ᠬᠣᠲᠠ ᠶᠢᠨ ᠬᠤᠯᠤᠭᠠᠨ᠎ᠠ᠂ ᠬᠥᠳᠡᠭᠡᠨ ᠦ ᠬᠤᠯᠤᠭᠠᠨ᠎ᠠХотын хулгана, хөдөөний хулгана
ᠬᠣᠲᠠ ᠶᠢᠨ ᠬᠤᠯᠤᠭᠠᠨ᠎ᠠ᠂ ᠬᠥᠳᠡᠭᠡᠨ ᠦ ᠬᠤᠯᠤᠭᠠᠨ᠎ᠠ
ᠡᠷᠲᠡ ᠤᠷᠲᠤ ᠶ᠋ᠢᠨ ᠴᠠᠭ ᠲᠤ᠌ ᠬᠣᠲᠠ ᠳ᠋ᠤ᠌ ᠠᠮᠢᠳᠤᠷᠠᠳᠠᠭ ᠨᠢᠭᠡᠨ ᠪᠢᠴᠢᠬᠠᠨ ᠬᠤᠯᠤᠭᠠᠨ᠎ᠠ ᠪᠠᠢᠯ᠎ᠠ᠂ ᠲᠡᠷᠡ ᠬᠥᠳᠡᠭᠡ ᠪᠠᠢᠳᠠᠭ ᠨᠢᠭᠡ ᠨᠠᠢᠵᠠ ᠶ᠋ᠢᠨ ᠢ᠋ᠶ᠋ᠡᠨ ᠵᠢᠷᠤᠭ ᠢ᠋ ᠣᠯᠵᠠᠢ᠃ ᠲᠡᠭᠡᠭᠡᠳ ᠨᠠᠢᠵᠠ ᠶ᠋ᠢᠨ ᠳ᠋ᠦ᠍ ᠪᠡᠨ ᠣᠴᠢᠵᠤ ᠭᠡᠨᠡᠳᠲᠡ ᠶ᠋ᠢᠨ ᠪᠡᠯᠡᠭ ᠪᠠᠷᠢᠬᠤ ᠪᠠᠷ ᠰᠢᠢᠳᠦᠯ᠎ᠡ᠃
ᠬᠣᠲᠠ ᠶ᠋ᠢᠨ ᠬᠤᠯᠤᠭᠠᠨ᠎ᠠ᠄ ᠠ᠂ ᠶᠣᠰᠣᠲᠠᠢ ᠣᠢ ᠭᠣᠳᠣᠮᠠᠷ ᠦᠨᠦᠷ ᠲᠡᠢ ᠭᠠᠵᠠᠷ ᠪᠠᠢᠨ᠎ᠠ᠂ Farm ᠦᠨ ᠪᠣᠬᠢᠷ ᠠᠮᠢᠲᠠᠨ ᠤ᠋ ᠦᠨᠦᠷ ᠲᠡᠢ᠂ ᠬᠤᠷᠳᠤᠬᠠᠨ ᠨᠠᠢᠵᠠ ᠶ᠋ᠢᠨ ᠢ᠋ᠶ᠋ᠡᠨ ᠭᠡᠷ ᠢ᠋ ᠣᠯᠬᠤ ᠮᠢᠨᠢ ᠰᠠᠢᠨ ᠤᠤ᠂ ᠬᠦᠨᠳᠦᠲᠦ ᠨᠠᠢᠵᠠ ᠮᠢᠨᠢ᠂
ᠬᠥᠳᠡᠭᠡ ᠶ᠋ᠢᠨ ᠬᠤᠯᠤᠭᠠᠨ᠎ᠠ᠄ ᠵᠠ᠂ ᠴᠢ ᠰᠠᠢᠨ ᠤᠤ? ᠬᠣᠲᠠ ᠶ᠋ᠢᠨ ᠬᠤᠯᠤᠭᠠᠨ᠎ᠠ᠄ ᠪᠢ ᠰᠠᠢᠨ᠂ ᠴᠢᠮ᠎ᠠ ᠳ᠋ᠤ᠌ ᠭᠡᠨᠡᠳᠲᠡ ᠶ᠋ᠢᠨ ᠪᠡᠯᠡᠭ ᠪᠠᠷᠢᠶ᠎ᠠ ᠭᠡᠵᠦ ᠪᠣᠳᠣᠭᠠᠳ
ᠬᠥᠳᠡᠭᠡ ᠶ᠋ᠢᠨ ᠬᠤᠯᠤᠭᠠᠨ᠎ᠠ᠄ ᠶᠠᠮᠠᠷ ᠰᠠᠢᠬᠠᠨ ᠭᠡᠨᠡᠳᠲᠡ ᠶ᠋ᠢᠨ ᠪᠡᠯᠡᠭ ᠪᠣᠢ? ᠬᠥᠳᠡᠭᠡ ᠨᠤᠲᠤᠭ ᠳᠤ ᠲᠠᠪᠠᠲᠠᠢ ᠮᠣᠷᠢᠯᠠ ᠨᠠᠢᠵᠠ ᠮᠢᠨᠢ᠂ ᠬᠠᠮᠢᠭ᠎ᠠ ᠪᠠᠢᠭᠰᠠᠨ ᠬᠣᠲᠠ ᠠ᠋ᠴᠠ ᠨᠠᠮ᠎ᠠ ᠶ᠋ᠢ ᠵᠣᠷᠢᠵᠤ ᠢᠷᠡᠭᠰᠡᠨ ᠳ᠋ᠦ᠍ ᠴᠢᠨᠢ ᠪᠢ ᠮᠠᠰᠢ ᠶᠡᠬᠡ᠂ ᠦᠨᠡᠬᠡᠷ ᠶᠡᠬᠡ ᠪᠠᠶᠠᠷᠲᠠᠢ ᠪᠠᠢᠨ᠎ᠠ᠃
ᠬᠣᠶᠠᠷ ᠨᠠᠢᠵᠠ ᠬᠡᠰᠡᠭ ᠬᠠᠭᠤᠴᠢ ᠬᠥᠭᠡᠷᠦᠯᠡ᠃
ᠬᠥᠳᠡᠭᠡ ᠶ᠋ᠢᠨ ᠬᠤᠯᠤᠭᠠᠨ᠎ᠠ᠄ ᠴᠢ ᠶᠡᠬᠡ ᠬᠣᠯᠠ ᠵᠠᠮ ᠲᠤᠭᠤᠯᠤᠭᠰᠠᠨ ᠰᠢᠦ ᠳᠡ᠂ ᠪᠣᠳᠣᠪᠠᠯ ᠶᠡᠬᠡ ᠶᠠᠳᠠᠷᠠᠭᠰᠠᠨ ᠪᠠᠢᠯᠭᠦᠢ ᠳᠡ᠂ ᠴᠢ ᠶᠠᠪᠤᠵᠤ ᠠᠶᠠᠨ ᠵᠠᠮ ᠤ᠋ᠨ ᠲᠣᠭᠣᠰᠣ ᠰᠢᠷᠣᠢ ᠠ᠋ᠴᠠ ᠪᠠᠨ ᠰᠠᠯ᠂ ᠬᠠᠷᠢᠨ ᠪᠢ ᠶᠠᠪᠤᠵᠤ ᠴᠢᠮ᠎ᠠ ᠳ᠋ᠤ᠌ ᠬᠣᠭᠣᠯᠠ ᠴᠠᠢ ᠪᠡᠯᠡᠳᠬᠡᠶ᠎ᠡ᠂ ᠤᠳᠠᠬᠤ ᠦᠭᠡᠢ᠂ ᠬᠥᠳᠡᠭᠡ ᠶ᠋ᠢᠨ ᠬᠤᠯᠤᠭᠠᠨ᠎ᠠ ᠲᠣᠭᠣᠷᠢᠮ ᠤᠷᠤᠭᠤ ᠶᠠᠪᠤᠯ᠎ᠠ᠂ ᠬᠠᠷᠢᠨ ᠬᠣᠲᠠ ᠶ᠋ᠢᠨ ᠬᠤᠯᠤᠭᠠᠨ᠎ᠠ ᠲᠣᠭᠣᠰᠣᠨ ᠠ᠋ᠴᠠ ᠪᠠᠨ ᠰᠠᠯᠤᠯ᠎ᠠ᠃
ᠬᠥᠳᠡᠭᠡ ᠶ᠋ᠢᠨ ᠬᠤᠯᠤᠭᠠᠨ᠎ᠠ᠄ ᠠ᠂ ᠲᠡᠭᠡᠶ᠎ᠡ᠂ ᠬᠡᠳᠦᠨ ᠰᠢᠨ᠎ᠡ ᠨᠣᠭᠣᠭ᠎ᠠ ᠤᠬᠤᠵᠤ ᠭᠠᠷᠭᠠᠶ᠎ᠠ᠂ ᠪᠠᠢᠵᠠ᠂ ᠡᠨᠡ ᠬᠣᠭᠣᠷᠣᠨᠳᠣ ᠰᠡᠷᠭᠦᠵᠦ ᠪᠠᠢᠭ᠎ᠠ ᠨᠢ ᠡᠨᠡ ᠭᠡᠵᠦ ᠬᠣᠲᠠ ᠶ᠋ᠢᠨ ᠬᠤᠯᠤᠭᠠᠨ᠎ᠠ ᠪᠦᠬᠦ ᠤᠰᠤ ᠶ᠋ᠢ ᠨᠢ ᠳᠠᠭᠤᠰᠬᠠᠴᠢᠬᠠᠪᠠ᠃
ᠬᠣᠲᠠ ᠶ᠋ᠢᠨ ᠬᠤᠯᠤᠭᠠᠨ᠎ᠠ᠄ ᠦ᠂ ᠦᠨᠡᠬᠡᠷ ᠤᠰᠤ ᠪᠠᠭ᠎ᠠ ᠲᠠᠢ ᠶᠤᠮ᠂ ᠮᠠᠨ ᠤ᠋ ᠬᠣᠲᠠ ᠬᠠᠮᠢᠭ᠎ᠠ ᠦᠭᠡᠢ ᠳᠡᠭᠡᠷ᠎ᠡ᠂ ᠬᠣᠲᠠ ᠶ᠋ᠢᠨ ᠬᠤᠯᠤᠭᠠᠨ᠎ᠠ ᠭᠠᠷᠴᠤ ᠢᠷᠡᠯ᠎ᠡ᠂ ᠶᠡᠬᠡᠳᠡ ᠠᠭᠤᠷᠯᠠᠵᠠᠢ᠃
ᠬᠥᠳᠡᠭᠡ ᠶ᠋ᠢᠨ ᠬᠤᠯᠤᠭᠠᠨ᠎ᠠ᠄ ᠵᠠ᠂ ᠨᠡᠰᠢ ᠢᠷ᠎ᠡ᠂ ᠬᠣᠶᠠᠭᠤᠯᠠ ᠪᠠᠨ ᠭᠠᠳᠠᠭ᠎ᠠ ᠬᠣᠭᠣᠯᠠᠯᠠᠶᠠ᠂ ᠪᠢ ᠴᠢᠮ᠎ᠠ ᠳ᠋ᠤ᠌ ᠵᠣᠷᠢᠭᠤᠯᠵᠤ ᠪᠦᠭᠦᠳᠡ ᠶ᠋ᠢ ᠪᠡᠯᠡᠳᠦᠭᠰᠡᠨ ᠰᠢᠦ᠂ ᠬᠥᠳᠡᠭᠡ ᠶ᠋ᠢᠨ ᠬᠤᠯᠤᠭᠠᠨ᠎ᠠ ᠠᠮᠲᠠᠲᠤ ᠲᠥᠮᠥᠰᠥ᠂ ᠰᠢᠨᠡᠬᠡᠨ ᠰᠢᠬᠢᠷ ᠦ᠋ᠨ ᠮᠠᠨᠵᠢᠨ ᠂ ᠰᠢᠷ᠎ᠠ ᠮᠠᠨᠵᠢᠨ ᠢ᠋ᠶ᠋ᠠᠷ ᠲᠡᠢᠯᠡᠯᠡ᠃ ᠪᠠᠰᠠ ᠰᠢᠨᠡᠬᠡᠨ ᠰᠦ᠃
ᠬᠥᠳᠡᠭᠡ ᠶ᠋ᠢᠨ ᠬᠤᠯᠤᠭᠠᠨ᠎ᠠ᠄ ᠶᠠᠭᠠᠬᠢᠭᠠᠳ ᠰᠠᠭᠤᠬᠤ ᠦᠭᠡᠢ ᠪᠠᠢᠭ᠎ᠠ ᠶᠤᠮ ᠪᠣᠢ? ᠬᠥᠳᠡᠭᠡ ᠶ᠋ᠢᠨ ᠬᠤᠯᠤᠭᠠᠨ᠎ᠠ ᠬᠣᠲᠠ ᠶ᠋ᠢᠨ ᠬᠤᠯᠤᠭᠠᠨ᠎ᠠ ᠶ᠋ᠢ ᠳᠠᠢᠯᠠᠯᠠ᠃
ᠬᠣᠲᠠ ᠶ᠋ᠢᠨ ᠬᠤᠯᠤᠭᠠᠨ᠎ᠠ᠄ ᠬᠥᠳᠡᠭᠡ ᠡᠢᠮᠦ ᠵᠦᠢᠯ ᠢᠳᠡᠳᠡᠭ ᠶᠦᠮ ᠤᠤ? ᠠᠮᠲᠠ ᠰᠢᠮᠳᠠ ᠦᠭᠡᠢ ᠬᠣᠭᠣᠯᠠ᠂ ᠶᠠᠮᠠᠷ ᠴᠣ ᠠᠮᠲᠠ ᠰᠢᠮᠳᠠ ᠦᠭᠡᠢ ᠶᠦᠮ ᠪᠠᠢᠨ᠎ᠠ᠃ ᠬᠥᠳᠡᠭᠡ ᠶ᠋ᠢᠨ ᠬᠤᠯᠤᠭᠠᠨ᠎ᠠ ᠨᠠᠢᠵᠠ ᠳ᠋ᠤ᠌ ᠪᠠᠨ ᠰᠡᠳᠬᠢᠭᠳᠡᠯ ᠲᠥᠷᠥᠭᠦᠯᠬᠦ ᠭᠡᠵᠦ ᠬᠡᠴᠢᠨᠡᠨ ᠬᠢᠴᠢᠶᠡᠭᠡᠳ ᠴᠤ᠌ ᠴᠢᠳᠠᠭᠰᠠᠨ ᠦᠭᠡᠢ᠃ ᠬᠣᠭᠣᠯᠠᠨ ᠤ᠋ ᠳᠠᠷᠠᠭ᠎ᠠ᠂ ᠬᠥᠳᠡᠭᠡ ᠶ᠋ᠢᠨ ᠬᠤᠯᠤᠭᠠᠨ᠎ᠠ ᠬᠣᠲᠠ ᠶ᠋ᠢᠨ ᠬᠤᠯᠤᠭᠠᠨ᠎ᠠ ᠳ᠋ᠤ᠌Farm ᠦᠵᠡᠭᠦᠯᠬᠦ ᠪᠡᠷ ᠰᠢᠢᠳᠴᠡᠢ᠃
ᠬᠣᠲᠠ ᠶ᠋ᠢᠨ ᠬᠤᠯᠤᠭᠠᠨ᠎ᠠ᠄ ᠦ᠂ ᠠᠭᠠᠷ ᠨᠢ ᠴᠡᠩᠭᠡᠭ ᠶᠦᠮ ᠠ᠂ ᠴᠡᠴᠡᠭᠡᠰ ᠦ᠋ᠨ ᠦᠨᠦᠷ ᠴᠤ᠌ ᠪᠠᠰᠠ ᠦᠨᠦᠷᠲᠦᠵᠦ ᠪᠠᠢᠨ᠎ᠠ᠂ ᠡᠨᠡ ᠨᠣᠭᠣᠭᠠᠨ ᠶᠠᠭᠤᠮ᠎ᠠ ᠶᠠᠭᠤ ᠪᠣᠢ? ᠬᠥᠳᠡᠭᠡ ᠶ᠋ᠢᠨ ᠬᠤᠯᠤᠭᠠᠨ᠎ᠠ᠄ ᠨᠠᠭᠠᠳᠤᠬᠢ ᠴᠢᠨᠢ ᠰᠢᠨᠡᠬᠡᠨ ᠸᠠᠨᠳᠧᠦ ᠪᠠᠢᠭ᠎ᠠ ᠶᠤᠮ ᠠ᠃ ᠳᠠᠷᠠᠭ᠎ᠠ ᠨᠢ ᠲᠡᠳᠡ ᠨᠣᠢᠲᠠᠨ ᠪᠣᠷᠳᠣᠭᠠᠨ ᠤ᠋ ᠳᠡᠷᠭᠡᠳᠡ ᠬᠦᠷᠪᠡ᠃
ᠬᠣᠲᠠ ᠶ᠋ᠢᠨ ᠬᠤᠯᠤᠭᠠᠨ᠎ᠠ᠄ ᠬᠠ᠂ ᠨᠠᠨ ᠶᠡᠬᠡ ᠪᠣᠬᠢᠷ ᠶᠠᠭᠤᠮ᠎ᠠ ᠪᠠᠢᠨ᠎ᠠ᠂ ᠮᠠᠨ ᠤ᠋ ᠬᠣᠲᠠ ᠪᠣᠯ ᠴᠠᠪ ᠴᠡᠪᠡᠷᠬᠡᠨ᠂ ᠦᠨᠡᠨ ᠰᠢᠦ ᠨᠠᠢᠵᠠ ᠮᠢᠨᠢ᠂ ᠢᠩᠭᠢᠵᠦ ᠠᠮᠢᠳᠤᠷᠠᠵᠤ ᠪᠠᠢᠭ᠎ᠠ ᠴᠢᠨᠢ ᠲᠠᠭᠠᠯᠠᠭᠳᠠᠬᠤ ᠦᠭᠡᠢ ᠪᠠᠢᠨ᠎ᠠ᠂ ᠢᠢᠮᠦ ᠬᠣᠭᠣᠯᠠ ᠢᠳᠡᠭᠡᠳ᠂ ᠬᠣᠷᠣᠬᠠᠢ ᠰᠢᠪᠠᠵᠢ ᠂ ᠢᠢᠮᠦ ᠪᠣᠬᠢᠷ ᠶᠠᠭᠤᠮ᠎ᠠ ᠪᠠᠷ ᠬᠦᠷᠢᠶᠡᠯᠡᠭᠦᠯᠦᠭᠡᠳ᠂ ᠮᠠᠨ ᠤ᠋ ᠬᠣᠲᠠ ᠳ᠋ᠤ᠌ ᠣᠴᠢ᠂ ᠴᠢ ᠡᠨᠡ ᠪᠦᠭᠦᠳᠡ ᠶ᠋ᠢ ᠮᠠᠷᠲᠠᠨ᠎ᠠ᠃ ᠬᠥᠳᠡᠭᠡ ᠶ᠋ᠢᠨ ᠬᠤᠯᠤᠭᠠᠨ᠎ᠠ᠄ ᠬᠣᠭᠣᠯᠠᠨ ᠤ᠋ ᠲᠠᠯ᠎ᠠ ᠳᠡᠭᠡᠷ᠎ᠡ ᠠᠭᠤᠴᠢᠯᠠᠭᠠᠷᠠᠢ ᠭᠡᠬᠦ ᠳ᠋ᠦ᠍ ᠪᠡᠨ ᠮᠢᠨᠦ ᠬᠣᠭᠣᠯᠠᠨ ᠳ᠋ᠤ᠌ ᠮᠠᠭᠤ ᠶᠠᠭᠤᠮ᠎ᠠ ᠶᠡᠷᠦ ᠡᠴᠡ ᠪᠡᠨ ᠪᠠᠢᠬᠤ ᠦᠭᠡᠢ᠂ ᠡᠨᠳᠡ ᠪᠦᠬᠦ ᠶᠠᠭᠤᠮ᠎ᠠ ᠰᠢᠨᠡᠬᠡᠨ ᠢ᠋ᠶ᠋ᠡᠷ ᠢ᠋ᠶ᠋ᠡᠨ ᠪᠠᠢᠳᠠᠭ ᠶᠤᠮ ᠰᠢᠦ ᠳᠡ᠃
ᠬᠣᠲᠠ ᠶ᠋ᠢᠨ ᠬᠤᠯᠤᠭᠠᠨ᠎ᠠ᠄ ᠪᠢ ᠴᠢᠮ᠎ᠠ ᠶ᠋ᠢ ᠬᠡᠳᠦᠨ ᠡᠳᠦᠷ ᠬᠣᠲᠠ ᠤᠷᠤᠭᠤ ᠳᠠᠭᠠᠭᠤᠯᠵᠤ ᠶᠠᠪᠤᠵᠤ ᠠᠮᠢᠳᠤᠷᠠᠯ ᠤ᠋ᠨ ᠬᠡᠪ ᠮᠠᠶᠢᠭ ᠢ᠋ᠶ᠋ᠠᠨ ᠦᠵᠡᠭᠦᠯᠬᠦ ᠰᠠᠨ᠃ ᠪᠢ ᠴᠢᠮ᠎ᠠ ᠳ᠋ᠤ᠌ ᠪᠢᠰᠢᠯᠠᠭ᠂ᠭᠣᠮᠢᠶᠠᠨ᠂ ᠰᠠᠮᠤᠷ ᠭᠡᠳ ᠡᠯᠳᠡᠪ ᠢ᠋ ᠢᠳᠡᠭᠦᠯᠦᠨ᠎ᠡ᠂ ᠬᠥᠳᠡᠭᠡ ᠶ᠋ᠢᠨ ᠬᠤᠯᠤᠭᠠᠨ᠎ᠠ᠄ ᠶᠡᠬᠡ ᠰᠠᠢᠬᠠᠨ ᠰᠣᠨᠣᠰᠤᠭᠳᠠᠵᠤ ᠪᠠᠢᠨ᠎ᠠ᠂ ᠬᠠ ᠬᠠ ᠬᠠ᠂᠃
ᠬᠣᠲᠠ ᠶ᠋ᠢᠨ ᠬᠤᠯᠤᠭᠠᠨ᠎ᠠ᠄ ᠴᠢᠮ᠎ᠠ ᠳ᠋ᠤ᠌ ᠶᠡᠬᠡ ᠲᠠᠭᠠᠯᠠᠭᠳᠠᠬᠤ ᠪᠣᠯᠤᠨ᠎ᠠ᠂ ᠬᠠ ᠬᠠ ᠬᠠ᠂ ᠬᠣᠲᠠ ᠶ᠋ᠢᠨ ᠬᠤᠯᠤᠭᠠᠨ᠎ᠠ ᠶᠠᠪᠤᠬᠤ ᠪᠠᠷ ᠶᠠᠭᠤᠮ᠎ᠠ ᠪᠠᠨ ᠪᠠᠭᠯᠠᠵᠤ ᠡᠬᠢᠯᠡᠯ᠎ᠡ᠃
ᠬᠣᠲᠠ ᠶ᠋ᠢᠨ ᠬᠤᠯᠤᠭᠠᠨ᠎ᠠ᠄ ᠶᠠᠪᠤᠬᠤ ᠴᠠᠭ ᠮᠢᠨᠢ ᠪᠣᠯᠤᠯ᠎ᠠ᠂ ᠪᠠᠶᠠᠷᠯᠠᠯ᠎ᠠ᠂ ᠪᠢ ᠴᠠᠭ ᠢ᠋ ᠰᠠᠢᠬᠠᠨ ᠥᠩᠭᠡᠷᠡᠭᠡᠭᠰᠡᠨ᠂ ᠤᠳᠠᠬᠤ ᠦᠭᠡᠢ ᠬᠣᠲᠠ ᠳ᠋ᠤ᠌ ᠠᠭᠤᠯᠵᠠᠵᠠᠭᠠᠶ᠎ᠠ᠂ ᠬᠣᠶᠠᠷ ᠬᠤᠯᠤᠭᠠᠨ᠎ᠠ ᠨᠢᠭᠡ ᠨᠢᠭᠡᠨ ᠢ᠋ᠶ᠋ᠡᠨ ᠲᠡᠪᠡᠷᠢᠵᠦ ᠰᠠᠯᠬᠤ ᠶᠣᠰᠣ ᠬᠢᠯ᠎ᠡ᠃
ᠬᠡᠳᠦ ᠬᠣᠨᠣᠭ ᠤ᠋ᠨ ᠳᠠᠷᠠᠭ᠎ᠠ ᠬᠥᠳᠡᠭᠡ ᠶ᠋ᠢᠨ ᠬᠤᠯᠤᠭᠠᠨ᠎ᠠ ᠬᠣᠲᠠ ᠶ᠋ᠢᠨ ᠬᠤᠯᠤᠭᠠᠨ᠎ᠠ ᠳᠡᠭᠡᠷ᠎ᠡ ᠣᠴᠢᠬᠤ ᠪᠠᠷ ᠶᠠᠭᠤᠮ᠎ᠠ ᠪᠠᠨ ᠪᠠᠭᠯᠠᠵᠤ ᠭᠡᠨ᠎ᠡ᠃
ᠬᠥᠳᠡᠭᠡ ᠶ᠋ᠢᠨ ᠬᠤᠯᠤᠭᠠᠨ᠎ᠠ᠄ ᠶᠠᠮᠠᠷ ᠥᠨᠳᠥᠷ ᠪᠠᠷᠢᠯᠭ᠎ᠠ ᠪᠣᠢ᠂ ᠬᠢᠯ ᠴᠢᠯ ᠮᠠᠰᠢᠨ ᠶᠤᠮ᠂ ᠪᠠᠰᠠ ᠶᠠᠮᠠᠷ ᠠᠮᠲᠠᠲᠠᠢ ᠬᠣᠭᠣᠯᠠ ᠢᠳᠡᠬᠦ ᠪᠣᠢ! ᠠ᠋᠁᠂ ᠪᠠᠢᠵᠠ᠂ ᠪᠢ ᠪᠦᠷ ᠬᠣᠲᠠ ᠳ᠋ᠤ᠌ ᠳᠤᠷᠠᠯᠠᠴᠢᠬᠠᠯᠠ ᠰᠢᠦ᠂ ᠠ ᠠ ᠠ᠂ ᠬᠦ ᠬᠦ᠂ ᠭᠦᠦᠭ᠂ ᠶᠠᠮᠠᠷ ᠶᠡᠬᠡ ᠴᠢᠮᠡᠭᠡ ᠪᠣᠢ? ᠡᠴᠦᠰ ᠲᠤ ᠨᠢ ᠲᠡᠷᠡ ᠬᠣᠲᠠ ᠶ᠋ᠢᠨ ᠬᠤᠯᠤᠭᠠᠨ᠎ᠠ ᠶ᠋ᠢᠨ ᠭᠡᠷ ᠲᠤ ᠢᠷᠡᠯ᠎ᠡ᠃
ᠬᠣᠲᠠ ᠶ᠋ᠢᠨ ᠬᠤᠯᠤᠭᠠᠨ᠎ᠠ᠄ ᠲᠠᠪᠠᠲᠠᠢ ᠮᠣᠷᠢᠯᠠ᠂ ᠲᠠᠪᠠᠲᠠᠢ ᠮᠣᠷᠢᠯᠠ᠂ ᠨᠠᠢᠵᠠ ᠮᠢᠨᠢ᠂ ᠮᠢᠨᠦ ᠭᠡᠷ ᠳᠤ ᠲᠠᠪᠠᠲᠠᠢ ᠮᠣᠷᠢᠯᠠ᠃ ᠬᠣᠲᠠ ᠶ᠋ᠢᠨ ᠬᠤᠯᠤᠭᠠᠨ᠎ᠠ ᠬᠥᠳᠡᠭᠡ ᠶ᠋ᠢᠨ ᠬᠤᠯᠤᠭᠠᠨ᠎ᠠ ᠶ᠋ᠢ ᠭᠡᠷ ᠲᠤ ᠪᠡᠨ ᠣᠷᠣᠭᠤᠯᠤᠯ᠎ᠠ᠃ ᠲᠡᠳᠡ ᠬᠡᠰᠡᠭ ᠬᠠᠭᠤᠴᠢ ᠬᠥᠭᠡᠷᠦᠯᠡ᠃ ᠭᠡᠷ ᠲᠤ ᠵᠠᠷᠤᠴᠠ ᠰᠢᠷᠡᠭᠡ ᠵᠠᠰᠠᠬᠤ ᠳ᠋ᠤ᠌ ᠬᠣᠲᠠ ᠶ᠋ᠢᠨ ᠬᠤᠯᠤᠭᠠᠨ᠎ᠠ᠁ ᠦᠨᠦᠷᠯᠡᠭᠡᠳ ᠢᠩᠭᠢᠵᠦ ᠬᠡᠯᠡᠪᠡ᠃
ᠬᠣᠲᠠ ᠶ᠋ᠢᠨ ᠬᠤᠯᠤᠭᠠᠨ᠎ᠠ᠄ ᠬᠥᠥᠭ ᠂ ᠠᠯᠢᠪ ᠨᠠᠢᠵᠠ ᠮᠢᠨᠢ᠂ ᠬᠣᠭᠣᠯᠠ ᠪᠡᠯᠡᠨ ᠪᠣᠯᠤᠯ᠎ᠠ᠂ ᠶᠠᠪᠤᠵᠠᠭᠠᠶ᠎ᠠ᠂ ᠬᠥᠳᠡᠭᠡ ᠶ᠋ᠢᠨ ᠬᠤᠯᠤᠭᠠᠨ᠎ᠠ ᠲᠡᠷᠡ ᠬᠣᠭᠣᠯᠠ ᠶ᠋ᠢ ᠢᠳᠡᠬᠦ ᠳ᠋ᠦ᠍ ᠪᠡᠨ ᠶᠡᠬᠡ ᠪᠠᠶᠠᠷᠯᠠᠵᠤ ᠭᠡᠨ᠎ᠡ᠃
ᠬᠣᠲᠠ ᠶ᠋ᠢᠨ ᠬᠤᠯᠤᠭᠠᠨ᠎ᠠ᠄ ᠥᠪᠡᠷ ᠲᠤ ᠪᠡᠨ ᠦᠢᠯᠡᠴᠢᠯᠡᠨ᠎ᠡ᠂ ᠨᠠᠢᠵᠠ ᠮᠢᠨᠢ᠂ ᠪᠢᠰᠢᠯᠠᠭ᠂ ᠰᠦ᠂ ᠭᠣᠮᠢᠶᠨᠨ᠂ ᠰᠢᠷᠠᠭᠰᠠᠨ ᠲᠠᠯᠬ᠎ᠠ᠂ ᠴᠥᠴᠥᠭᠡᠢ ᠶ᠋ᠢᠨ ᠲᠣᠰᠣ᠂ ᠪᠢᠯᠠᠤ᠂ ᠵᠢᠮᠢᠰ ᠪᠠᠢᠨ᠎ᠠ᠃ᠪᠠᠶᠠᠷᠯᠠᠯ᠎ᠠ᠂ ᠴᠢᠨᠦ ᠠᠮᠢᠳᠤᠷᠠᠯ ᠤ᠋ᠨ ᠬᠡᠪ ᠮᠠᠶᠢᠭ ᠨᠠᠮ᠎ᠠ ᠶ᠋ᠢ ᠦᠨᠡᠬᠡᠷ ᠭᠠᠢᠬᠠᠰᠢᠷᠠᠭᠤᠯᠤᠯᠠ᠂ ᠪᠢ ᠴᠢᠮ᠎ᠠ ᠲᠠᠢ ᠡᠨᠳᠡ ᠦᠯᠡᠳᠡᠬᠦ ᠪᠣᠳᠣᠯ ᠲᠠᠢ ᠪᠠᠢᠭ᠎ᠠ ᠰᠢᠦ᠂ ᠲᠡᠭᠦᠨ ᠢ᠋ ᠢᠳᠡᠵᠦ ᠡᠬᠢᠯᠡᠲᠡᠯ᠎ᠡ ᠵᠠᠷᠤᠴᠠ ᠡᠷᠭᠢᠭᠡᠳ ᠢᠷᠡᠯ᠎ᠡ᠂ ᠲᠡᠷᠡ ᠬᠤᠯᠤᠭᠠᠨ᠎ᠠ ᠨᠤᠭᠤᠳ ᠢ᠋ ᠬᠥᠭᠡᠭᠡᠬᠦ ᠪᠡᠷ ᠰᠠᠪᠠᠭ᠎ᠠ ᠪᠠᠷᠢᠵᠤ ᠢᠷᠡᠵᠡᠢ᠃
ᠵᠠᠷᠤᠴᠠ᠄ ᠮᠠᠭᠤ ᠵᠠᠪᠠᠭᠠᠨ ᠠᠮᠢᠲᠠᠳ᠂ ᠮᠠᠢ ᠴᠢ᠂ ᠮᠠᠢ ᠴᠢ ᠡᠨᠳᠡ ᠡᠴᠡ ᠶᠠᠪᠤ ! ᠠᠯᠢᠪ ᠵᠢᠭᠤᠲᠠᠭᠠᠷᠠᠢ᠂ ᠨᠢᠭᠤᠭᠳᠠᠶᠠ᠂ ᠬᠣᠲᠠ ᠶ᠋ᠢᠨ ᠬᠤᠯᠤᠭᠠᠨ᠎ᠠ ᠶᠡᠬᠡ ᠢᠴᠢᠵᠡᠢ᠂ ᠬᠠ ᠬᠠ ᠬᠠ ᠬᠠ ᠬᠠ᠂᠂᠂᠂
ᠬᠣᠲᠠ ᠶ᠋ᠢᠨ ᠬᠤᠯᠤᠭᠠᠨ᠎ᠠ᠄ᠰᠠᠨᠠᠭ᠎ᠠ ᠵᠣᠪᠠᠯᠲᠠ ᠦᠭᠡᠢ ᠠ᠋ ᠨᠠᠢᠵᠠ ᠮᠢᠨᠢ᠂ ᠲᠡᠭᠦᠨ ᠢ᠋ ᠶᠠᠪᠤᠮᠠᠭᠴᠠ ᠬᠣᠶᠠᠭᠤᠯᠠ ᠪᠠᠨ ᠬᠣᠭᠣᠯᠠᠯᠠᠨ᠎ᠠ᠃ ᠲᠡᠳᠡ ᠰᠢᠷᠡᠭᠡ ᠬᠣᠭᠣᠰᠣᠷᠠᠲᠠᠯ᠎ᠠ ᠭᠠᠳᠠᠭᠤᠷ ᠠᠯᠬᠤᠬᠤ ᠪᠠᠷ ᠰᠢᠢᠳᠦᠯ᠎ᠡ᠃
ᠬᠣᠲᠠ ᠶ᠋ᠢᠨ ᠬᠤᠯᠤᠭᠠᠨ᠎ᠠ᠄ ᠶᠠᠪᠤᠶ᠎ᠠ᠂ ᠪᠢ ᠴᠢᠮ᠎ᠠ ᠳ᠋ᠤ᠌ ᠪᠦᠬᠦ ᠲᠥᠷᠥᠯ ᠦ᠋ᠨ ᠬᠣᠭᠣᠯᠠ ᠢᠳᠡᠵᠦ ᠤᠤᠭᠤᠬᠤ ᠭᠠᠵᠠᠷ ᠦᠵᠡᠭᠦᠯᠦᠶ᠎ᠡ᠂ ᠬᠥᠳᠡᠭᠡ ᠶ᠋ᠢᠨ ᠬᠤᠯᠤᠭᠠᠨ᠎ᠠ᠄ ᠡᠨᠡ ᠴᠢᠨᠢ ᠶᠠᠭᠤ ᠪᠣᠢ? ᠦᠭᠡᠢ᠂ ᠡᠨᠡ ᠴᠢᠨᠢ ᠶᠠᠭᠤ ᠪᠣᠢ?
ᠬᠣᠲᠠ ᠶ᠋ᠢᠨ ᠬᠤᠯᠤᠭᠠᠨ᠎ᠠ᠄ ᠠᠯᠳᠠᠷᠲᠠᠢ ᠶᠡᠬᠡ ᠳᠡᠯᠭᠡᠭᠦᠷ᠂ ᠲᠡᠳᠡ ᠵᠠᠮ ᠳ᠋ᠤ᠌ ᠪᠠᠨ ᠥᠪᠡᠷᠰᠡᠳ ᠤᠷᠤᠭᠤ ᠨᠢ ᠬᠠᠷ᠎ᠠ ᠬᠤᠷᠳᠤ ᠪᠠᠷ ᠢ᠋ᠶ᠋ᠠᠨ ᠳᠠᠪᠬᠢᠵᠤ ᠶᠠᠪᠤᠭ᠎ᠠ ᠮᠤᠤᠷ ᠢ᠋ ᠬᠠᠷᠠᠪᠠ᠃
ᠬᠣᠲᠠ ᠶ᠋ᠢᠨ ᠬᠤᠯᠤᠭᠠᠨ᠎ᠠ᠄ ᠬᠤᠷᠳᠤᠯᠠᠭᠠᠷᠠᠢ᠂ ᠨᠢᠭᠤᠭᠳᠠ!
ᠬᠥᠳᠡᠭᠡ ᠶ᠋ᠢᠨ ᠬᠤᠯᠤᠭᠠᠨ᠎ᠠ᠄ ᠬᠦ ᠬᠡ᠂ ᠬᠦ ᠬᠡ᠂ ᠰᠠᠶᠢᠬᠢ ᠶ᠋ᠢᠨ ᠶᠠᠭᠤ ᠪᠠᠢᠭᠰᠠᠨ ᠪᠣᠢ᠂ ᠮᠢᠨᠦ ᠵᠢᠷᠦᠬᠡ ᠮᠠᠰᠢ ᠬᠦᠴᠦᠲᠡᠢ ᠴᠣᠬᠢᠯᠠᠵᠤ ᠪᠠᠢᠨ᠎ᠠ᠃
ᠬᠣᠲᠠ ᠶ᠋ᠢᠨ ᠬᠤᠯᠤᠭᠠᠨ᠎ᠠ᠄ ᠲᠣᠮᠣ ᠲᠠᠷᠭᠤᠨ ᠮᠤᠤᠷ᠂ ᠲᠡᠷᠡ ᠤᠳᠠᠬᠤ ᠦᠭᠡᠢ ᠶᠠᠪᠤᠴᠢᠬᠠᠨ᠎ᠠ᠂ ᠴᠢᠮᠡᠭᠡ ᠦᠭᠡᠢ ᠯᠡ ᠪᠠᠢᠵᠤ ᠪᠠᠢ᠃ᠮᠤᠤᠷ ᠢ᠋ ᠶᠠᠪᠤᠭᠰᠠᠨ ᠤ᠋ ᠳᠠᠷᠠᠭ᠎ᠠ ᠲᠡᠳᠡ ᠶᠡᠬᠡ ᠳᠡᠯᠭᠡᠭᠦᠷ ᠤᠷᠤᠭᠤ ᠣᠷᠣᠯ᠎ᠠ᠃
ᠬᠥᠳᠡᠭᠡ ᠶ᠋ᠢᠨ ᠬᠤᠯᠤᠭᠠᠨ᠎ᠠ᠄ ᠦᠭᠡᠢ᠂ ᠲᠡᠷᠡ ᠶᠠᠭᠤ ᠪᠣᠢ?
ᠬᠣᠲᠠ ᠶ᠋ᠢᠨ ᠬᠤᠯᠤᠭᠠᠨ᠎ᠠ᠄ ᠪᠣᠯᠭᠣᠮᠵᠢᠲᠠᠢ᠂ ᠡᠨᠡ ᠪᠣᠯ ᠬᠤᠯᠤᠭᠠᠨ᠎ᠠ ᠶ᠋ᠢᠨ ᠬᠠᠪᠬ᠎ᠠ᠃
ᠬᠥᠳᠡᠭᠡ ᠶ᠋ᠢᠨ ᠬᠤᠯᠤᠭᠠᠨ᠎ᠠ᠄ ᠬᠤᠯᠤᠭᠠᠨ᠎ᠠ ᠶ᠋ᠢᠨ ᠬᠠᠪᠬ᠎ᠠ ᠭᠡᠵᠦ ᠶᠠᠭᠤ ᠶᠤᠮ ᠪᠣᠢ?
ᠬᠣᠲᠠ ᠶ᠋ᠢᠨ ᠬᠤᠯᠤᠭᠠᠨ᠎ᠠ᠄ ᠶᠠᠭᠤ ᠪᠣᠯ ᠳᠠ᠂ ᠪᠢ ᠴᠢᠮ᠎ᠠ ᠳ᠋ᠤ᠌ ᠶᠠᠭᠠᠬᠢᠵᠤ ᠲᠠᠢᠯᠪᠤᠷᠢᠯᠠᠬᠤ ᠪᠠᠨ ᠮᠡᠳᠡᠬᠦ ᠦᠭᠡᠢ ᠪᠠᠢᠨ᠎ᠠ᠂ ᠭᠡᠪᠡᠴᠦ ᠳᠣᠲᠣᠷ᠎ᠠ ᠨᠢ ᠪᠠᠢᠭ᠎ᠠ ᠪᠢᠰᠢᠯᠠᠭ ᠢ᠋ ᠠᠪᠬᠤ ᠭᠡᠵᠦ ᠣᠷᠣᠯᠳᠣᠬᠤ ᠲᠡᠳᠦᠢ ᠯᠡ ᠲᠡᠨᠳᠡ ᠪᠡᠨ ᠭᠠᠴᠢᠭᠠᠳ ᠭᠠᠷᠴᠤ ᠢᠷᠡᠵᠦ ᠴᠢᠳᠠᠳᠠᠭ ᠦᠭᠡᠢ ᠶᠦᠮ᠃
ᠬᠥᠳᠡᠭᠡ ᠶ᠋ᠢᠨ ᠬᠤᠯᠤᠭᠠᠨ᠎ᠠ᠄ ᠪᠢ ᠵᠢᠷᠦᠬᠡᠨ ᠦ᠌ ᠰᠢᠭᠢᠳᠬᠡᠰᠦ ᠪᠣᠯᠵᠤ ᠪᠠᠢᠬᠤ ᠰᠢᠭ᠋ ᠪᠠᠢᠨ᠎ᠠ᠃ ᠡᠨᠡ ᠴᠤ᠌ ᠨᠠᠳᠠ ᠳ᠋ᠤ᠌ ᠠᠷᠠᠢ ᠠᠬᠠᠳᠠᠨ᠎ᠠ!
ᠬᠣᠲᠠ ᠶ᠋ᠢᠨ ᠬᠤᠯᠤᠭᠠᠨ᠎ᠠ᠄ ᠵᠠ᠂ ᠵᠠ᠂ ᠪᠢᠲᠡᠭᠡᠢ ᠬᠡᠲᠦᠷᠡᠭᠦᠯᠦᠭᠡᠳ ᠪᠠᠢ᠂ ᠰᠡᠷᠡᠮᠵᠢᠲᠡᠢ ᠯᠡ ᠪᠠᠢ!
ᠬᠥᠳᠡᠭᠡ ᠶ᠋ᠢᠨ ᠬᠤᠯᠤᠭᠠᠨ᠎ᠠ᠄ ᠵᠠ᠂ ᠪᠢ ᠡᠨᠡ ᠪᠦᠬᠦ ᠵᠢᠭᠤᠲᠠᠬᠤ᠂ ᠦᠰᠦᠷᠴᠦ ᠬᠠᠷᠠᠢᠬᠤ᠂ ᠠᠶᠤᠵᠤ ᠪᠠᠯᠠᠮᠠᠭᠳᠠᠵᠤ ᠶᠠᠪᠤᠬᠤ ᠠ᠋ᠴᠠ ᠴᠢᠨᠢ ᠪᠦᠷ ᠵᠠᠯᠬᠠᠵᠤ ᠭᠦᠢᠴᠡᠭᠡᠳ ᠪᠠᠢᠨ᠎ᠠ᠂ ᠪᠢ ᠶᠡᠷᠦᠨᠢ ᠨᠢ ᠪᠣᠯ ᠡᠭᠦᠨ ᠦ᠌ ᠲᠥᠯᠥᠭᠡ ᠡᠨᠳᠡ ᠢᠷᠡᠭᠡ ᠦᠭᠡᠢ ᠰᠢᠦ᠂ ᠣᠢᠯᠠᠭᠠᠪᠠ ᠤᠤ?
ᠬᠣᠲᠠ ᠶ᠋ᠢᠨ ᠬᠤᠯᠤᠭᠠᠨ᠎ᠠ᠄ ᠭᠡᠪᠡᠴᠦ
ᠬᠥᠳᠡᠭᠡ ᠶ᠋ᠢᠨ ᠬᠤᠯᠤᠭᠠᠨ᠎ᠠ᠄ ᠪᠢ ᠭᠡᠷ ᠤᠷᠤᠭᠤ ᠪᠠᠨ ᠪᠤᠴᠠᠬᠤ ᠪᠠᠷ ᠰᠢᠢᠳᠦᠯ᠎ᠡ᠂ ᠲᠡᠨᠳᠡ ᠦᠨᠡᠬᠡᠷ ᠠᠮᠤᠷ ᠠᠮᠤᠭᠤᠯᠠᠩ᠂ ᠬᠣᠲᠠ ᠶ᠋ᠢᠨ ᠬᠤᠯᠤᠭᠠᠨ᠎ᠠ᠄ ᠡᠨᠡ ᠪᠦᠬᠦᠨ ᠦ᠌ ᠲᠥᠯᠥᠭᠡ ᠨᠠᠮ᠎ᠠ ᠶ᠋ᠢ ᠠᠭᠤᠴᠢᠯᠠᠭᠠᠷᠠᠢ᠃
ᠬᠥᠳᠡᠭᠡ ᠶ᠋ᠢᠨ ᠬᠤᠯᠤᠭᠠᠨ᠎ᠠ᠄ ᠪᠢ ᠴᠠᠭ ᠦᠷᠭᠦᠯᠵᠢ ᠠᠢᠳᠠᠰ ᠲᠠᠢ ᠲᠠᠩᠰᠤᠭ ᠬᠣᠭᠣᠯᠠ ᠢᠳᠡᠭᠰᠡᠨ ᠡᠴᠡ ᠥᠪᠡᠷ ᠦ᠋ᠨ ᠢ᠋ᠶ᠋ᠡᠨ ᠴᠡᠴᠡᠷᠯᠢᠭ ᠲᠦ ᠰᠢᠨᠡᠬᠡᠨ ᠬᠦᠨᠡᠰᠦ ᠨᠣᠭᠣᠭ᠎ᠠ ᠢᠳᠡᠵᠦ ᠪᠠᠢᠬᠤ ᠶ᠋ᠢ ᠢᠯᠡᠭᠦᠦ ᠬᠦᠰᠡᠵᠦ ᠪᠠᠢᠨ᠎ᠠ᠂ ᠠᠮᠢᠳᠤᠷᠠᠯ ᠤ᠋ᠨ ᠲᠠᠩᠰᠤᠭ ᠰᠠᠢᠬᠠᠨ ᠪᠦᠬᠦᠨ ᠦ᠌ ᠲᠥᠯᠥᠭᠡ ᠬᠠᠮᠢᠭ᠎ᠠ ᠰᠠᠢ ᠦᠭᠡᠢ ᠭᠦᠶᠦᠵᠦ ᠶᠠᠪᠤᠭᠰᠠᠨ ᠠ᠋ᠴᠠ ᠡᠩ ᠦ᠋ᠨ ᠠᠮᠢᠳᠤᠷᠠᠭᠰᠠᠨ ᠨᠢ ᠳᠡᠭᠡᠷ᠎ᠡ ᠰᠢᠦ ᠳᠡ!
ᠢᠩᠭᠢᠭᠡᠳ ᠬᠥᠳᠡᠭᠡ ᠶ᠋ᠢᠨ ᠬᠤᠯᠤᠭᠠᠨ᠎ᠠ ᠭᠡᠷ ᠲᠦ ᠪᠡᠨ ᠪᠤᠴᠠᠵᠤ ᠣᠴᠢᠭᠠᠳ ᠦᠯᠡᠳᠡᠭᠰᠡᠨ ᠠᠮᠢᠳᠤᠷᠠᠯ ᠤ᠋ᠨ ᠢ᠋ᠶ᠋ᠠᠨ ᠲᠤᠷᠰᠢ ᠲᠡᠨᠳᠡ ᠪᠡᠨ ᠪᠠᠢᠭᠰᠠᠨ ᠶᠤᠮ᠃
ᠦᠰᠦᠭ ᠠᠮᠢᠯᠠᠭᠤᠯᠤᠭᠴᠢ᠄ ᠲᠦᠮᠡᠨᠴᠡᠴᠡᠭ
ᠦᠰᠦᠭ ᠬᠠᠳᠠᠭᠴᠢ᠄ ᠤᠷᠢᠶᠠᠩᠬᠠᠢ ᠨᠠᠷᠠᠨᠮᠠᠨᠳᠠ
ᠦᠰᠦᠭ ᠬᠢᠨᠠᠭᠴᠢ᠄ ᠣᠷᠠᠨᠲᠠᠨᠡ
