ᠪᠢ ᠪᠤᠷᠬᠠᠨ ᠡᠵᠢ ᠲᠡᠢ (ᠡᠭᠡᠴᠦᠦᠯ ᠦ᠋ᠨ ᠪᠠᠶᠠᠷ ᠲᠤ᠌)- ᠪᠣᠷᠵᠢᠭᠢᠨ ᠵᠠᠭᠤᠨᠨᠠᠰᠤᠲᠤБи бурхан ээжтэй (эхчүүлийн баярт)-боржгин Зуунанст ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠪᠤᠷᠬᠠᠨ ᠡᠵᠢ ᠲᠡᠢ (ᠡᠭᠡᠴᠦᠦᠯ ᠦ᠋ᠨ ᠪᠠᠶᠠᠷ ᠲᠤ᠌)- ᠪᠣᠷᠵᠢᠭᠢᠨ ᠵᠠᠭᠤᠨᠨᠠᠰᠤᠲᠤБи бурхан ээжтэй (эхчүүлийн баярт)-боржгин Зуунанст

ᠪᠢ ᠪᠤᠷᠬᠠᠨ ᠡᠵᠢ ᠲᠡᠢ (ᠡᠭᠡᠴᠦᠦᠯ ᠦ᠋ᠨ ᠪᠠᠶᠠᠷ ᠲᠤ᠌)- ᠪᠣᠷᠵᠢᠭᠢᠨ ᠵᠠᠭᠤᠨᠨᠠᠰᠤᠲᠤБи бурхан ээжтэй (эхчүүлийн баярт)-боржгин Зуунанст

2023-11-09

573

ᠪᠢ ᠪᠤᠷᠬᠠᠨ ᠡᠵᠢ ᠲᠡᠢ (ᠡᠭᠡᠴᠦᠦᠯ ᠦ᠋ᠨ ᠪᠠᠶᠠᠷ ᠲᠤ᠌)

                      ᠪᠣᠷᠵᠢᠭᠢᠨ ᠵᠠᠭᠤᠨᠨᠠᠰᠤᠲᠤ 
ᠲᠦᠮᠡᠨ ᠲᠦᠮᠡᠨ ᠪᠤᠷᠬᠠᠳ ᠤ᠋ᠨ ᠳᠤᠮᠳᠠ ᠠ᠋ᠴᠠ ᠲᠡᠷᠢᠭᠦᠨ ᠳ᠋ᠦ᠍ ᠪᠣᠳᠣᠭᠳᠠᠳᠠᠭ ᠨᠢ ᠮᠢᠨᠦ ᠪᠤᠷᠬᠠᠨ ᠡᠵᠢ 
ᠲᠡᠪᠡᠷᠢᠵᠦ ᠶᠠᠪᠤᠭ᠎ᠠ ᠦᠷ᠎ᠡ ᠳ᠋ᠡᠭᠡᠨ ᠨᠠᠠᠷᠢᠯ ᠬᠠᠢᠷ᠎ᠠ ᠪᠠᠨ ᠢᠪᠡᠭᠡᠭᠰᠡᠨ ᠪᠤᠷᠭᠠᠨ ᠡᠵᠢ ᠮᠢᠨᠢ 
ᠲᠦᠮᠡᠨ ᠦ᠌ ᠳᠠᠪᠠᠯᠭᠠᠨ ᠳ᠋ᠤ᠌ ᠬᠣᠴᠣᠷᠤᠯ ᠦᠭᠡᠢ ᠬᠦᠦ ᠪᠡᠨ ᠲᠤᠰᠢᠶᠠᠭᠰᠠᠨ ᠬᠥᠭᠡᠷᠦᠬᠦᠢ ᠡᠵᠢ ᠪᠤᠷᠬᠠᠨ 
ᠲᠥᠷᠥ ᠭᠦᠷᠦᠨ ᠤ ᠲᠥᠯᠥᠭᠡ ᠲᠡᠮᠡᠴᠡᠵᠦ ᠵᠢᠳᠬᠦᠵᠦ ᠶᠠᠪᠤᠭᠰᠠᠨ ᠬᠥᠳᠡᠯᠮᠦᠷᠢᠴᠢ ᠪᠤᠷᠬᠠᠨ ᠡᠵᠢ ᠮᠢᠨᠢ 

ᠣᠯᠠᠨ ᠪᠤᠷᠬᠠᠳ ᠤ᠋ᠨ ᠳᠣᠲᠣᠷ᠎ᠠ ᠠ᠋ᠴᠠ ᠣᠨᠴᠠᠭᠠᠢ ᠰᠠᠨᠠᠭᠳᠠᠳᠠᠭ ᠨᠢ ᠮᠢᠨᠦ ᠪᠤᠷᠬᠠᠨ ᠡᠵᠢ 
ᠣᠷᠴᠢᠯᠠᠩ ᠤ᠋ᠨ ᠨᠠᠷᠢᠨ ᠲᠣᠭᠣᠰᠣᠨ ᠳ᠋ᠤ᠌ ᠬᠠᠢᠷ᠎ᠠ ᠪᠠᠷ ᠬᠥᠮᠦᠵᠢᠭᠦᠯᠦᠭᠰᠡᠨ ᠡᠨᠡᠷᠢᠩᠭᠦᠢ ᠪᠤᠷᠬᠠᠨ ᠡᠵᠢ 
ᠡᠩᠭᠡᠷ ᠲᠡᠭᠡᠨ ᠡᠷᠬᠡᠯᠡᠭᠦᠯᠵᠦ ᠦᠦᠬᠦ (ᠦᠦᠬᠡ) ᠲᠡᠦᠬᠡ ᠶ᠋ᠢ ᠮᠢᠨᠢ ᠤᠯᠠᠮᠵᠢᠯᠠᠭᠤᠯᠤᠭᠰᠠᠨ ᠡᠵᠢ ᠮᠢᠨᠢ ᠪᠤᠷᠬᠠᠨ
ᠡᠷᠦᠬᠡ ᠭᠡᠷ ᠢ ᠮᠢᠨᠢ ᠭᠡᠷᠡᠯᠲᠦᠭᠦᠯᠦᠭᠰᠡᠨ ᠠᠮᠢᠨ ᠰᠠᠬᠢᠭᠤᠰᠤ ᠡᠵᠢ ᠮᠢᠨᠢ ᠪᠤᠷᠬᠠᠨ

ᠠᠩᠭᠢᠷ ᠤᠭᠤᠷᠠᠭ ᠢ᠋ᠶ᠋ᠠᠨ ᠰᠢᠮᠡᠭᠦᠯᠦᠨ ᠠ᠊ ᠦᠰᠦᠭ ᠰᠤᠷᠭᠠᠭᠰᠠᠨ ᠡᠵᠢ ᠮᠢᠨᠢ ᠪᠠᠭᠰᠢ ᠪᠤᠷᠬᠠᠨ
ᠠᠮᠢ ᠨᠠᠰᠤᠨ ᠢ ᠮᠢᠨᠢ ᠦᠷᠭᠦᠯᠵᠢᠯᠡᠭᠦᠯᠦᠨ ᠡᠮᠨᠡᠵᠦ ᠳᠣᠮᠨᠣᠵᠤ ᠡᠨᠡᠷᠢᠭᠰᠡᠨ ᠡᠵᠢ ᠮᠢᠨᠢ ᠣᠲᠠᠴᠢ ᠪᠤᠷᠬᠠᠨ
ᠠᠵᠢᠯ ᠦᠢᠯᠡᠰ ᠤ᠋ᠨ ᠠᠯᠲᠠᠨ ᠳᠥᠷᠦᠭᠡᠨ ᠳ᠋ᠦ᠍ ᠠᠷᠢᠭᠤᠨ ᠰᠦ ᠪᠡᠷ ᠢ᠋ᠶ᠋ᠡᠨ ᠮᠢᠯᠢᠶᠠᠭᠰᠠᠨ ᠡᠵᠢ ᠮᠢᠨᠢ ᠠᠴᠢᠲᠤ ᠪᠤᠷᠬᠠᠨ
ᠠᠢᠯ ᠡᠷᠦᠬᠡ ᠶ᠋ᠢᠨ ᠮᠢᠨᠢ ᠠᠷᠢᠭᠤᠨ ᠭᠣᠯᠣᠮᠲᠠ ᠶ᠋ᠢ ᠬᠥᠭᠵᠢᠭᠡᠨ ᠮᠠᠨᠳᠤᠭᠤᠯᠤᠭᠰᠠᠨ ᠡᠵᠢ ᠮᠢᠨᠢ ᠡᠨᠡᠷᠢᠯᠲᠦ ᠪᠤᠷᠬᠠᠨ᠂᠂᠂᠂

                     ᠬᠠᠷ᠎ᠠ ᠪᠠᠷᠰ ᠵᠢᠯ ᠦ᠋ᠨ ᠬᠠᠪᠤᠷ ᠤ᠋ᠨ ᠰᠡᠭᠦᠯᠴᠢ ᠰᠠᠷ᠎ᠠ ᠳ᠋ᠤ᠌ ᠬᠥᠬᠡᠬᠣᠲᠠᠨ᠎ᠠ ᠪᠢᠴᠢᠪᠡᠢ