋ᠢᠨ ᠵᠠᠪᠢᠯᠠᠭ᠎ᠠ ᠨᠢ ᠶᠦᠮ ᠰᠢᠦ ᠦᠷ᠎ᠡ ᠮᠢᠨᠢ
ᠮᠥᠴᠢᠷ ᠰᠠᠯᠠᠭ᠎ᠠ ᠪᠦᠷᠢ ᠨᠢ ᠴᠢᠮ᠎ᠠ ᠠ᠋ᠴᠠ ᠯᠠ ᠣᠨᠳᠣᠷᠭ᠎ᠠ ᠲᠠᠢ ᠲᠠᠪᠢᠯᠠᠩ ᠦᠨ ᠢ᠋ᠶ᠋ᠡᠨ
ᠮᠥᠩᠬᠡ ᠵᠠᠰᠠᠯᠠᠭᠳᠠᠬᠤ ᠢᠷᠦᠭᠡᠯ ᠦ᠋ᠨ ᠰᠦᠨ ᠳᠠᠯᠠᠢ ᠨᠢ ᠶᠦᠮ ᠰᠢᠦ ᠮᠢᠨᠦ ᠥᠬᠢᠨ

   ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
   ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
   ᠬᠢᠨᠠᠭᠴᠢ ᠪᠠᠭᠰᠢ᠄ ᠢᠷᠡᠭᠡᠳᠦᠢ᠂ ᠭᠠᠷᠮ᠎ᠠ ᠨᠠᠷ