ᠰᠠᠩᠭ᠎ᠠ ᠲᠠᠩᠭ᠎ᠠ ᠬᠣᠶᠠᠷ – ᠳ᠋ᠠᠭ ᠂ ᠵᠠᠮᠢᠶᠠᠨ Санга танга хоёр – Даг ᠂ Жамьяан ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠩᠭ᠎ᠠ ᠲᠠᠩᠭ᠎ᠠ ᠬᠣᠶᠠᠷ – ᠳ᠋ᠠᠭ ᠂ ᠵᠠᠮᠢᠶᠠᠨ Санга танга хоёр – Даг ᠂ Жамьяан

ᠰᠠᠩᠭ᠎ᠠ ᠲᠠᠩᠭ᠎ᠠ ᠬᠣᠶᠠᠷ – ᠳ᠋ᠠᠭ ᠂ ᠵᠠᠮᠢᠶᠠᠨ Санга танга хоёр – Даг ᠂ Жамьяан

ᠠᠩᠭᠢᠯᠠᠯ:ᠬᠣᠱᠣᠩ ᠱᠣᠭ
2023-11-09

292

ᠰᠠᠩᠭ᠎ᠠ ᠲᠠᠩᠭ᠎ᠠ ᠬᠣᠶᠠᠷ


                   ᠳ᠋ᠠᠭ᠂ ᠵᠠᠮᠢᠶᠠᠨ      

 ᠰᠠᠩᠭ᠎ᠠ ᠲᠠᠩᠭ᠎ᠠ ᠬᠣᠶᠠᠷ 
 ᠰᠠᠳᠤᠨ ᠲᠥᠷᠥᠯ ᠭᠡᠳᠡᠭ ᠦᠭᠡᠢ ᠴᠤ᠌
 ᠰᠠᠢᠬᠠᠨ ᠦᠶᠡᠷᠬᠡᠵᠦ ᠶᠠᠪᠤᠭᠰᠠᠨ 
 ᠨᠠᠢᠵᠠ ᠨᠤᠭᠤᠳ ᠶᠤᠮ ᠪᠠᠢᠵᠠᠢ᠃ 

 ᠭᠡᠲᠡᠯ᠎ᠡ ᠬᠠᠷᠢᠨ ᠨᠢᠭᠡ ᠡᠳᠦᠷ  
 ᠭᠡᠷᠡᠯᠲᠦ ᠨᠠᠷᠠ ᠮᠠᠨᠳᠤᠭᠰᠠᠨ ᠥᠷᠯᠥᠭᠡ  
 ᠰᠠᠩᠭ᠎ᠠ ᠲᠡᠳᠡᠨ ᠦ᠌ ᠬᠦᠷᠢᠶᠡᠨ ᠳ᠋ᠦ᠍ ᠢᠷᠡᠵᠦ 
 ᠲᠠᠩᠭ᠎ᠠ ᠲᠡᠭᠦᠨ ᠢ᠋ ᠤᠭᠲᠤᠭᠠᠳ ᠠᠪᠴᠠᠢ᠃  

 ᠬᠣᠲᠠᠨ ᠳ᠋ᠤᠨᠢ ᠰᠠᠩᠭ᠎ᠠ ᠣᠷᠣᠭᠠᠳ ᠶᠠᠪᠤᠴᠢᠬᠠᠵᠤ 
 ᠬᠣᠨᠢ ᠮᠠᠯ ᠢ᠋ ᠨᠢ ᠠᠵᠢᠭᠠᠳ ᠯᠠ ᠪᠠᠢᠵᠤ  
 ᠲᠡᠭᠡᠵᠦ ᠪᠠᠬᠠᠨ ᠶᠠᠪᠤᠭᠰᠠᠨ ᠢ᠋ᠶ᠋ᠠᠨ 
 ᠲᠡᠭᠡᠨᠡᠭᠡᠯᠵᠡᠭᠰᠡᠨ ᠶᠠᠩᠵᠤ ᠵᠣᠭᠰᠣᠭᠰᠠᠨ ᠢ᠋ᠶ᠋ᠠᠨ  

 ᠲᠠᠩᠭ᠎ᠠ ᠶ᠋ᠢᠨ ᠬᠠᠵᠠᠭᠤ ᠳ᠋ᠤ᠌ ᠣᠴᠢᠵᠤ ᠭᠡᠨ᠎ᠡ  
 ᠳᠠᠯᠤ ᠮᠥᠷᠥ᠍ ᠵᠢ ᠨᠢ ᠠᠯᠠᠭᠠᠳᠠᠵᠤ ᠭᠡᠨ᠎ᠡ
 ᠬᠤᠯᠮᠠᠯᠵᠠᠵᠤ ᠲᠠᠢᠰᠢ ᠪᠠᠨ ᠬᠠᠷᠠᠭᠰᠠᠨ ᠢ᠋ᠶ᠋ᠠᠨ  
 ᠬᠤᠳᠠᠯ ᠨᠢᠭᠡ ᠬᠥᠬᠥᠷᠡᠭᠰᠡᠨ ᠢ᠋ᠶ᠋ᠡᠨ  

 ᠠᠮᠢᠨᠴᠢᠯᠠᠵᠤ ᠴᠢᠬᠢᠨ ᠳ᠋ᠦ᠍ᠨᠢ ᠣᠢᠷᠠᠲᠤᠭᠰᠠᠨ ᠢ᠋ᠶ᠋ᠠᠨ 
 ᠠᠷᠭᠠᠳᠠᠵᠤ ᠬᠣᠰᠢᠭᠤ ᠴᠣᠷᠪᠣᠢᠭᠰᠠᠨ ᠢ᠋ᠶ᠋ᠠᠨ  
 — ᠰᠡᠭᠦᠯ ᠢ᠋ᠶ᠋ᠡᠨ ᠳᠠᠭᠠᠬᠤ ᠦᠭᠡᠢ ᠢᠷᠭᠡ ᠡᠴᠡ ᠪᠡᠨ  
 ᠰᠡᠭᠦᠯ ᠳ᠋ᠦ᠍ ᠁ ᠶᠠᠭᠠᠬᠢᠬᠤ ᠪᠠᠷ ᠨᠢᠭᠡ ᠥᠭᠴᠢᠭᠡ  

 ᠲᠣᠭ᠎ᠠ ᠲᠣᠯᠣᠭᠠᠢ ᠨᠢ ᠪᠦᠷᠢᠨ ᠪᠠᠢᠪᠠᠯ  
 ᠲᠣᠮᠣ ᠵᠢᠵᠢᠭ ᠨᠢ ᠬᠠᠮᠢᠭ᠎ᠠ ᠶᠠᠭᠤ ᠪᠠᠢᠨ᠎ᠠ  
 ᠵᠢᠰᠦᠯᠡᠵᠦ ᠮᠠᠨ ᠤ᠋ ᠬᠢᠨᠢ ᠲᠠᠨᠢᠬᠤ ᠪᠢᠰᠢ  
 ᠰᠢᠳᠦᠯᠡᠵᠦ ᠮᠠᠭᠠᠳᠯᠠᠵᠤ ᠦᠵᠡᠬᠦ ᠪᠢᠰᠢ 

 ᠬᠦᠴᠦ ᠰᠠᠢᠲᠠᠢ 
 ᠮᠥᠴᠢ ᠤᠷᠲᠤᠲᠠᠢ  
 ᠬᠠᠷ᠎ᠠ ᠨᠢᠳᠦᠨ ᠢᠷᠭᠡ ᠪᠡᠨ ᠥᠭᠴᠢᠭᠡ  
 ᠰᠢᠷ᠎ᠠ ᠬᠠᠯᠵᠠᠨ ᠲᠥᠯᠥᠭᠡ ᠠᠪᠴᠢᠬ᠎ᠠ  

 ᠦᠳᠡ ᠶ᠋ᠢᠨ ᠪᠡᠯᠴᠢᠭᠡᠷ ᠲᠦ ᠠᠭᠤᠯᠵᠠᠶ᠎ᠠ  
 ᠦᠳᠡᠰᠢ ᠶ᠋ᠢᠨ ᠪᠦᠷᠢ ᠪᠡᠷ ᠶᠠᠩᠵᠤᠯᠠᠴᠢᠬᠠᠶ᠎ᠠ
 ᠬᠡᠷᠡᠭ ᠲᠦᠪᠡᠭ ᠪᠣᠯᠬᠤ ᠦᠭᠡᠢ ᠨᠠᠢᠵᠠ ᠮᠢᠨᠢ 
 ᠬᠡᠳᠦ ᠨᠢ ᠴᠢᠮ᠎ᠠ ᠶ᠋ᠢ ᠮᠠᠷᠲᠠᠬᠤ ᠦᠭᠡᠢ ᠭᠡᠬᠦ ᠳ᠋ᠦ᠍ 

 ᠲᠠᠩᠭ᠎ᠠ ᠶ᠋ᠢᠨ ᠴᠢᠷᠠᠢ ᠪᠠᠷᠤᠢᠭᠠᠳ ᠶᠠᠪᠤᠴᠢᠬᠠᠵᠤ 
 ᠰᠠᠩᠭ᠎ᠠ ᠶ᠋ᠢᠨ ᠥᠭᠡᠳᠡ ᠡᠴᠡ ᠪᠠᠢᠳᠠᠭ ᠢ᠋ᠶ᠋ᠠᠷ ᠢ᠋ᠶ᠋ᠠᠨ ᠰᠢᠷᠳᠡᠵᠦ 
 ᠲᠡᠭᠡᠵᠦ ᠪᠠᠬᠠᠨ ᠵᠣᠭᠰᠣᠭᠰᠠᠨ ᠢ᠋ᠶ᠋ᠠᠨ  
 ᠲᠡᠢᠰᠢ ᠡᠢᠰᠢ ᠠᠯᠬᠤᠭᠰᠠᠨ ᠢ᠋ᠶ᠋ᠠᠨ 
 
 — ᠰᠤᠷᠯᠠᠵᠤ ᠢᠳᠡᠳᠡᠭ ᠨᠢ ᠴᠢ ᠶᠦᠮ ᠤᠤ?  
 ᠰᠣᠯᠢᠵᠤ ᠰᠠᠭᠤᠳᠠᠭ ᠨᠢ ᠪᠢ ᠶᠦᠮ ᠤᠤ?  
 ᠥᠷᠭᠡᠨ ᠲᠦᠮᠡᠨ ᠦ᠌ ᠬᠥᠷᠥᠩᠭᠡ ᠪᠡᠷ 
 ᠥᠩᠭᠡ ᠵᠠᠰᠠᠬᠤ ᠡᠷᠬᠡ ᠠᠯᠠᠭ᠎ᠠ 
 
 ᠬᠠᠮᠲᠤ ᠣᠯᠠᠨ ᠤ᠋ ᠬᠠᠨᠳᠢᠪ ᠲᠤ  
 ᠬᠠᠷ᠎ᠠ ᠰᠠᠨᠠᠬᠤ ᠵᠢᠷᠦᠬᠡ ᠠᠯᠠᠭ᠎ᠠ 
 ᠬᠠᠷᠢᠨ ᠴᠢᠮ᠎ᠠ ᠶ᠋ᠢ ᠪᠣᠯ᠁ ᠭᠡᠩᠭᠦᠲᠡ ᠪᠡᠨ 
 ᠬᠠᠯᠢᠭᠤ ᠨᠢᠳᠤᠷᠭ᠎ᠠ ᠶ᠋ᠢ ᠨᠢ ᠰᠡᠭᠰᠦᠷᠦᠭᠡᠳ ᠠᠪᠴᠤ 

 ᠲᠠᠩᠭ᠎ᠠ ᠶ᠋ᠢ ᠡᠢᠨ ᠬᠦ᠌ ᠠᠭᠤᠷᠯᠠᠨ ᠪᠥᠭᠰᠢᠬᠦ ᠳ᠋ᠦ᠍  
 ᠰᠠᠩᠭ᠎ᠠ ᠲᠡᠢᠨ ᠬᠦ᠌ ᠤᠬᠠᠭᠠᠨ ᠰᠡᠢᠯᠵᠦ  
 — ᠲᠣᠭᠯᠠᠭᠰᠠᠨ ᠶᠤᠮ ᠳᠠ《 ᠬᠥᠭᠰᠢᠨ》 ᠴᠢᠨᠢ  
 ᠱᠣᠭᠯᠠᠭᠰᠠᠨ ᠨᠠᠮ᠎ᠠ ᠪᠠᠨ ᠠᠭᠤᠴᠢᠯᠠᠵᠤ ᠦᠵᠡ ᠭᠡᠳ 
 ᠠᠨᠳᠠᠭᠤ ᠬᠦᠷᠡᠩ ᠳ᠋ᠡᠭᠡᠨ ᠳᠥᠷᠥᠭᠡᠯᠡᠭᠰᠡᠨ ᠭᠡᠨ᠎ᠡ  
 ᠰᠠᠩᠳᠠᠭᠤ ᠮᠡᠩᠳᠡᠭᠦᠦ ᠠᠷᠢᠯᠤᠭᠰᠠᠨ ᠭᠡᠨ᠎ᠡ ᠃  

 《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠦᠰᠦᠭ ᠠᠮᠢᠯᠠᠭᠤᠯᠤᠭᠰᠠᠨ ᠨᠢ᠄  ᠲᠡᠭᠷᠢ ᠡᠵᠢ
    ᠬᠢᠨᠠᠭ᠍ᠴᠢ :   ᠲᠤᠭ᠍ᠴᠢ ᠰᠠᠷᠠᠨ᠎ᠠ

             2023᠂ 10᠂ 24  ᠤ ᠡᠳᠦᠷ