ᠠᠷᠢᠬᠢᠨ ᠤ ᠱᠣᠭ ᠰᠢᠯᠦᠭ – ᠴ᠂ ᠵᠢᠭᠮᠢᠳ Архины шог шүлэг – Ч᠂ Жигмид ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠢᠬᠢᠨ ᠤ ᠱᠣᠭ ᠰᠢᠯᠦᠭ – ᠴ᠂ ᠵᠢᠭᠮᠢᠳ Архины шог шүлэг – Ч᠂ Жигмид

ᠠᠷᠢᠬᠢᠨ ᠤ ᠱᠣᠭ ᠰᠢᠯᠦᠭ – ᠴ᠂ ᠵᠢᠭᠮᠢᠳ Архины шог шүлэг – Ч᠂ Жигмид

ᠠᠩᠭᠢᠯᠠᠯ:ᠬᠣᠱᠣᠩ ᠱᠣᠭ
2023-11-10

317

ᠠᠷᠢᠬᠢᠨ ᠤ ᠱᠣᠭ ᠰᠢᠯᠦᠭ

 
             ᠴ᠂ ᠵᠢᠭᠮᠢᠳ    
 ᠠᠯᠢᠮ᠎ᠠ ᠵᠢᠮᠢᠰᠦᠨ ᠦ᠌ ᠦᠷᠡᠯ ᠡᠴᠡ  
 ᠲᠠᠷᠢᠮᠠᠯ ᠢ᠋ᠶ᠋ᠠᠷ ᠭᠠᠷᠳᠠᠭ ᠠᠷᠢᠬᠢ ᠴᠤ᠌ ᠪᠣᠢ ᠂ 
 ᠠᠢᠷᠠᠭ ᠰᠦ ᠰᠢᠮ᠎ᠡ ᠶ᠋ᠢᠨ  
 ᠨᠡᠷᠡᠮᠡᠯ ᠡᠴᠡ ᠭᠠᠷᠳᠠᠭ ᠠᠷᠢᠬᠢ ᠴᠤ᠌ ᠪᠣᠢ᠃  
 ᠣᠷᠣᠰ ᠮᠣᠩᠭᠣᠯ ᠠᠷᠢᠬᠢ  
 ᠣᠯᠠᠨ ᠶᠠᠩᠵᠤ ᠪᠠᠷ ᠪᠣᠢ ᠶᠤᠮ᠂  
 ᠣᠯᠵᠤ ᠤᠤᠭᠤᠭᠠᠳ ᠬᠡᠲᠦᠷᠡᠪᠡᠯ  
 ᠣᠨᠴᠠ ᠰᠣᠭᠲᠣᠭᠤ ᠲᠡᠷᠡ ᠶᠦᠮ᠃ 
 ᠴᠡᠭᠡᠯ ᠳ᠋ᠦ᠍ ᠪᠠᠢᠭ᠎ᠠ ᠵᠢᠭᠠᠰᠤ ᠶ᠋ᠢ  
 ᠰᠡᠷᠡᠭᠡᠨ ᠲᠡᠮᠦᠷ ᠬᠠᠳᠬᠤᠨ᠎ᠠ᠃ 
 ᠴᠡᠭᠡᠵᠢᠨ ᠳ᠋ᠦ᠍ ᠪᠠᠢᠭ᠎ᠠ ᠦᠭᠡ ᠶ᠋ᠢ  
 ᠰᠢᠯ ᠲᠡᠢ ᠠᠷᠢᠬᠢ ᠬᠠᠳᠬᠤᠨ᠎ᠠ᠃ 
 ᠨᠠᠭᠤᠷ ᠲᠤ᠌ ᠪᠠᠢᠭ᠎ᠠ ᠵᠢᠭᠠᠰᠤ ᠶ᠋ᠢ  
 ᠨᠢᠷᠤᠭᠤᠨ ᠲᠡᠮᠦᠷ ᠬᠠᠳᠬᠤᠨ᠎ᠠ᠂ 
 ᠨᠢᠭᠤᠵᠤ ᠪᠠᠢᠭᠰᠠᠨ ᠦᠭᠡ ᠶ᠋ᠢ  
 ᠯᠣᠩᠬᠣ ᠲᠠᠢ ᠠᠷᠢᠬᠢ ᠬᠠᠳᠬᠤᠨ᠎ᠠ᠃ 
 ᠪᠠᠭ᠎ᠠ ᠪᠠᠭ᠎ᠠ ᠪᠠᠷ ᠤᠤᠭᠤᠪᠠᠯ  
 ᠪᠠᠬᠠᠲᠠᠢ ᠢᠳᠡᠭᠡ ᠠᠷᠢᠬᠢ ᠶᠤᠮ᠂  
 ᠪᠠᠯᠭᠤᠭᠰᠠᠭᠠᠷ ᠪᠠᠢᠭᠠᠳ ᠠᠬᠠᠳᠠᠪᠠᠯ  
 ᠪᠠᠯᠠᠷᠠᠭᠤᠯᠴᠢᠬᠠᠳᠠᠭ ᠢᠳᠡᠭᠡ ᠠᠷᠢᠬᠢ ᠶᠤᠮ᠃ 
 ᠭᠡᠮ ᠢ᠋ᠶ᠋ᠡᠷ ᠪᠠᠭ᠎ᠠ ᠪᠠᠭ᠎ᠠ ᠤᠤᠭᠤᠪᠠᠯ  
 ᠬᠡᠨ ᠳ᠋ᠦ᠍ ᠴᠦ᠍ ᠬᠦᠷᠲᠡᠭᠳᠡᠬᠦ ᠢᠳᠡᠭᠡ ᠶᠦᠮ᠂ 
 ᠬᠡᠮᠵᠢᠶᠡᠨ ᠡᠴᠡ ᠪᠡᠨ ᠬᠡᠲᠦᠷᠡᠪᠡᠯ  
 ᠬᠡᠷᠡᠭ ᠲᠦ᠍ ᠣᠷᠣᠭᠤᠯᠳᠠᠭ ᠢᠳᠡᠭᠡ ᠶᠦᠮ᠃ 
 ᠤᠤᠭᠤᠭᠰᠠᠨ ᠳᠣᠣᠷ᠎ᠠ ᠪᠠᠨ ᠤᠨᠲᠠᠳᠠᠭ  
 ᠰᠢᠯᠤᠭᠤᠨ ᠰᠣᠭᠲᠣᠭᠤ— ᠠᠷᠢᠬᠢᠨ ᠤ᠋ ᠬᠣᠣᠷ!  
 ᠤᠴᠢᠷ ᠵᠢᠷᠤᠮ ᠢ᠋ᠶ᠋ᠠᠷ ᠶᠠᠷᠢᠳᠠᠭ 
 ᠳᠣᠭᠰᠢᠨ ᠰᠣᠭᠲᠣᠭᠤ— ᠠᠷᠢᠬᠢᠨ ᠤ᠋ ᠬᠣᠣᠷ! 
 ᠬᠢᠲᠤᠭ᠎ᠠ ᠰᠢᠪᠦᠭᠡ ᠡᠷᠭᠢᠭᠦᠯᠳᠡᠭ  
 ᠲᠡᠨᠡᠭ ᠰᠣᠭᠲᠣᠭᠤ— ᠠᠷᠢᠬᠢᠨ ᠤ᠋ ᠬᠣᠣᠷ! 
 ᠤᠯᠤᠰ ᠣᠯᠠᠨ ᠢ᠋ ᠦᠢᠮᠡᠭᠦᠯᠳᠡᠭ  
 ᠤᠩᠭᠢᠷᠠᠭ᠎ᠠ ᠰᠣᠭᠲᠣᠭᠤ— ᠠᠷᠢᠬᠢᠨ ᠤ᠋ ᠬᠣᠣᠷ!  
 ᠤᠨᠤᠭᠰᠠᠨ ᠮᠣᠷᠢ ᠪᠠᠨ ᠮᠠᠭᠲᠠᠳᠠᠭ  
 ᠭᠠᠢᠬᠠᠭᠤᠷ ᠰᠣᠭᠲᠣᠭᠤ! ᠠᠷᠢᠬᠢᠨ ᠤ᠋ ᠬᠣᠣᠷ!  
 ᠠᠭᠤᠵᠢᠮ ᠪᠤᠶᠠᠨ ᠪᠠᠢᠨ᠎ᠠ ᠭᠡᠳ  
 ᠪᠠᠶᠠᠷᠯᠠᠬᠤ ᠰᠣᠭᠲᠣᠭᠤ— ᠠᠷᠢᠬᠢᠨ ᠤ᠋ ᠬᠣᠣᠷ! 
 ᠤᠷᠢᠳᠤ ᠶ᠋ᠢᠨ ᠲᠡᠦᠬᠡ ᠪᠡᠨ ᠶᠠᠷᠢᠭᠠᠳ  
 ᠤᠬᠢᠯᠠᠳᠠᠭ ᠰᠣᠭᠲᠣᠭᠤ— ᠠᠷᠢᠬᠢᠨ ᠤ᠋ ᠬᠣᠣᠷ!  
 ᠤᠶᠠᠬᠠᠨ ᠡᠭᠡᠰᠢᠭ ᠬᠣᠭᠣᠯᠠᠢ ᠦᠭᠡᠢ ᠪᠠᠢᠵᠤ  
 ᠳᠠᠭᠤᠯᠠᠳᠠᠭ ᠰᠣᠭᠲᠣᠭᠤ— ᠠᠷᠢᠬᠢᠨ ᠤ᠋ ᠬᠣᠣᠷ!  
 ᠠᠭᠤᠯᠠ ᠲᠠᠯ᠎ᠠ ᠪᠠᠷ ᠬᠡᠰᠦᠳᠡᠭ  
 ᠲᠠᠨᠤᠮᠠᠯ ᠰᠣᠭᠲᠣᠭᠤ— ᠠᠷᠢᠬᠢᠨ ᠤ᠋ ᠬᠣᠣᠷ! 
 ᠤᠨᠠᠭᠰᠠᠨ ᠭᠠᠵᠠᠷ ᠠ᠋ᠴᠠ ᠪᠠᠨ ᠪᠣᠰᠳᠠᠭ ᠦᠭᠡᠢ 
 ᠬᠡᠳᠡᠷ ᠰᠣᠭᠲᠣᠭᠤ— ᠠᠷᠢᠬᠢᠨ ᠤ᠋ ᠬᠣᠣᠷ!  
 ᠤᠤᠭᠤᠶ᠎ᠠ ᠂ ᠪᠠᠰᠠ ᠨᠢᠭᠡ ᠪᠠᠯᠭᠤᠶ᠎ᠠ ᠭᠡᠳ  
 ᠭᠣᠶᠣᠳᠠᠭ ᠰᠣᠭᠲᠣᠭᠤ— ᠠᠷᠢᠬᠢᠨ ᠤ᠋ ᠬᠣᠣᠷ!  
 ᠤᠨᠲᠠᠭ᠎ᠠ ᠠᠢᠯ ᠢ᠋ᠶ᠋ᠠᠷ ᠣᠷᠣᠶ᠎ᠠ ᠭᠡᠳ  
 ᠬᠡᠰᠦᠳᠡᠭ ᠰᠣᠭᠲᠣᠭᠤ— ᠠᠷᠢᠬᠢᠨ ᠤ᠋ ᠬᠣᠣᠷ!  
 ᠠᠶᠠᠭ᠎ᠠ ᠲᠠᠢ ᠠᠷᠢᠬᠢ ᠴᠢᠮᠠᠯᠠᠭᠠᠳ ᠪᠠᠢᠬᠤ  
 ᠬᠡᠩᠬᠡᠭ ᠰᠣᠭᠲᠣᠭᠤ— ᠠᠷᠢᠬᠢᠨ ᠤ᠋ ᠬᠣᠣᠷ!  
 ᠠᠯᠢ ᠪᠠᠰᠠ ᠨᠢᠭᠡ ᠪᠠᠯᠭᠤᠶ᠎ᠠ ᠭᠡᠳ  
 ᠭᠣᠶᠣᠳᠠᠭ ᠰᠣᠭᠲᠣᠭᠤ— ᠠᠷᠢᠬᠢᠨ ᠤ᠋ ᠬᠣᠣᠷ ! 
 ᠠᠶᠠᠭᠠᠨ ᠰᠢᠷᠡᠭᠡ ᠡᠷᠭᠢᠭᠦᠯᠳᠡᠭ  
 ᠠᠳᠠ ᠲᠠᠢ ᠰᠣᠭᠲᠣᠭᠤ — ᠠᠷᠢᠬᠢᠨ ᠤ᠋ ᠬᠣᠣᠷ !  
 ᠠᠯᠠᠨ᠎ᠠ ᠪᠤᠯᠠᠨ᠎ᠠ ᠭᠡᠳ ᠵᠠᠩᠨᠠᠳᠠᠭ  
 ᠠᠭᠰᠠᠨ ᠰᠣᠭᠲᠣᠭᠤ— ᠠᠷᠢᠬᠢᠨ ᠤ᠋ ᠬᠣᠣᠷ!  
 ᠠᠪᠠᠭᠠᠢ ᠬᠡᠦᠬᠡᠳ ᠢ᠋ ᠦᠵᠡᠭᠡᠳ  
 ᠠᠭᠠᠯᠢ ᠦᠭᠡᠢᠳᠡᠬᠦ ᠰᠣᠭᠲᠣᠭᠤ— ᠠᠷᠢᠬᠢᠨ ᠤ᠋ ᠬᠣᠣᠷ!  
 ᠠᠯᠢ ᠮᠠᠭᠤᠬᠠᠢ ᠵᠠᠩ ᠢ᠋ᠶ᠋ᠠᠷ  
 ᠠᠪᠤᠷᠢᠯᠠᠬᠤ ᠰᠣᠭᠲᠣᠭᠤ— ᠠᠷᠢᠬᠢᠨ ᠤ᠋ ᠬᠣᠣᠷ!  
 ᠠᠵᠢᠯ ᠬᠥᠳᠡᠯᠮᠦᠷᠢ ᠶ᠋ᠢᠨ ᠵᠦᠢᠯ ᠡᠴᠡ  
 ᠵᠢᠭᠰᠢᠬᠦ ᠰᠣᠭᠲᠣᠭᠤ— ᠠᠷᠢᠬᠢᠨ ᠤ᠋ ᠬᠣᠣᠷ! 
 ᠠᠷᠪᠠ ᠲᠠᠪᠤᠨ ᠮᠠᠯ ᠢ᠋ᠶ᠋ᠠᠨ  
 ᠠᠷᠠᠴᠢᠯᠠᠳᠠᠭ ᠦᠭᠡᠢ ᠰᠣᠭᠲᠣᠭᠤ— ᠠᠷᠢᠬᠢᠨ ᠤ᠋ ᠬᠣᠣᠷ!  
 ᠠᠷᠠᠭ᠎ᠠ ᠰᠢᠲᠦ ᠪᠡᠨ ᠱᠠᠵᠢᠭᠢᠨᠠᠭᠤᠯᠳᠠᠭ  
 ᠠᠶᠤᠮᠠᠷ ᠰᠣᠭᠲᠣᠭᠤ— ᠠᠷᠢᠬᠢᠨ ᠤ᠋ ᠬᠣᠣᠷ! 
 ᠠᠮᠠᠨ ᠤ᠋ ᠰᠢᠯᠦᠰᠦ ᠪᠡᠨ ᠴᠤᠪᠤᠷᠠᠭᠤᠯᠳᠠᠭ   
 ᠨᠣᠪᠰᠢ ᠶ᠋ᠢᠨ ᠰᠣᠭᠲᠣᠭᠤ— ᠠᠷᠢᠬᠢᠨ ᠤ᠋ ᠬᠣᠣᠷ!  
 ᠠᠢᠯ ᠪᠠᠢᠪᠠᠯ ᠣᠷᠣᠶ᠎ᠠ ᠭᠡᠳ  
 ᠲᠡᠨᠦᠳᠡᠭ ᠰᠣᠭᠲᠣᠭᠤ— ᠠᠷᠢᠬᠢᠨ ᠤ᠋ ᠬᠣᠣᠷ!  
 ᠠᠷᠢᠬᠢ ᠪᠠᠢᠪᠠᠯ ᠤᠤᠭᠤᠶ᠎ᠠ ᠭᠡᠳ   
 ᠡᠷᠢᠳᠡᠭ ᠰᠣᠭᠲᠣᠭᠤ— ᠠᠷᠢᠬᠢᠨ ᠤ᠋ ᠬᠣᠣᠷ ! 
 ᠰᠢᠲᠦ ᠠᠮᠠ ᠪᠠᠨ ᠬᠠᠪᠢᠷᠳᠠᠭ   
 ᠰᠦᠷᠡᠬᠡᠢ ᠰᠣᠭᠲᠣᠭᠤ— ᠠᠷᠢᠬᠢᠨ ᠤ᠋ ᠬᠣᠣᠷ!  
 ᠰᠢᠯᠦᠰᠦ ᠰᠠᠯᠢᠰᠤ ᠴᠤᠪᠤᠷᠠᠭᠤᠯᠳᠠᠭ   
 ᠱᠦᠯᠦᠬᠡᠢ ᠰᠣᠭᠲᠣᠭᠤ— ᠠᠷᠢᠬᠢᠨ ᠤ᠋ ᠬᠣᠣᠷ!  
 ᠰᠢᠷᠦᠭᠦᠨ ᠳᠣᠭᠰᠢᠨ ᠵᠠᠩᠨᠠᠭᠠᠳ  
  ᠵᠣᠳᠣᠳᠠᠭ ᠰᠣᠭᠲᠣᠭᠤ— ᠠᠷᠢᠬᠢᠨ ᠤ᠋ ᠬᠣᠣᠷ!  
 ᠰᠢᠭᠦᠬᠦ ᠳ᠋ᠦ᠍ ᠭᠡᠨᠡᠳᠲᠡ ᠰᠢᠯᠵᠢᠭᠳᠡᠭᠡᠳ  
 ᠭᠡᠰᠬᠡᠯᠲᠡ ᠦᠵᠡᠬᠦ— ᠠᠷᠢᠬᠢᠨ ᠤ᠋ ᠬᠣᠣᠷ!  
 ᠣᠷᠣᠨ ᠳᠡᠭᠡᠭᠦᠷ ᠣᠢᠴᠢᠳᠠᠭ  
 ᠤᠪ ᠲᠠᠢ ᠰᠣᠭᠲᠣᠭᠤ— ᠠᠷᠢᠬᠢᠨ ᠤ᠋ ᠬᠣᠣᠷ!  
 ᠣᠯᠠᠨ ᠠ᠋ᠴᠠ ᠰᠡᠭᠦᠯ ᠳ᠋ᠦ᠍ᠨᠢ ᠵᠥᠪ ᠵᠦᠭᠡᠷ  
 ᠶᠠᠪᠤᠳᠠᠭ ᠰᠣᠭᠲᠣᠭᠤ— ᠠᠷᠢᠬᠢᠨ ᠤ᠋ ᠬᠣᠣᠷ!  
 ᠡᠳ᠋ᠯᠡᠯ ᠬᠤᠪᠴᠠᠰᠤ ᠪᠠᠨ ᠲᠠᠢᠯᠵᠤ ᠬᠠᠶᠠᠳᠠᠭ  
 ᠨᠢᠴᠦᠭᠦᠨ ᠰᠣᠭᠲᠣᠭᠤ— ᠠᠷᠢᠬᠢᠨ ᠤ᠋ ᠬᠣᠣᠷ! 
 ᠡᠮᠡᠭᠡᠯ ᠲᠡᠢ ᠮᠣᠷᠢ ᠪᠠᠨ ᠠᠯᠳᠠᠴᠢᠬᠠᠳᠠᠭ  
 ᠶᠠᠪᠠᠭᠠᠨ ᠰᠣᠭᠲᠣᠭᠤ— ᠠᠷᠢᠬᠢᠨ ᠤ᠋ ᠬᠣᠣᠷ!   
 ᠡᠮᠡᠭᠲᠡᠢᠴᠦᠳ ᠢ᠋ ᠲᠣᠷᠣᠮᠵᠢᠯᠠᠭᠠᠳ  
 ᠡᠷᠭᠢᠭᠦᠯᠳᠡᠭ ᠰᠣᠭᠲᠣᠭᠤ— ᠠᠷᠢᠬᠢᠨ ᠤ᠋ ᠬᠣᠣᠷ! 
 ᠡᠯᠳᠡᠪ ᠬᠠᠩᠭᠠᠢ ᠶ᠋ᠢᠨ ᠵᠠᠩ ᠢ᠋ᠶ᠋ᠠᠷ  
 ᠵᠠᠩᠨᠠᠬᠤ ᠰᠣᠭᠲᠣᠭᠤ— ᠠᠷᠢᠬᠢᠨ ᠤ᠋ ᠬᠣᠣᠷ!  
 ᠰᠠᠨᠠᠭᠠᠨ ᠵᠣᠷᠢᠭ ᠢ᠋ᠶ᠋ᠠᠷ ᠵᠠᠩᠨᠠᠨ᠎ᠠ ᠭᠡᠬᠦ  
 ᠰᠠᠭᠰᠠᠭᠤ ᠰᠣᠭᠲᠣᠭᠤ— ᠠᠷᠢᠬᠢᠨ ᠤ᠋ ᠬᠣᠣᠷ!  
 ᠰᠠᠩᠬᠦᠦ ᠶ᠋ᠢᠨ ᠮᠥᠩᠭᠥ ᠶ᠋ᠢ ᠪᠦᠷᠢᠯᠭᠡᠬᠦ   
 ᠰᠦᠢᠳᠦᠯ ᠰᠣᠭᠲᠣᠭᠤ— ᠠᠷᠢᠬᠢᠨ ᠤ᠋ ᠬᠣᠣᠷ! 
 ᠵᠠᠪᠠᠯ ᠥᠨᠥ ᠬᠠᠷᠢᠨ᠎ᠠ ᠭᠡᠳ   
 ᠵᠠᠩᠨᠠᠬᠤ ᠰᠣᠭᠲᠣᠭᠤ— ᠠᠷᠢᠬᠢᠨ ᠤ᠋ ᠬᠣᠣᠷ!  
 ᠵᠠᠮ ᠤ᠋ᠨ ᠳᠤᠮᠳᠠ ᠣᠢᠴᠢᠭᠠᠳ  
 ᠤᠨᠲᠠᠬᠤ ᠰᠣᠭᠲᠣᠭᠤ— ᠠᠷᠢᠬᠢᠨ ᠤ᠋ ᠬᠣᠣᠷ!  
 ᠮᠥᠨ ᠪᠢᠰᠢ ᠦᠭᠡᠢ ᠦᠭᠡ ᠪᠡᠷ ᠢ᠋ᠶ᠋ᠡᠨ 
 ᠶᠠᠷᠢᠶ᠎ᠠ ᠰᠣᠭᠲᠣᠭᠤ— ᠠᠷᠢᠬᠢᠨ ᠤ᠋ ᠬᠣᠣᠷ!  
 ᠮᠥᠷᠥᠢ ᠲᠡᠢ ᠲᠣᠭᠯᠠᠭᠠᠮ ᠲᠣᠭᠯᠠᠭᠠᠳ  
 ᠮᠥᠩᠭᠥ ᠪᠡᠨ ᠪᠠᠷᠠᠳᠠᠭ ᠰᠣᠭᠲᠣᠭᠤ— ᠠᠷᠢᠬᠢᠨ ᠤ᠋ ᠬᠣᠣᠷ!  
 ᠥᠪᠡᠷ ᠦ᠋ᠨ ᠲᠥᠭᠥᠷᠢᠭ ᠢ᠋ᠶ᠋ᠡᠨ ᠪᠠᠷᠠᠴᠢᠬᠠᠭᠠᠳ 
 ᠥᠷᠢᠲᠦᠬᠦ ᠰᠣᠭᠲᠣᠭᠤ— ᠠᠷᠢᠬᠢᠨ ᠤ᠋ ᠬᠣᠣᠷ! 
 ᠦᠭᠭᠦᠭᠰᠡᠨ ᠨᠥᠬᠥᠷ ᠢ᠋ᠶ᠋ᠡᠨ ᠨᠡᠬᠡᠬᠦ ᠪᠡᠷ  
 ᠮᠡᠯᠵᠢᠬᠦ ᠰᠣᠭᠲᠣᠭᠤ— ᠠᠷᠢᠬᠢᠨ ᠤ᠋ ᠬᠣᠣᠷ!  
 ᠪᠠᠭ᠎ᠠ ᠶ᠋ᠢᠨ ᠶᠠᠪᠤᠳᠠᠯ ᠢ᠋ᠶ᠋ᠠᠨ ᠲᠣᠭᠠᠴᠢᠳᠠᠭ 
 ᠠᠯᠢᠶ᠎ᠠ ᠰᠣᠭᠲᠣᠭᠤ— ᠠᠷᠢᠬᠢᠨ ᠤ᠋ ᠬᠣᠣᠷ!  
 ᠪᠠᠭᠠᠨ᠎ᠠ ᠪᠠᠷᠢᠭᠠᠳ ᠡᠷᠭᠢᠭᠦᠯᠳᠡᠭ  
 ᠪᠠᠯᠠᠮᠠᠳ ᠰᠣᠭᠲᠣᠭᠤ— ᠠᠷᠢᠬᠢᠨ ᠤ᠋ ᠬᠣᠣᠷ!  
 ᠪᠠᠯᠭᠤᠭᠰᠠᠭᠠᠷ ᠪᠠᠢᠵᠤ ᠬᠡᠲᠦᠷᠡᠭᠡᠳ  
 ᠪᠠᠯᠠᠷᠠᠬᠤ ᠰᠣᠭᠲᠣᠭᠤ— ᠠᠷᠢᠬᠢᠨ ᠤ᠋ ᠬᠣᠣᠷ!  
 ᠪᠠᠯᠠᠢ ᠬᠠᠷᠠᠩᠭᠤᠢ ᠵᠠᠮ ᠢ᠋ᠶ᠋ᠠᠷ  
 ᠵᠠᠮᠨᠠᠬᠤ ᠰᠣᠭᠲᠣᠭᠤ— ᠠᠷᠢᠬᠢᠨ ᠤ᠋ ᠬᠣᠣᠷ!  
 ᠭᠠᠩ ᠬᠠᠯᠠᠭᠤᠨ ᠨᠠᠷᠠᠨ ᠳ᠋ᠤ᠌  
 ᠬᠠᠲᠠᠮᠠᠷ ᠰᠣᠭᠲᠣᠭᠤ— ᠠᠷᠢᠬᠢᠨ ᠤ᠋ ᠬᠣᠣᠷ!  
 ᠭᠠᠩᠭᠠᠷ ᠬᠦᠢᠲᠡᠨ ᠡᠪᠦᠯ ᠳ᠋ᠦ᠍  
 ᠬᠥᠯᠳᠡᠮᠡᠷ ᠰᠣᠭᠲᠣᠭᠤ— ᠠᠷᠢᠬᠢᠨ ᠤ᠋ ᠬᠣᠣᠷ !  
 ᠭᠠᠳᠠᠭ᠎ᠠ ᠬᠥᠳᠡᠭᠡ ᠤᠨᠲᠠᠭᠠᠳ  
 ᠵᠦᠳᠡᠷᠡᠬᠦ ᠰᠣᠭᠲᠣᠭᠤ— ᠠᠷᠢᠬᠢᠨ ᠤ᠋ ᠬᠣᠣᠷ!  
 ᠭᠠᠷ ᠬᠥᠯ ᠢ᠋ᠶ᠋ᠡᠨ ᠭᠡᠮᠲᠦᠭᠡᠭᠡᠳ  
 ᠵᠣᠪᠠᠬᠤ ᠰᠣᠭᠲᠣᠭᠤ— ᠠᠷᠢᠬᠢᠨ ᠤ᠋ ᠬᠣᠣᠷ!  
 ᠰᠠᠮᠠᠭᠤᠨ ᠳᠤᠷᠠᠲᠠᠢ ᠨᠢ ᠲᠠᠨ ᠢ᠋ ᠭᠡᠵᠦ  
 ᠰᠠᠯᠭᠠᠵᠤ ᠶᠠᠷᠢᠭᠰᠠᠨ ᠪᠢᠰᠢ ᠪᠢ᠂  
 ᠰᠠᠢᠬᠠᠨ ᠮᠠᠭᠤᠬᠠᠢ ᠶᠠᠪᠤᠳᠠᠯ ᠢ᠋  
 ᠰᠠᠨᠠᠭᠤᠯᠵᠤ ᠶᠠᠷᠢᠭᠰᠠᠨ ᠦᠭᠡ ᠶᠦᠮ᠃  
 ᠠᠷᠢᠬᠢ ᠭᠡᠳᠡᠭ ᠢᠳᠡᠭᠡ ᠴᠢᠨᠢ  
 ᠠᠢᠬᠤᠪᠲᠤᠷ ᠬᠡᠴᠡᠭᠦᠦ ᠢᠳᠡᠭᠡ ᠪᠠᠢᠨ᠎ᠠ᠃ 
 ᠠᠬᠠᠳᠠᠵᠤ ᠬᠡᠲᠦᠷᠡᠲᠡᠯ᠎ᠡ ᠤᠤᠭᠤᠪᠠᠯ  
 ᠠᠯᠳᠠᠭ᠎ᠠ ᠵᠠᠪᠬᠠᠷᠠᠭ᠎ᠠ ᠭᠠᠷᠬᠤ ᠶᠤᠮ ᠪᠠᠢᠨ᠎ᠠ᠃ 
 ᠠᠮᠠ ᠬᠦᠷᠴᠦ ᠪᠣᠯᠬᠤ ᠦᠭᠡᠢ ᠢᠳᠡᠭᠡ ᠭᠡᠵᠦ 
 ᠴᠠᠭᠠᠵᠠᠯᠠᠵᠤ ᠬᠣᠷᠢᠭᠰᠠᠨ ᠪᠢᠰᠢ᠂ 
 ᠠᠯᠳᠠᠭ᠎ᠠ ᠵᠠᠪᠬᠠᠷᠠᠭ᠎ᠠ ᠭᠠᠷᠤᠨ᠎ᠠ ᠭᠡᠵᠦ  
 ᠠᠬ᠎ᠠ ᠳᠡᠭᠦᠦ ᠨᠥᠬᠥᠳ ᠲᠡᠭᠡᠨ ᠰᠠᠨᠠᠭᠤᠯᠤᠭᠰᠠᠨ ᠶᠤᠮ᠃  
 ᠠᠯᠳᠠᠷ ᠭᠠᠷᠤᠭᠰᠠᠨ ᠬᠥᠪᠡᠭᠦᠳ ᠲᠡᠭᠡᠨ 
 ᠪᠠᠶᠠᠷ ᠤ᠋ᠨ ᠬᠤᠨᠳᠠᠭ᠎ᠠ ᠠᠷᠢᠬᠢ ᠶᠤᠮ 
 ᠠᠷᠠᠳ ᠪᠢᠳᠡᠨ ᠳ᠋ᠡᠭᠡᠨ  ᠪᠡᠯᠡᠭ ᠦ᠋ᠨ ᠢᠳᠡᠭᠡ ᠠᠷᠢᠬᠢ ᠶᠤᠮ᠃ 
 ᠠᠯᠳᠠᠷᠲᠤ ᠲᠥᠷᠥ ᠶ᠋ᠢᠨ ᠨᠠᠭᠠᠳᠤᠮ ᠳ᠋ᠠᠭᠠᠨ 
 ᠨᠠᠢᠷ ᠤ᠋ᠨ ᠢᠳᠡᠭᠡ ᠠᠷᠢᠬᠢ ᠶᠤᠮ᠃  
 ᠠᠶᠠᠭ᠎ᠠ ᠬᠤᠨᠳᠠᠭ᠎ᠠ ᠲᠤᠯᠭᠠᠭᠠᠳ 
 ᠠᠯᠢ ᠨᠢ ᠴᠦ᠍ ᠬᠠᠮᠢᠭ᠎ᠠ ᠦᠭᠡᠢ ᠤᠤᠭᠤᠳᠠᠭ ᠶᠤᠮ᠃ 
 ᠡᠷᠬᠡ ᠶ᠋ᠢ ᠣᠯᠤᠭᠰᠠᠨ ᠰᠠᠢᠴᠤᠤᠯ ᠳ᠋ᠠᠭᠠᠨ 
 ᠪᠠᠶᠠᠷ ᠤ᠋ᠨ ᠬᠤᠨᠳᠠᠭ᠎ᠠ ᠠᠷᠢᠬᠢ ᠶᠤᠮ᠃ 
 ᠡᠩ ᠦ᠋ᠨ ᠠᠷᠠᠳ ᠪᠢᠳᠡᠨ ᠳ᠋ᠡᠭᠡᠨ 
 ᠪᠡᠯᠡᠭ ᠢᠳᠡᠭᠡ ᠠᠷᠢᠬᠢ ᠶᠤᠮ᠃ 
 ᠡᠩᠬᠡ ᠲᠥᠷᠥ ᠶ᠋ᠢᠨ ᠨᠠᠭᠠᠳᠤᠮ ᠳ᠋ᠤ᠌ 
 ᠨᠠᠢᠷ ᠤ᠋ᠨ ᠢᠳᠡᠭᠡ ᠠᠷᠢᠬᠢ ᠶᠤᠮ᠃  
 ᠡᠷᠡᠭᠲᠡᠢ ᠡᠮᠡᠭᠲᠡᠢ ᠢᠯᠭᠠᠭ᠎ᠠ ᠦᠭᠡᠢ 
 ᠡᠷᠡᠮᠪᠡ ᠵᠢᠷᠤᠮ ᠲᠠᠢ ᠪᠠᠯᠭᠤᠳᠠᠭ ᠶᠤᠮ᠃ 
 ᠤᠤᠭᠤᠬᠤ ᠪᠠᠨ ᠰᠠᠢᠬᠠᠨ ᠤᠤᠭᠤᠵᠠᠭᠠᠵᠤ 
 ᠤᠤᠭᠤᠭᠰᠠᠨ ᠢᠳᠡᠭᠰᠡᠨ ᠳ᠋ᠡᠭᠡᠨ ᠡᠵᠡᠨ ᠪᠣᠯᠵᠤ 
 ᠤᠴᠢᠷ ᠵᠢᠷᠤᠮ ᠢ᠋ᠶ᠋ᠠᠨ ᠰᠠᠬᠢᠵᠠᠭᠠᠵᠤ 
 ᠤᠯᠤᠰ ᠲᠥᠷᠥ ᠳ᠋ᠡᠭᠡᠨ ᠵᠢᠳᠬᠦᠵᠡᠭᠡᠶ᠎ᠡ᠃
  
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄  ᠲᠡᠭᠷᠢ ᠡᠵᠢ
    ᠬᠢᠨᠠᠭ᠍ᠴᠢ :   ᠴᠣᠯᠮᠣᠨᠲᠤᠶᠠᠭ᠎ᠠ 

             2023᠂ 11᠂ 1  ᠤ ᠡᠳᠦᠷ