ᠵᠦᠢᠷ ᠰᠡᠴᠡᠨ ᠦᠭᠡ – ᠦ<6>  ᠶ᠋ᠢᠨ ᠠᠢᠮᠠᠭ Зүйр цэцэн үг – Ө ин аймаг ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠢᠷ ᠰᠡᠴᠡᠨ ᠦᠭᠡ – ᠦ<6>  ᠶ᠋ᠢᠨ ᠠᠢᠮᠠᠭ Зүйр цэцэн үг – Ө ин аймаг

ᠵᠦᠢᠷ ᠰᠡᠴᠡᠨ ᠦᠭᠡ – ᠦ<6>  ᠶ᠋ᠢᠨ ᠠᠢᠮᠠᠭ Зүйр цэцэн үг – Ө ин аймаг

2023-11-11

5516

ᠥᠩᠭᠡᠷᠡᠬᠦ ᠴᠠᠭ ᠡᠷᠭᠢᠯᠲᠡ ᠦᠭᠡᠢ 
ᠥᠰᠬᠦ ᠨᠠᠰᠤ ᠪᠤᠴᠠᠰᠢ ᠦᠭᠡᠢ 

ᠥᠩᠭᠡᠷᠡᠬᠦ ᠡᠳᠦᠷ ᠢ᠋ ᠡᠭᠡᠭᠦᠯᠬᠦ ᠳ᠋ᠦ᠍ ᠪᠡᠷᠬᠡ 
ᠦᠨᠡᠲᠦ ᠡᠷᠳᠡᠨᠢ ᠶ᠋ᠢ ᠣᠯᠬᠤ ᠳ᠋ᠤ᠌ ᠬᠢᠯᠪᠠᠷ 
 
ᠥᠰᠬᠦ ᠨᠠᠰᠤᠨ ᠳ᠋ᠠᠭᠠᠨ ᠰᠤᠷᠬᠤ ᠦᠭᠡᠢ ᠪᠣᠯ 
ᠥᠲᠡᠯᠦᠭᠰᠡᠨ ᠦ᠌ ᠬᠣᠢᠨ᠎ᠠ ᠪᠠᠨ ᠭᠡᠮᠰᠢᠨ᠎ᠡ 

ᠥᠩᠭᠡ ᠶ᠋ᠢᠨ ᠰᠠᠢᠬᠠᠨ ᠴᠢᠨᠠᠷ ᠢ᠋ ᠭᠦᠢᠴᠡᠬᠦ ᠦᠭᠡᠢ 
ᠦᠭᠡ ᠶ᠋ᠢᠨ ᠤᠷᠠᠨ ᠦᠨᠡᠨ ᠢ᠋ ᠬᠦᠷᠬᠦ ᠦᠭᠡᠢ 

ᠥᠩᠭᠡᠷᠡᠬᠦ ᠴᠠᠭ ᠲᠦᠷᠭᠡᠨ 
ᠥᠰᠬᠦ ᠨᠠᠰᠤ ᠬᠤᠷᠳᠤᠨ 

ᠥᠷᠭᠡᠨ ᠮᠡᠳᠡᠯᠭᠡ ᠣᠷᠣᠯᠳᠣᠯᠭ᠎ᠠ ᠠ᠋ᠴᠠ ᠢᠷᠡᠨ᠎ᠡ
ᠦᠨᠡᠨ ᠶᠣᠰᠣ ᠦᠢᠯᠡᠳᠦᠯᠭᠡ ᠡᠴᠡ ᠢᠷᠡᠨ᠎ᠡ

ᠥᠭᠡᠬᠦ ᠴᠦ᠍ ᠪᠢᠰᠢ ᠪᠤᠯᠴᠢᠷᠬᠠᠢ ᠴᠤ᠌ ᠪᠢᠰᠢ

ᠥᠯᠥᠰᠦᠭᠰᠡᠨ ᠬᠥᠮᠦᠨ ᠳ᠋ᠦ᠍ ᠥᠭᠡᠬᠦ ᠬᠦᠷᠭᠡ
ᠲᠠᠭᠠᠷᠠᠭᠰᠠᠨ ᠬᠥᠮᠦᠨ ᠳ᠋ᠦ᠍ ᠳᠠᠬᠤ ᠬᠦᠷᠭᠡ

ᠥᠰᠢᠶ᠎ᠡ ᠲᠡᠢ ᠬᠥᠮᠦᠨ ᠳᠠᠪᠠᠭᠠᠨ ᠳᠡᠭᠡᠷ᠎ᠡ
ᠥᠷᠢ ᠲᠡᠢ ᠬᠥᠮᠦᠨ ᠵᠡᠭᠡᠯᠢ ᠳᠡᠭᠡᠷ᠎ᠡ

ᠥᠶᠥᠭ ᠴᠠᠳᠬᠤᠯᠠᠩ ᠶᠠᠪᠤᠪᠠᠯ ᠥᠯᠥᠰᠴᠦ ᠪᠠᠢᠭᠰᠠᠨ ᠢ᠋ᠶ᠋ᠠᠨ ᠰᠠᠨᠠ
ᠰᠢᠷ᠎ᠠ ᠲᠣᠰᠣ ᠤᠤᠭᠤᠪᠠᠯ ᠰᠢᠷᠠᠰᠤ ᠤᠤᠭᠤᠭᠰᠠᠨ ᠢ᠋ᠶ᠋ᠠᠨ ᠰᠠᠨᠠ

ᠥᠷᠯᠥᠭᠡ ᠬᠠᠵᠠᠭᠠᠷ᠂ ᠦᠳᠡᠰᠢ ᠲᠠᠰᠢᠭᠤᠷ

ᠦᠩᠭᠡᠮᠴᠢ ᠬᠠᠭᠤᠷᠮᠠᠭ ᠨᠠᠢᠵᠠ
ᠦᠭᠡᠨ ᠦ᠌ ᠤᠷᠠᠨ ᠢ᠋ ᠯᠡ ᠪᠣᠳᠣᠨ᠎ᠠ

ᠥᠩᠭᠡᠷᠡᠭᠰᠡᠨ ᠶᠠᠭᠤᠮᠠᠨ ᠳ᠋ᠤ᠌ ᠬᠥᠮᠦᠨ ᠪᠣᠯᠭᠠᠨ ᠮᠡᠷᠭᠡᠨ
ᠦᠯᠲᠦᠷᠡᠭᠰᠡᠨ ᠮᠢᠬᠠᠨ ᠳ᠋ᠤ᠌ ᠰᠢᠳᠦ ᠪᠣᠯᠭᠠᠨ ᠬᠤᠷᠴᠠ

ᠥᠭᠡᠳᠡᠯᠡᠬᠦ ᠬᠥᠮᠦᠨ ᠳ᠋ᠦ᠍ ᠰᠠᠨᠠᠬᠤ ᠰᠡᠷᠡᠬᠦ ᠬᠦᠷᠬᠦ ᠭᠤᠷᠪᠠ
ᠤᠷᠤᠭᠤᠳᠠᠬᠤ ᠬᠥᠮᠦᠨ ᠳ᠋ᠦ᠍ ᠤᠨᠲᠠᠬᠤ ᠢᠳᠡᠬᠦ ᠮᠠᠷᠲᠠᠬᠤ ᠭᠤᠷᠪᠠ

ᠥᠭᠬᠦ ᠬᠥᠮᠦᠨ ᠦᠨᠡᠭᠡᠨ ᠰᠡᠭᠦᠯ ᠢ᠋ᠶ᠋ᠡᠷ ᠢᠯᠡᠳᠡᠭ
ᠠᠪᠬᠤ ᠬᠥᠮᠦᠨ ᠦᠬᠡᠷ ᠦ᠋ᠨ ᠬᠡᠯᠡ ᠪᠡᠷ ᠳᠣᠯᠢᠶᠠᠳᠠᠭ

ᠥᠭᠡᠳᠡᠯᠡᠬᠦ ᠬᠥᠮᠦᠨ ᠵᠢᠳᠬᠦᠯ ᠢ᠋ᠶ᠋ᠡᠷ ᠪᠠᠶᠠᠨ
ᠦᠭᠡᠢᠷᠡᠬᠦ ᠬᠥᠮᠦᠨ ᠵᠡᠭᠦᠳᠦ ᠪᠡᠷ ᠪᠠᠶᠠᠨ