ᠮᠣᠩᠭᠣᠯ ᠭᠡᠳᠡᠭ ᠠᠢᠯ- ᠨᠠ᠊᠂ ᠬᠥᠬᠡᠰᠢᠭᠤᠢМонгол гэдэг айл-Н,Хийшугуй
ᠮᠣᠩᠭᠣᠯ ᠭᠡᠳᠡᠭ ᠠᠢᠯ
ᠨᠠ᠊᠂ ᠬᠥᠬᠡᠰᠢᠭᠤᠢ
ᠡᠭᠡᠯ ᠠᠷᠠᠳ ᠨᠢ ᠴᠦ᠍ ᠪᠤᠷᠬᠠᠨ ᠮᠠᠶᠢᠭ ᠢ᠋ᠶ᠋ᠠᠷ ᠵᠠᠪᠢᠯᠠᠵᠤ ᠰᠠᠭᠤᠳᠠᠭ
ᠡᠷᠡᠮᠡᠭ ᠬᠦᠯᠦᠭ ᠨᠢ ᠬᠠᠷᠠᠭᠤᠯ ᠮᠠᠶᠢᠭ ᠢ᠋ᠶ᠋ᠠᠷ ᠵᠣᠭᠰᠣᠭ᠎ᠠ ᠬᠣᠨᠣᠳᠠᠭ
ᠡᠷᠡᠯᠬᠡᠭ ᠪᠦᠷᠭᠦᠳ ᠨᠢ ᠨᠠᠴᠢᠨ ᠠᠳᠠᠯᠢ ᠳᠡᠪᠢᠵᠦ ᠭᠠᠷᠳᠠᠭ
ᠡᠷᠡᠬᠡᠢ ᠰᠤᠷᠴᠢᠳ ᠨᠢ ᠬᠤᠪᠢᠯᠭᠠᠨ ᠠᠳᠠᠯᠢ ᠬᠠᠷᠪᠤᠵᠤ ᠣᠨᠣᠭᠠᠳᠠᠭ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ
ᠡᠪᠡᠰᠦᠨ ᠦ᠌ ᠰᠣᠷᠭᠣᠭ ᠢ᠋ ᠰᠣᠩᠭᠣᠭᠰᠠᠨ ᠳᠥᠷᠪᠡᠨ ᠤᠯᠠᠷᠢᠯ ᠤ᠋ᠨ ᠨᠡᠭᠦᠳᠡᠯ ᠲᠡᠢ
ᠤᠰᠤᠨ ᠤ᠋ ᠲᠤᠩᠭᠠᠯᠠᠭ ᠢ᠋ ᠦᠵᠡᠭᠦᠯᠦᠭᠰᠡᠨ ᠬᠡᠭᠡᠷ᠎ᠡ ᠶ᠋ᠢᠨ ᠴᠠᠢ ᠶ᠋ᠢᠨ ᠠᠮᠲᠠ ᠲᠠᠢ
ᠣᠯᠠᠨ ᠤ᠋ ᠰᠦᠷ ᠢ᠋ ᠭᠠᠢᠬᠠᠭᠤᠯᠤᠭᠰᠠᠨ ᠣᠪᠣᠭᠠᠨ ᠶᠡᠬᠡ ᠰᠠᠬᠢᠭᠤᠰᠤ ᠲᠠᠢ
ᠤᠳᠬ᠎ᠠ ᠶ᠋ᠢᠨ ᠭᠦᠨ ᠢ᠋ ᠰᠢᠷᠭᠠᠭᠠᠭᠰᠠᠨ ᠤᠷᠲᠤ ᠶ᠋ᠢᠨ ᠰᠠᠢᠬᠠᠨ ᠳᠠᠭᠤᠤ ᠲᠠᠢ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ
ᠮᠣᠷᠢ ᠪᠠᠷ ᠲᠤᠭᠤᠯᠬᠤ ᠲᠠᠯ᠎ᠠ ᠳ᠋ᠠᠭᠠᠨ ᠬᠥᠯ ᠪᠦᠳᠦᠷᠢᠵᠦ ᠦᠵᠡᠭᠡ ᠦᠭᠡᠢ
ᠮᠣᠩᠭᠣᠯ ᠢ᠋ᠶ᠋ᠠᠷ ᠳᠠᠭᠤᠯᠠᠬᠤ ᠦᠶ᠎ᠡ ᠳ᠋ᠡᠭᠡᠨ ᠬᠡᠯᠡ ᠴᠤᠯᠴᠠᠷᠢᠵᠤ ᠦᠵᠡᠭᠡ ᠦᠭᠡᠢ
ᠮᠥᠩᠬᠡ ᠲᠩᠷᠢ ᠳ᠋ᠦ᠍ ᠪᠡᠨ ᠳᠠᠭᠠᠳᠬᠠᠭᠰᠠᠨ ᠡᠩᠬᠡ ᠴᠠᠭᠠᠨ ᠰᠦᠵᠢᠭ ᠲᠡᠢ
ᠮᠥᠰᠥᠨ ᠳᠠᠯᠠᠢ ᠶ᠋ᠢ ᠬᠠᠢᠯᠠᠭᠤᠯᠤᠭᠰᠠᠨ ᠴᠠᠰᠤ ᠴᠠᠭᠠᠨ ᠳᠣᠮᠣᠭ ᠲᠠᠢ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ
ᠦᠭᠡᠨ ᠦ᠌ ᠦᠵᠦᠭᠦᠷ ᠢ᠋ᠶ᠋ᠡᠷ ᠬᠥᠮᠦᠨ ᠦ᠌ ᠵᠢᠷᠦᠬᠡ ᠶ᠋ᠢ ᠰᠡᠪᠲᠦᠭᠡᠳᠡᠭ ᠦᠭᠡᠢ
ᠤᠷᠭ᠎ᠠ ᠶ᠋ᠢᠨ ᠦᠵᠦᠭᠦᠷ ᠢ᠋ᠶ᠋ᠡᠨ ᠪᠤᠰᠤᠳ ᠤ᠋ᠨ ᠰᠦᠷᠦᠭ ᠲᠤ ᠲᠥᠷᠥᠳᠡᠭ ᠦᠭᠡᠢ
ᠦᠨᠡᠨ ᠢ᠋ᠶ᠋ᠡᠨ ᠬᠡᠯᠡᠨ ᠪᠡᠯᠡᠨ ᠢ᠋ᠶ᠋ᠡᠨ ᠢᠳᠡᠳᠡᠭ ᠵᠠᠩ ᠲᠠᠢ
ᠦᠬᠡᠷ ᠲᠡᠷᠭᠡ ᠪᠡᠷ ᠲᠠᠤᠯᠠᠢ ᠬᠥᠭᠡᠭᠡᠭᠰᠡᠨ ᠳᠣᠮᠣᠭ ᠲᠠᠢ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ
ᠪᠤᠭᠤᠷᠤᠯ ᠡᠪᠦᠭᠡᠳ ᠦ᠋ᠨ ᠰᠤᠷᠭᠠᠯ ᠨᠢ ᠲᠠᠷᠨᠢ ᠰᠢᠭ᠋ ᠢᠳᠡᠲᠡᠢ
ᠪᠤᠶᠠᠨᠲᠤ ᠡᠪᠦᠭᠡᠳ ᠦ᠋ᠨ ᠵᠠᠬᠢᠶ᠎ᠠ ᠨᠢ ᠢᠷᠦᠭᠡᠯ ᠰᠢᠭ ᠰᠢᠳᠢ ᠲᠡᠢ
ᠪᠤᠷᠬᠠᠨ ᠤ᠋ ᠨᠣᠮ ᠢ᠋ᠶ᠋ᠠᠷ ᠪᠡᠶ᠎ᠡ ᠰᠡᠳᠬᠢᠯ ᠢ᠋ᠶ᠋ᠡᠨ ᠵᠠᠰᠠᠵᠤ
ᠪᠤᠶᠠᠨ ᠤ᠋ ᠦᠢᠯᠡ ᠪᠡᠷ ᠪᠣᠳᠢ ᠮᠥᠷ ᠢ᠋ ᠬᠥᠭᠡᠭᠡᠴᠡᠯᠳᠦᠭᠰᠡᠨ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ
ᠭᠡᠷ ᠦ᠋ᠨ ᠡᠭᠦᠳᠡᠨ ᠳ᠋ᠦ᠍ ᠣᠨᠢᠰᠣ ᠬᠡᠵᠢᠶᠡᠳᠡ ᠡᠯᠭᠦᠳᠡᠭ ᠦᠭᠡᠢ
ᠭᠡᠷᠭᠡᠢ ᠶ᠋ᠢᠨ ᠬᠢᠨᠢ ᠴᠢᠷᠠᠢ ᠳ᠋ᠤ᠌ ᠡᠭᠦᠯᠡ ᠬᠡᠵᠢᠶᠡᠳᠡ ᠪᠦᠷᠬᠦᠳᠡᠭ ᠦᠭᠡᠢ
ᠭᠡᠨᠡᠳᠡᠯ ᠦ᠋ᠨ ᠨᠦᠬᠡ ᠶ᠋ᠢ ᠪᠤᠰᠤᠳ ᠲᠤ ᠬᠡᠵᠢᠶᠡᠳᠡ ᠮᠠᠯᠲᠠᠳᠠᠭ ᠦᠭᠡᠢ
ᠭᠡᠮᠰᠢᠯ ᠦ᠋ᠨ ᠦᠷ᠎ᠡ ᠶ᠋ᠢ ᠥᠪᠡᠰᠦᠪᠡᠨ ᠬᠡᠵᠢᠶᠡᠳᠡ ᠲᠠᠷᠢᠳᠠᠭ ᠦᠭᠡᠢ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ
ᠬᠠᠭᠠᠨ ᠤ᠋ ᠣᠰᠣᠯ ᠢ᠋ ᠥᠨᠥᠴᠢᠨ ᠬᠡᠦᠬᠡᠳ ᠨᠢ ᠴᠦ᠍ ᠬᠡᠯᠡᠳᠡᠭ
ᠬᠠᠲᠤᠨ ᠤ᠋ ᠭᠠᠪᠢᠶ᠎ᠠ ᠶ᠋ᠢ ᠥᠷᠯᠥᠭ ᠲᠣᠪᠴᠢᠶᠠᠨ ᠨᠢ ᠴᠤ᠌ ᠲᠡᠮᠳᠡᠭᠯᠡᠳᠡᠭ
ᠬᠠᠳᠠᠨ ᠳᠡᠭᠡᠷ᠎ᠡ ᠪᠡᠨ ᠠᠮᠢᠳᠤᠷᠠᠯ ᠤ᠋ᠨ ᠲᠡᠦᠬᠡ ᠪᠡᠨ ᠪᠢᠴᠢᠭᠯᠡᠳᠡᠭ
ᠬᠠᠨᠠᠨ ᠳᠡᠭᠡᠷ᠎ᠡ ᠪᠡᠨ ᠵᠢᠷᠭᠠᠯ ᠤ᠋ᠨ ᠨᠣᠲ ᠢ᠋ᠶ᠋ᠠᠨ ᠴᠢᠪᠬᠠᠳᠠᠳᠠᠭ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ
ᠴᠢᠨᠣ᠎ᠠ ᠨᠢ ᠪᠠᠢᠲᠠᠯ᠎ᠠ ᠴᠡᠴᠡᠭ ᠦ᠋ᠨ ᠳᠡᠭᠡᠷ᠎ᠡ ᠭᠢᠰᠬᠢᠳᠡᠭ ᠦᠭᠡᠢ
ᠬᠣᠨᠢ ᠨᠢ ᠪᠠᠢᠲᠠᠯ᠎ᠠ ᠦᠬᠦᠬᠦ ᠶ᠋ᠢᠨ ᠦᠶ᠎ᠡ ᠳ᠋ᠡᠭᠡᠨ ᠮᠠᠢᠯᠠᠳᠠᠭ ᠦᠭᠡᠢ
ᠲᠠᠤᠯᠠᠢ ᠨᠢ ᠪᠠᠢᠲᠠᠯ᠎ᠠ ᠬᠡᠪᠲᠡᠭᠰᠡᠨ ᠣᠷᠣᠨ ᠤ᠋ ᠪᠠᠨ ᠡᠪᠡᠰᠦ ᠶ᠋ᠢ ᠢᠳᠡᠳᠡᠭ ᠦᠭᠡᠢ
ᠲᠣᠳᠢ ᠨᠢ ᠪᠠᠢᠲᠠᠯ᠎ᠠ ᠬᠡᠬᠦᠳᠡᠭ ᠮᠠᠭᠤᠲᠤ ᠶ᠋ᠢᠨ ᠦᠭᠡ ᠶ᠋ᠢ ᠳᠠᠭᠤᠷᠢᠶᠠᠳᠠᠭ ᠦᠭᠡᠢ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ
ᠲᠡᠦᠬᠡ ᠶ᠋ᠢᠨ ᠨᠣᠶᠠᠨ ᠬᠡᠷᠦᠭᠡᠨ ᠳ᠋ᠦ᠍ ᠪᠤᠰᠤᠳ ᠪᠤᠰᠤᠳ ᠢ᠋ ᠮᠥᠬᠥᠭᠡᠭᠰᠡᠨ
ᠲᠥᠷᠥ ᠶ᠋ᠢᠨ ᠦᠢᠯᠡ ᠬᠠᠯᠠᠭᠠᠨ ᠳ᠋ᠤ᠌ ᠪᠡᠶ᠎ᠡ ᠪᠡᠶ᠎ᠡ ᠪᠡᠨ ᠤᠨᠠᠭᠠᠭᠰᠠᠨ
ᠲᠦᠷᠢᠮᠡᠬᠡᠢ ᠴᠠᠭ ᠤ᠋ᠨ ᠦᠶᠡᠰ ᠳᠣᠭᠰᠢᠨ ᠲᠦᠢᠮᠡᠷ ᠰᠢᠭ ᠬᠤᠢᠯᠠᠷᠠᠭᠰᠠᠨ
ᠲᠦᠪᠰᠢᠨ ᠲᠥᠷᠥ ᠶ᠋ᠢᠨ ᠦᠶᠡᠰ ᠨᠣᠮᠣᠬᠠᠨ ᠬᠣᠨᠢ ᠰᠢᠭ᠋ ᠪᠥᠭᠡᠮᠨᠡᠷᠡᠭᠰᠡᠨ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ
ᠭᠠᠵᠠᠷ ᠲᠩᠷᠢ ᠶ᠋ᠢᠨ ᠵᠠᠢ ᠳ᠋ᠤ᠌ ᠠᠯᠳᠠᠷ ᠨᠢ ᠬᠡᠵᠢᠶᠡᠳᠡ ᠵᠣᠭᠰᠣᠭ᠎ᠠ
ᠭᠠᠯᠪᠠ ᠲᠣᠭᠲᠠᠭᠰᠠᠨ ᠠ᠋ᠴᠠ ᠨᠠᠰᠢ ᠬᠡᠢᠮᠣᠷᠢ ᠨᠢ ᠬᠡᠵᠢᠶᠡᠳᠡ ᠪᠣᠰᠤᠭ᠎ᠠ
ᠭᠠᠢᠬᠠᠮᠰᠢᠭ ᠵᠠᠭᠤᠨ ᠤ᠋ ᠤᠯᠪᠠᠭ᠎ᠠ ᠳ᠋ᠤ᠌ ᠲᠡᠦᠬᠡ ᠨᠢ ᠬᠡᠵᠢᠶᠡᠳᠡ ᠬᠥᠬᠡ
ᠭᠠᠪᠢᠶ᠎ᠠ ᠣᠰᠣᠯ ᠤ᠋ᠨ ᠳᠠᠩᠰᠠᠨ ᠳ᠋ᠤ᠌ ᠮᠥᠷ ᠨᠢ ᠮᠥᠩᠬᠡ ᠴᠠᠭᠠᠨ
ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ᠳ᠋ᠦ᠍
ᠡᠢᠮᠦ ᠨᠢᠭᠡᠨ ᠠᠢᠯ ᠪᠠᠢᠳᠠᠭ ᠢ᠋ ᠮᠣᠩᠭᠣᠯ ᠭᠡᠳᠡᠭ᠁
ᠢᠷᠡᠯᠲᠡ᠄ ᠪᠠᠢᠨᠠᠤ ᠲᠠᠪᠴᠠᠩ
ᠦᠰᠦᠭ ᠠᠮᠢᠯᠠᠭᠤᠯᠤᠭᠴᠢ᠄ ᠵ᠂ ᠪᠤᠶᠠᠨᠲᠣᠭᠲᠠᠬᠤ
ᠬᠢᠨᠠᠭᠴᠢ ᠪᠠᠭᠰᠢ᠄ ᠣᠳᠬᠠᠨᠰᠤ᠎ᠠ
