ᠬᠡᠦᠬᠡᠳ ᠦᠨ ᠳᠠᠭᠠᠬᠢᠨ ᠤ ᠢᠷᠥᠭᠡᠯ Хүүхдийн даахины ерөөл
ᠬᠡᠦᠬᠡᠳ ᠦᠨ ᠳᠠᠭᠠᠬᠢᠨ ᠤ ᠢᠷᠥᠭᠡᠯ
ᠡᠷᠬᠢᠮ ᠬᠠᠢᠷᠠᠲᠤ ᠲᠠᠨ ᠤ᠋ ᠬᠢ ᠪᠣᠯᠪᠠᠯ
ᠲᠦᠮᠡᠨ ᠥᠯᠵᠡᠢ ᠪᠦᠷᠢᠳᠦᠭᠰᠡᠨ
ᠲᠦᠭᠡᠮᠡᠯ ᠵᠢᠯ ᠦ᠋ᠨ ᠲᠦᠪᠰᠢᠨ ᠰᠠᠢᠨ ᠡᠳᠦᠷ ᠠ᠋
ᠡᠷᠬᠢᠮ ᠬᠠᠢᠷᠠᠲᠦ ᠬᠦᠦ ᠶ᠋ᠢᠨ ᠢ᠋ᠶ᠋ᠡᠨ
ᠠᠯᠲᠠᠨ ᠬᠣᠩᠭᠣᠷ ᠳᠠᠭᠠᠬᠢ ᠶ᠋ᠢ ᠦᠷᠭᠦᠭᠡᠵᠦ ᠪᠠᠢᠭ᠎ᠠ ᠤᠴᠢᠷ ᠪᠣᠯᠪᠠᠰᠤ
ᠢᠪᠡᠭᠡᠯ ᠵᠢᠯ ᠲᠡᠢ ᠬᠥᠮᠦᠨ ᠢ᠋ ᠡᠷᠬᠢᠯᠡᠨ ᠵᠠᠯᠠᠵᠤ
ᠡᠷᠬᠢᠮ ᠣᠯᠠᠨ ᠲᠦᠮᠡᠨ ᠢ᠋ᠶ᠋ᠡᠨ ᠤᠷᠢᠳᠴᠢᠯᠠᠨ ᠬᠡᠯᠡᠵᠦ
ᠭᠠᠩ ᠴᠠᠭᠠᠨ ᠬᠠᠢᠴᠢ
ᠭᠠᠪᠰᠢᠭᠠᠢ ᠴᠠᠭᠠᠨ ᠲᠣᠩᠭᠣᠷᠠᠭ ᠢ᠋ ᠪᠡᠯᠡᠳᠦᠭᠡᠳ
ᠠᠯᠲᠠᠨ ᠬᠠᠢᠴᠢᠨ ᠤ᠋ ᠠᠮᠠ ᠶ᠋ᠢ ᠨᠡᠭᠡᠭᠡᠵᠦ
ᠠᠮᠢ ᠨᠠᠰᠤ ᠶ᠋ᠢ ᠨᠢ ᠳᠠᠭᠠᠳᠬᠠᠵᠤ
ᠮᠥᠩᠭᠥᠨ ᠬᠠᠢᠴᠢᠨ ᠤ᠋ ᠠᠮᠠ ᠶ᠋ᠢ ᠨᠡᠭᠡᠭᠡᠵᠦ
ᠮᠥᠩᠬᠡ ᠨᠠᠰᠤ ᠶ᠋ᠢ ᠨᠢ ᠳᠠᠭᠠᠳᠬᠠᠵᠤ
ᠭᠠᠩ ᠬᠣᠰᠢᠭᠤ ᠲᠠᠢ ᠠᠯᠲᠠᠨ ᠪᠠᠷᠢᠭᠤᠯ ᠲᠠᠢ ᠬᠠᠢᠴᠢ ᠪᠠᠨ
ᠭᠠᠷ ᠮᠣᠳᠣᠷ ᠪᠦᠬᠦᠢ ᠳ᠋ᠦ᠍ ᠪᠡᠨ ᠳᠠᠮᠵᠢᠭᠤᠯᠤᠨ ᠦᠷᠭᠦᠭᠡᠵᠦ
ᠭᠠᠷᠤᠭᠰᠠᠨ ᠲᠥᠷᠥᠭᠰᠡᠨ ᠨᠠᠰᠤ ᠶ᠋ᠢ ᠨᠢ ᠤᠷᠲᠤᠳᠬᠠᠵᠤ ᠡᠷᠭᠦᠭᠡᠳ
ᠪᠠᠷᠠᠭᠤᠨ ᠲᠠᠯ᠎ᠠ ᠶ᠋ᠢᠨ ᠰᠢᠨᠠᠨ ᠠ᠋ᠴᠠ ᠨᠢ ᠡᠬᠢᠯᠡᠵᠦ ᠦᠷᠭᠦᠭᠡᠬᠦ ᠳ᠋ᠦ᠍
ᠪᠠᠳᠮᠠᠯᠢᠩᠬᠤ᠎ᠠ ᠴᠡᠴᠡᠭ ᠳᠡᠯᠭᠡᠷᠴᠦ ᠪᠠᠢᠭ᠎ᠠ ᠮᠡᠲᠦ
ᠵᠡᠭᠦᠨ ᠲᠠᠯ᠎ᠠ ᠶ᠋ᠢᠨ ᠰᠢᠨᠡᠨ ᠡᠴᠡ ᠨᠢ ᠠᠪᠴᠤ ᠦᠷᠭᠦᠭᠡᠬᠦ ᠳ᠋ᠦ᠍
ᠵᠦᠢᠯ ᠪᠦᠷᠢ ᠶ᠋ᠢᠨ ᠡᠷᠳᠡᠮ ᠰᠠᠴᠤᠷᠠᠵᠤ ᠪᠠᠢᠭ᠎ᠠ ᠮᠡᠲᠦ
ᠣᠷᠣᠢ ᠳᠡᠭᠡᠷ᠎ᠡ ᠡᠴᠡ ᠨᠢ ᠠᠪᠴᠤ ᠦᠷᠭᠦᠭᠡᠬᠦ ᠳ᠋ᠦ᠍
ᠣᠢ ᠪᠢᠯᠢᠭ ᠨᠢ ᠬᠤᠷᠴᠠᠳᠤᠵᠤ᠂
ᠣᠶᠤᠨ ᠤᠬᠠᠭᠠᠨ ᠨᠢ ᠨᠡᠮᠡᠭᠳᠡᠵᠦ ᠪᠠᠢᠭ᠎ᠠ ᠮᠡᠲᠦ
ᠠᠷᠤ ᠰᠢᠯᠢᠨ ᠳᠡᠭᠡᠷ᠎ᠡ ᠡᠴᠡ ᠨᠢ ᠠᠪᠴᠤ ᠦᠷᠭᠦᠭᠡᠬᠦ ᠳ᠋ᠦ᠍
ᠠᠭᠤᠤ ᠬᠦᠴᠦᠨ ᠲᠡᠭᠦᠯᠳᠡᠷ ᠪᠠᠢᠭ᠎ᠠ ᠮᠡᠲᠦ ᠠ᠋᠃
ᠡᠷᠬᠢᠮ ᠬᠠᠢᠷᠠᠲᠠᠢ ᠬᠣᠩᠭᠣᠷ ᠬᠦᠦ ᠶ᠋ᠢᠨ
ᠡᠷᠳᠡᠮ ᠪᠢᠯᠢᠭ ᠢ᠋ ᠶᠠᠷᠢᠬᠤ ᠳ᠋ᠤ᠌
ᠨᠣᠮᠣᠨ ᠳ᠋ᠤ᠌ ᠮᠡᠷᠭᠡᠨ᠂ ᠨᠣᠢᠷᠠᠨ ᠳ᠋ᠤ᠌ ᠰᠡᠷᠭᠡᠭ
ᠦᠢᠯᠡᠨ ᠳ᠋ᠦ᠍ ᠤᠷᠠᠨ᠂ ᠦᠭᠡᠨ ᠳ᠋ᠦ᠍ ᠴᠡᠴᠡᠨ
ᠬᠠᠤᠯᠢᠨ ᠳ᠋ᠤ᠌ ᠰᠢᠳᠤᠷᠭᠤ
ᠳᠠᠢᠨ ᠳ᠋ᠤ᠌ ᠪᠠᠭᠠᠲᠤᠷ᠂ ᠳᠠᠯᠠᠢ ᠳ᠋ᠤ᠌ ᠤᠰᠤᠴᠢ
ᠡᠯᠢᠭᠡ ᠪᠡᠷ ᠢ᠋ᠶ᠋ᠡᠨ ᠡᠩᠬᠡ ᠰᠠᠢᠬᠠᠨ ᠵᠢᠷᠭᠠᠨ
ᠲᠥᠷᠥᠯ ᠢ᠋ᠶ᠋ᠡᠷ ᠢ᠋ᠶ᠋ᠡᠨ ᠲᠥᠪ ᠰᠠᠢᠬᠠᠨ ᠣᠷᠣᠰᠢᠵᠤ
ᠲᠥᠪ ᠶᠡᠬᠡ ᠨᠤᠲᠤᠭ ᠤ᠋ᠨ ᠢ᠋ᠶ᠋ᠠᠨ ᠳᠤᠮᠳᠠ
ᠦᠷ᠎ᠡ ᠪᠡᠨ ᠲᠠᠨᠢᠬᠤ ᠦᠭᠡᠢ ᠥᠨᠢᠷ ᠪᠠᠶᠠᠨ
ᠥᠷᠥᠭᠡ ᠪᠡᠨ ᠲᠠᠨᠢᠬᠤ ᠦᠭᠡᠢ ᠬᠤᠷᠳᠤᠨ ᠲᠠᠢ ᠪᠠᠶᠠᠨ
ᠰᠠᠭᠤᠬᠤ ᠵᠠᠶᠠᠭ᠎ᠠ᠂ ᠰᠤᠷᠬᠤ ᠡᠷᠳᠡᠮ
ᠪᠠᠶᠠᠷᠯᠠᠬᠤ ᠨᠠᠭᠠᠳᠤᠮ᠂ ᠪᠠᠬᠠᠲᠠᠢ ᠵᠢᠷᠭᠠᠯ
ᠨᠠᠰᠤ ᠰᠡᠭᠦᠳᠡᠷ ᠢ᠋ᠶ᠋ᠡᠷ ᠤᠷᠲᠤ
ᠨᠠᠶᠢᠷ ᠴᠡᠩᠭᠡᠯ ᠢ᠋ᠶ᠋ᠡᠷ ᠶᠡᠬᠡ
ᠡᠭᠦᠷᠢᠳᠡ ᠨᠣᠮ ᠤ᠋ᠨ ᠶᠣᠰᠣᠭᠠᠷ
ᠪᠠᠶᠠᠷ ᠤ᠋ᠨ ᠮᠠᠩᠨᠠᠢ ᠪᠠᠷ
ᠪᠡᠶᠡᠰᠦᠨ ᠵᠢᠷᠭᠠᠬᠤ ᠶ᠋ᠢᠨ ᠪᠡᠯᠭᠡ ᠢᠷᠦᠭᠡᠯ ᠢ᠋
ᠳᠡᠪᠰᠢᠭᠦᠯᠦᠨ ᠡᠷᠭᠦᠵᠦ ᠠᠢᠯᠠᠳᠬᠠᠶ᠎ᠠ᠃
