ᠮᠣᠩᠭᠣᠯ ᠦᠰᠦᠭ ᠢ᠋ᠶ᠋ᠡᠨ ᠪᠢᠴᠢᠶ᠎ᠡ - ᠳᠠᠷᠤᠴᠢᠨ· ᠨᠠᠨᠳᠢᠨМонгол үсэгээ бичьеMongol üsegee bichiye
ᠮᠣᠩᠭᠣᠯ ᠦᠰᠦᠭ ᠢ᠋ᠶ᠋ᠡᠨ ᠪᠢᠴᠢᠶ᠎ᠡ
ᠳᠠᠷᠤᠴᠢᠨ• ᠨᠠᠨᠳᠢᠨ
ᠠᠮᠢᠨ ᠦᠰᠦᠭ ᠢ᠋ᠶ᠋ᠡᠨ ᠪᠢᠴᠢᠶ᠎ᠡ
ᠠᠬᠠᠰ ᠵᠠᠬᠠᠰ ᠲᠠᠢ ᠪᠠᠨ ᠪᠢᠴᠢᠶ᠎ᠡ
ᠠᠢᠯ ᠰᠠᠭᠠᠬᠠᠯᠲᠠ ᠪᠠᠷ ᠢ᠋ᠶ᠋ᠠᠨ ᠪᠢᠴᠢᠶ᠎ᠡ
ᠠᠩᠭ᠎ᠠ ᠳᠡᠭᠦᠦ ᠨᠠᠷ ᠲᠠᠢ ᠪᠠᠨ ᠴᠣᠭ ᠪᠢᠴᠢᠶ᠎ᠡ
ᠠᠮᠠᠷᠠᠭ ᠬᠣᠩᠭᠣᠷ ᠬᠣᠣᠰ ᠤ᠋ᠳ ᠢ᠋ᠶ᠋ᠠᠷ ᠢ᠋ᠶ᠋ᠠᠨ ᠪᠢᠴᠢᠶ᠎ᠡ
ᠨᠡᠷ᠎ᠡ ᠡᠴᠡ ᠪᠡᠨ ᠡᠬᠢᠯᠡᠨ ᠪᠢᠴᠢᠶ᠎ᠡ
ᠭᠡᠷ ᠢ᠋ᠶ᠋ᠡᠷ ᠢ᠋ᠶ᠋ᠡᠨ ᠳᠦᠷᠢᠮᠯᠡᠵᠦ ᠪᠢᠴᠢᠶ᠎ᠡ
ᠭᠠᠷ ᠤ᠋ᠨ ᠦᠰᠦᠭ ᠵᠢᠷᠤᠬᠤ ᠳ᠋ᠤ᠌ ᠪᠢᠴᠢᠶ᠎ᠡ
ᠵᠠᠷ ᠮᠡᠳᠡᠭᠡ ᠳᠠᠮᠵᠢᠭᠤᠯᠬᠤ ᠳ᠋ᠤ᠌ ᠪᠠᠨ ᠴᠤ᠌ ᠪᠢᠴᠢᠶ᠎ᠡ
ᠵᠠᠰᠠᠭ ᠤ᠋ᠨ ᠵᠢᠭᠠᠪᠤᠷᠢ ᠶ᠋ᠢ ᠰᠤᠷᠲᠠᠯᠴᠢᠯᠠᠬᠤ ᠳ᠋ᠤ᠌ ᠴᠤ᠌ ᠪᠢᠴᠢᠶ᠎ᠡ !
ᠬᠥᠨᠳᠡᠯᠡᠨ ᠴᠦ᠍ ᠪᠣᠰᠤᠭ᠎ᠠ ᠴᠤ᠌ ᠪᠢᠴᠢᠵᠦ ᠯᠡ ᠪᠠᠢᠪᠠᠯ
ᠬᠦᠨᠳᠦᠳᠬᠡᠵᠦ ᠳᠡᠭᠡᠳᠦᠯᠡᠵᠦ ᠬᠡᠷᠡᠭᠯᠡᠵᠦ ᠯᠡ ᠪᠠᠢᠪᠠᠯ
ᠬᠥᠪᠡᠭᠦᠳ ᠥᠬᠢᠳ ᠲᠡᠭᠡᠨ ᠱᠠᠭᠠᠷᠳᠠᠵᠤ ᠯᠠ ᠪᠠᠢᠪᠠᠯ
ᠬᠥᠮᠦᠨ ᠦ᠌ ᠬᠢ ᠡᠴᠡ ᠬᠣᠴᠣᠷᠤᠯ ᠦᠭᠡᠢ ᠴᠠᠬᠢᠮᠵᠢᠭᠤᠯᠵᠤ ᠴᠢᠳᠠᠪᠠᠯ
ᠬᠥᠭᠵᠢᠭᠦᠯᠵᠦ ᠥᠷᠨᠢᠭᠦᠯᠬᠦ ᠶ᠋ᠢᠨ ᠬᠦᠴᠦᠨ ᠲᠡᠷᠡ
ᠬᠥᠷᠥᠩᠭᠡᠵᠢᠵᠦ ᠪᠠᠶᠠᠵᠢᠬᠤ ᠶ᠋ᠢᠨ ᠣᠬᠢ ᠨᠢ ᠲᠡᠷᠡ ᠠ᠋
ᠳᠡᠭᠡᠳᠦᠰ ᠡᠴᠡ ᠤᠯᠪᠠᠭᠠᠯᠠᠭᠰᠠᠨ ᠮᠣᠩᠭᠣᠯ ᠦᠰᠦᠭ ᠢ᠋ᠶ᠋ᠡᠨ
ᠳᠡᠯᠡᠬᠡᠢ ᠳ᠋ᠦ᠍ ᠪᠢᠳᠡ ᠨᠠᠷ ᠪᠢᠴᠢᠬᠦ ᠦᠭᠡᠢ ᠶᠦᠮ ᠪᠣᠯ
ᠣᠯᠠᠨ ᠵᠠᠭᠤᠨ ᠶᠠᠰᠤᠲᠠᠨ ᠤ᠋ ᠳᠤᠮᠳᠠ
ᠣᠮᠣᠭ ᠵᠣᠷᠢᠭ ᠢ᠋ᠶ᠋ᠠᠷ ᠳᠤᠲᠠᠨ᠎ᠠ ᠰᠢᠦ ᠳᠡ
ᠪᠢᠴᠢ ᠪᠢᠴᠢ ᠪᠦᠭᠦᠳᠡᠭᠡᠷ ᠢ᠋ᠶ᠋ᠡᠨ ᠪᠢᠴᠢ
ᠪᠢᠯᠢᠭ ᠣᠶᠤᠨ ᠢ᠋ᠶ᠋ᠠᠨ ᠬᠤᠷᠴᠠᠯᠠᠵᠤ ᠪᠢᠴᠢ
ᠤᠭᠤᠷᠠᠭ ᠲᠠᠷᠢᠬᠢ ᠪᠠᠨ ᠵᠡᠪᠰᠡᠭᠯᠡᠵᠦ ᠪᠢᠴᠢ
ᠠᠭᠤᠰᠬᠢ ᠵᠢᠷᠦᠬᠡ ᠪᠡᠨ ᠡᠷᠴᠢᠯᠡᠵᠦ ᠪᠢᠴᠢ ᠠ᠋ !
ᠴᠠᠭ ᠪᠠᠷᠢᠮᠲᠠᠯᠠᠨ ᠪᠢᠴᠢᠶ᠎ᠡ
ᠴᠠᠭᠠᠰᠤᠨ ᠳᠡᠭᠡᠷ᠎ᠡ ᠪᠢᠴᠢᠶ᠎ᠡ
ᠴᠠᠬᠢᠮ ᠬᠠᠭᠤᠳᠠᠰᠤᠨ ᠳ᠋ᠤ᠌ ᠪᠢᠴᠢᠶ᠎ᠡ
ᠴᠠᠮᠠᠷᠬᠠᠯ ᠦᠭᠡᠢ ᠰᠠᠢᠬᠠᠨ ᠪᠢᠴᠢᠶ᠎ᠡ
ᠴᠠᠭᠠᠰᠢᠳᠠ ᠪᠠᠰᠠ ᠣᠷᠴᠢᠭᠤᠯᠵᠤ ᠪᠢᠴᠢᠶ᠎ᠡ
ᠬᠤᠷᠢᠮ ᠨᠠᠢᠷ ᠲᠤ᠌ ᠪᠢᠴᠢᠶ᠎ᠡ
ᠬᠤᠷᠠᠯ ᠴᠤᠭᠯᠠᠭᠠᠨ ᠳ᠋ᠤ᠌ ᠪᠢᠴᠢᠶ᠎ᠡ
ᠬᠣᠯᠪᠣᠭ᠎ᠠ ᠰᠦᠯᠵᠢᠶᠡᠨ ᠳ᠋ᠦ᠍ ᠪᠢᠴᠢᠶ᠎ᠡ
ᠬᠣᠭᠣᠷᠣᠨᠳᠣ ᠪᠠᠨ ᠪᠦᠯᠬᠦᠮᠳᠡᠵᠦ ᠪᠢᠴᠢᠶ᠎ᠡ
ᠬᠣᠢᠴᠢᠰ ᠲᠤ᠌ ᠪᠠᠨ ᠴᠤ᠌ ᠤᠬᠠᠭᠠᠷᠠᠭᠤᠯᠵᠤ ᠪᠢᠴᠢᠶ᠎ᠡ !
ᠬᠣᠯᠢᠵᠤ ᠬᠤᠳᠬᠤᠭᠠᠳ ᠴᠠᠯᠴᠢᠵᠤ ᠯᠠ ᠪᠠᠢᠪᠠᠯ
ᠬᠣᠭ ᠤ᠋ᠨ ᠶᠠᠭᠤᠮ᠎ᠠ ᠰᠢᠭ᠋ ᠬᠠᠶᠠᠵᠤ ᠯᠠ ᠪᠠᠢᠪᠠᠯ
ᠬᠣᠢᠷᠭᠣᠰᠢᠵᠤ ᠵᠠᠯᠬᠠᠭᠤᠷᠠᠭᠠᠳ ᠰᠤᠷᠤᠯᠴᠠᠬᠤ ᠦᠭᠡᠢ ᠪᠠᠢᠪᠠᠯ
ᠬᠣᠵᠢᠮ ᠢᠷᠡᠭᠡᠳᠦᠢ ᠪᠡᠨ ᠪᠣᠳᠣᠯᠬᠢᠯᠠᠬᠤ ᠦᠭᠡᠢ ᠪᠠᠢᠪᠠᠯ
ᠬᠠᠢᠯᠤᠭᠳᠠᠭᠰᠠᠨ ᠮᠠᠨᠵᠤ ᠶ᠋ᠢᠨ ᠬᠣᠢᠨ᠎ᠠ ᠨᠢ ᠲᠡᠷᠡ
ᠬᠠᠷᠠᠯᠠᠭᠠᠳ ᠪᠠᠯᠠᠷᠠᠬᠤ ᠶ᠋ᠢᠨ ᠬᠣᠬᠢ ᠨᠢ ᠲᠡᠷᠡ ᠠ᠋ !
ᠡᠪᠦᠭᠡᠳ ᠡᠴᠡ ᠪᠤᠤᠬᠢᠶᠠᠯᠠᠭᠰᠠᠨ ᠦᠰᠦᠭ ᠪᠢᠴᠢᠭ ᠢ᠋ᠶ᠋ᠡᠨ
ᠥᠪᠡᠷ ᠢ᠋ᠶ᠋ᠡᠨ ᠪᠢᠳᠡ ᠨᠠᠷ ᠪᠢᠴᠢᠬᠦ ᠦᠭᠡᠢ ᠶᠦᠮ ᠪᠣᠯ
ᠦᠷ᠎ᠡ ᠶ᠋ᠢᠨ ᠦᠷ᠎ᠡ ᠳ᠋ᠦ᠍ ᠪᠡᠨ ᠥᠮᠴᠢᠯᠡᠭᠦᠯᠬᠦ
ᠦᠨᠡᠲᠦ ᠡᠷᠳᠡᠨᠢ ᠪᠡᠷ ᠳᠤᠲᠠᠨ᠎ᠠ ᠰᠢᠦ ᠳᠡ
ᠪᠢᠴᠢ ᠪᠢᠴᠢ ᠪᠦᠭᠦᠳᠡᠭᠡᠷ ᠢ᠋ᠶ᠋ᠡᠨ ᠪᠢᠴᠢ
ᠪᠢᠰᠢᠷᠡᠯ ᠢᠲᠡᠭᠡᠯ ᠢ᠋ᠶ᠋ᠡᠷ ᠳᠦᠭᠦᠷᠡᠩ ᠪᠢᠴᠢ
ᠴᠢᠰᠤᠨ ᠳ᠋ᠤ᠌ ᠪᠠᠨ ᠰᠢᠩᠭᠡᠲᠡᠯ᠎ᠡ ᠲᠤᠩᠬᠠᠭᠯᠠᠵᠤ ᠪᠢᠴᠢ
ᠶᠠᠰᠤᠨ ᠳ᠋ᠤ᠌ ᠪᠠᠨ ᠰᠡᠢᠯᠲᠡᠯᠡ ᠲᠠᠮᠠᠭᠠᠯᠠᠵᠤ ᠪᠢᠴᠢ ᠠ᠋ !
ᠦᠰᠦᠭ ᠠᠮᠢᠯᠠᠭᠤᠯᠤᠭᠴᠢ᠄ ᠳᠠᠷᠤᠴᠢᠨ• ᠨᠠᠨᠳᠢᠨ
ᠬᠢᠨᠠᠭᠴᠢ᠄ ᠣᠳᠬᠠᠨᠰᠤ᠎ᠠ
