ᠮᠠᠨᠳᠠᠲ ᠠᠪᠬᠤ ᠶᠢᠨ ᠡᠮᠦᠨ᠎ᠡ – ᠪ ᠂ ᠵᠠᠮᠲᠣ Мандат авахын өмнө – Б ᠂ Жамт ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨᠳᠠᠲ ᠠᠪᠬᠤ ᠶᠢᠨ ᠡᠮᠦᠨ᠎ᠡ – ᠪ ᠂ ᠵᠠᠮᠲᠣ Мандат авахын өмнө – Б ᠂ Жамт

ᠮᠠᠨᠳᠠᠲ ᠠᠪᠬᠤ ᠶᠢᠨ ᠡᠮᠦᠨ᠎ᠡ – ᠪ ᠂ ᠵᠠᠮᠲᠣ Мандат авахын өмнө – Б ᠂ Жамт

ᠠᠩᠭᠢᠯᠠᠯ:ᠬᠣᠱᠣᠩ ᠱᠣᠭ
2023-11-06

296

ᠮᠠᠨᠳᠠᠲ ᠠᠪᠬᠤ ᠶᠢᠨ ᠡᠮᠦᠨ᠎ᠡ


( ᠱᠣᠭ ᠥᠭᠦᠯᠡᠯᠭᠡ )

《 ᠲᠤᠰ ᠬᠦᠨᠡᠰᠦᠨ ᠦ᠌ ᠠᠷᠲ᠋ᠧᠯᠢ ( ᠬᠠᠮᠲᠤᠷᠠᠯ ) ᠤ᠋ᠨ ᠠᠵᠢᠯᠴᠢᠨ ᠠᠵᠢᠯᠲᠠᠨ ᠨᠡᠢᠲᠡ ᠪᠡᠷ ᠢ᠋ᠶ᠋ᠡᠨ ᠨᠢᠭᠡ ᠨᠢ ᠨᠡᠢᠲᠡ ᠶ᠋ᠢᠨ ᠲᠥᠯᠥᠭᠡ᠂ ᠨᠡᠢᠲᠡ ᠨᠢ ᠨᠢᠭᠡ ᠶ᠋ᠢᠨ ᠢ᠋ᠶ᠋ᠡᠨ ᠲᠥᠯᠥᠭᠡ ᠭᠡᠰᠡᠨ ᠰᠠᠨᠠᠭ᠎ᠠ ᠡᠷᠡᠮᠡᠯᠵᠡᠯ ᠢ᠋ᠶ᠋ᠡᠷ ᠵᠢᠵᠢᠭᠦᠷᠯᠡᠵᠦ ᠰᠣᠼᠢᠶᠠᠯᠢᠰᠲ ᠶᠣᠰᠣ ᠪᠠᠷ ᠬᠠᠮᠲᠤᠷᠠᠨ ᠠᠵᠢᠯᠯᠠᠵᠤ ᠰᠤᠷᠴᠤ ᠠᠮᠢᠳᠤᠷᠠᠵᠤ ᠪᠠᠢᠨ᠎ᠠ᠃ ᠪᠢᠳᠡ ᠪᠡᠶ᠎ᠡ ᠪᠡᠶ᠎ᠡ ᠶ᠋ᠢᠨ ᠢ᠋ᠶ᠋ᠡᠨ ᠵᠣᠪᠠᠯᠠᠩ ᠵᠢᠷᠭᠠᠯ ᠢ᠋ ᠬᠤᠪᠢᠶᠠᠯᠴᠠᠳᠠᠭ᠃ ᠨᠡᠢᠲᠡ ᠶ᠋ᠢᠨ ᠬᠡᠪ ᠵᠢᠷᠤᠮ ᠵᠥᠷᠢᠴᠡᠳᠡᠭ ᠨᠢᠭᠡ ᠴᠦ᠍ ᠬᠥᠮᠦᠨ ᠪᠠᠢᠬᠤ ᠦᠭᠡᠢ 》 ᠭᠡᠬᠦ ᠵᠡᠷᠭᠡ ᠶ᠋ᠢᠨ ᠬᠡᠳᠦᠨ ᠥᠭᠦᠯᠡᠪᠦᠷᠢ ᠬᠡᠨ ᠪᠦᠬᠦᠨ ᠦ᠌ ᠠᠮᠠᠨ ᠤ᠋ ᠤᠩᠰᠢᠯᠭ᠎ᠠ ᠪᠣᠯᠵᠤ ᠲᠡᠳᠡᠭᠡᠷ ᠥᠭᠦᠯᠡᠪᠦᠷᠢ ᠶ᠋ᠢ ᠠᠷᠲ᠋ᠧᠯᠢ ᠶ᠋ᠢᠨ ᠬᠠᠨ᠎ᠠ ᠶ᠋ᠢᠨ ᠰᠣᠨᠢᠨ᠂ ᠳᠠᠷᠤᠭ᠎ᠠ ᠨᠠᠷ ᠤ᠋ᠨ ᠢᠯᠡᠳᠬᠡᠯ ᠵᠡᠷᠭᠡ ᠳ᠋ᠦ᠍ ᠣᠷᠣᠭᠰᠠᠨ ᠢ᠋ ᠥᠭᠦᠯᠡᠪᠡᠯ ᠣᠯᠠᠨ ᠪᠣᠳᠢ ᠪᠣᠯᠬᠤ ᠪᠠᠷ ᠠᠵᠢ᠃ ᠬᠣᠲᠠ ᠶ᠋ᠢᠨ ᠣᠷᠴᠢᠨ ᠳ᠋ᠤ᠌ ᠤᠷᠢ ᠤᠨᠠᠵᠤ ᠠᠭᠤᠯᠠ ᠶ᠋ᠢᠨ ᠴᠠᠰᠤ ᠪᠠᠭᠤᠬᠤ ᠦᠷ᠎ᠡ ᠪᠡᠷ ᠲᠡᠷᠡ ᠠᠷᠲ᠋ᠧᠯᠢ ᠶ᠋ᠢᠨ ᠬᠢᠨ ᠰᠣᠼᠢᠶᠠᠯᠢᠰᠲ ᠦᠢᠯᠡᠳᠪᠦᠷᠢ ᠪᠣᠯᠵᠤ ᠮᠠᠨᠳᠠᠲ ① ᠠᠪᠤᠨ᠎ᠠ ᠭᠡᠵᠦ ᠬᠥᠷ ᠲᠡᠢ ᠪᠠᠢᠵᠠᠢ᠃ ᠡᠭᠦᠨ ᠳ᠋ᠡᠭᠡᠨ ᠴᠦ᠍ ᠠᠷᠲ᠋ᠧᠯᠢ ᠨᠡᠷ᠎ᠡ ᠳ᠋ᠦ᠍ ᠭᠠᠷᠴᠤ ᠰᠢᠯᠢᠳᠡᠭ ᠠᠵᠢᠯᠴᠢᠨ ᠣᠯᠠᠨ ᠲᠠᠢ ᠪᠣᠯᠤᠭᠰᠠᠨ ᠶᠤᠮ᠃ ᠨᠠᠷᠢᠨ ᠪᠤᠤᠪᠤᠨ ᠤ᠋ ᠼᠧᠬᠡ (ᠦᠢᠯᠡᠳᠪᠦᠷᠢ ᠶ᠋ᠢᠨ ᠲᠠᠰᠤᠭ) ᠤ᠋ᠨ ᠳᠠᠷᠤᠭ᠎ᠠ ᠮᠠᠯᠢᠭᠠᠷ ᠴᠠᠭᠠᠨ ᠬᠡᠦᠬᠡᠨ ᠠᠵᠢᠯ ᠤ᠋ᠨ ᠢ᠋ᠶ᠋ᠠᠨ ᠴᠠᠭᠠᠨ ᠬᠠᠯᠠᠭᠠᠵᠠ ᠶ᠋ᠢ ᠲᠠᠢᠯᠤᠨ ᠱᠦᠭᠦᠢ ᠳ᠋ᠦ᠍ ᠡᠯᠭᠦᠵᠦ ᠭᠠᠳᠠᠭᠤᠷ ᠬᠤᠪᠴᠠᠰᠤ ᠪᠠᠨ ᠡᠮᠦᠰᠦᠭᠡᠳ ᠦᠢᠯᠡᠳᠪᠦᠷᠢ ᠶ᠋ᠢᠨ ᠢ᠋ᠶ᠋ᠡᠨ ᠬᠠᠭᠠᠯᠭ᠎ᠠ ᠪᠠᠷ ᠭᠠᠷᠴᠤ ᠶᠠᠪᠤᠲᠠᠯ᠎ᠠ 《 ᠭᠠᠨᠳᠢᠮ᠎ᠠ ᠬᠥᠶᠢ ᠪᠠᠷᠢᠭᠠᠳᠠ ᠶ᠋ᠢᠨ ᠠᠬᠠᠯᠠᠭᠴᠢ 》 ᠭᠡᠵᠦ ᠬᠡᠯᠡ ᠨᠢ ᠣᠷᠢᠶᠠᠯᠳᠤᠭᠰᠠᠨ ᠰᠥᠭᠡᠩᠭᠢᠳᠡᠬᠦᠬᠡᠨ ᠫᠠᠷᠭᠢᠶ᠎ᠠ ᠬᠣᠭᠣᠯᠠᠢ ᠲᠠᠢ ᠬᠥᠮᠦᠨ ᠳᠠᠭᠤᠳᠠᠪᠠ᠃ ᠭᠠᠨᠳᠢᠮ᠎ᠠ ᠴᠣᠴᠢᠨ ᠡᠷᠭᠢᠵᠦ ᠬᠠᠷᠠᠲᠠᠯ᠎ᠠ ᠥᠪᠡᠷ ᠦ᠋ᠨ ᠬᠢᠨᠢ ᠤᠳᠤᠷᠢᠳᠤᠳᠠᠭ ᠰᠣᠼᠢᠶᠠᠯᠢᠰᠲ ᠬᠥᠳᠡᠯᠮᠦᠷᠢ ᠶ᠋ᠢᠨ ᠪᠠᠷᠢᠭᠠᠳᠠ ᠶ᠋ᠢᠨ ᠭᠡᠰᠢᠭᠦᠨ ᠰᠠᠭᠰᠠᠢ ᠭᠥᠯᠢᠭᠡᠷ ᠨᠢᠳᠦ ᠪᠡᠷ ᠢ᠋ᠶ᠋ᠡᠨ ᠡᠭᠴᠡᠯᠡᠨ ᠰᠢᠷᠳᠡᠵᠦ ᠭᠤᠢᠪᠢᠭᠰᠠᠭᠠᠷ ᠳᠥᠭᠥᠨ ᠢᠷᠡᠵᠦ ᠶᠠᠪᠤᠨ᠎ᠠ᠃ ᠭᠠᠨᠳᠢᠮ᠎ᠠ ᠶ᠋ᠢᠨ ᠵᠢᠷᠦᠬᠡ ᠤᠷᠤᠭᠤ ᠨᠢᠭᠡ ᠶᠠᠭᠤᠮ᠎ᠠ ᠴᠢᠴᠢᠬᠦ ᠰᠢᠭ ᠪᠣᠯᠪᠠ ᠃ ᠲᠡᠷᠡ ᠬᠡᠳᠦᠨ ᠬᠣᠷᠣᠮ ᠮᠠᠯ ᠭᠠᠢᠬᠠᠭᠰᠠᠨ ᠢ᠋ᠶ᠋ᠠᠨ:
- ᠦᠭᠡᠢ ᠴᠢ ᠴᠢᠨᠢ ᠶᠠᠭᠠᠬᠢᠵᠤ ᠶᠠᠪᠤᠨ᠎ᠠ ᠭᠡᠵᠦ ᠴᠡᠴᠡᠷᠡᠩᠬᠦᠢᠬᠡᠨ ᠳᠠᠭᠤ ᠪᠠᠷ ᠥᠭᠦᠯᠡᠪᠡ᠃
- ᠪᠢ ᠶᠠᠭᠠᠬᠢᠬᠤ ᠪᠣᠢ ᠃ ᠲᠠᠨ ᠤ᠋ ᠨᠡᠷ᠎ᠡ ᠲᠥᠷᠥ ᠳ᠋ᠦ᠍ ᠭᠠᠢ ᠲᠡᠢᠮᠦ ᠪᠢᠵᠡ ᠳᠡ ᠭᠡᠵᠦ ᠬᠥᠯ ᠢ᠋ᠶ᠋ᠡᠨ ᠠᠷᠠᠢ ᠶᠠᠳᠠᠨ ᠰᠣᠯᠪᠢᠴᠠᠭᠤᠯᠤᠨ ᠠᠯᠬᠤᠵᠤ ᠶᠠᠪᠤᠭ᠎ᠠ ᠰᠠᠭᠰᠠᠢ ᠶ᠋ᠢᠨ ᠡᠩᠭᠡᠷ ᠨᠢ ᠵᠠᠳᠠᠭᠠᠢ ᠭᠠᠳᠠᠭᠤᠷ ᠴᠠᠮᠴᠠᠨ ᠤ᠋ ᠬᠢᠨᠢ ᠮᠥᠷᠥ ᠴᠣᠬᠣᠢ ᠪᠣᠯᠵᠤ ᠥᠮᠥᠳᠥᠨ ᠦ᠌ ᠡᠪᠦᠳᠦᠭ ᠰᠢᠷᠣᠢ ᠪᠣᠯᠤᠭᠰᠠᠨ ᠪᠠᠢᠯ᠎ᠠ᠃ ᠭᠠᠨᠳᠢᠮ᠎ᠠ ᠪᠤᠳᠤᠮᠠᠯ ᠰᠣᠷᠮᠤᠤᠰᠤ ᠲᠠᠢ ᠠᠯᠠᠭ ᠨᠢᠳᠦ ᠪᠡᠨ ᠡᠢᠰᠢ ᠲᠠᠢᠰᠢ ᠡᠷᠭᠢᠯᠳᠦᠭᠦᠯᠦᠨ ᠬᠠᠷᠠᠭᠠᠳ 《 ᠮᠠᠨ ᠤ᠋ ᠲᠧᠭᠨᠢᠭ ᠦ᠋ᠨ ᠬᠢᠨᠢ ᠰᠣᠼᠢᠶᠠᠯᠢᠰᠲ ᠬᠥᠳᠡᠯᠮᠦᠷᠢ ᠶ᠋ᠢᠨ ᠪᠠᠷᠢᠭᠠᠳᠠ ᠶ᠋ᠢᠨ ᠮᠠᠨᠳᠠᠲ ᠠᠪᠬᠤ ᠳ᠋ᠤ᠌ ᠡᠨᠡ ᠯᠡ ᠲᠦᠪᠡᠭ ᠤᠴᠠᠷᠠᠭᠤᠯᠬᠤ ᠨᠢ ᠁ 》 ᠪᠤᠰᠤᠳ ᠪᠠᠷᠢᠭᠠᠳᠠ ᠶ᠋ᠢᠨ ᠬᠢᠨ ᠬᠠᠷᠠᠴᠢᠬᠠᠪᠠᠯ ᠶᠠᠭᠠᠬᠢᠨ᠎ᠠ ᠭᠡᠵᠦ ᠰᠠᠨᠠᠭᠠᠳ 《 ᠦᠳᠡ ᠶ᠋ᠢᠨ ᠵᠠᠪᠰᠠᠷᠯᠠᠭ᠎ᠠ ᠪᠣᠯᠤᠯ᠎ᠠ ᠃ ᠠᠵᠢᠯᠴᠢᠳ ᠭᠠᠷᠴᠤ ᠢᠷᠡᠬᠦ ᠨᠢ 》 ᠭᠡᠰᠡᠨ ᠤᠳᠬ᠎ᠠ ᠠᠪᠴᠠᠯᠳᠤᠭ᠎ᠠ ᠮᠠᠭᠤᠲᠠᠢ ᠬᠣᠶᠠᠷ ᠥᠭᠦᠯᠡᠪᠦᠷᠢ ᠬᠡᠯᠡᠭᠡᠳ ᠲᠡᠭᠦᠨ ᠢ᠋ ᠣᠳᠣᠬᠠᠨ ᠳ᠋ᠠᠭᠠᠨ ᠬᠥᠮᠦᠨ ᠦᠭᠡᠢ ᠪᠠᠢᠭ᠎ᠠ ᠤᠯᠠᠭᠠᠨ ᠪᠤᠯᠤᠩ ᠳ᠋ᠤ᠌ ᠪᠠᠷᠤᠭ ᠴᠢᠷᠦᠬᠦ ᠰᠢᠬᠠᠭᠠᠳ ᠣᠷᠣᠴᠢᠬᠠᠪᠠ᠃ ᠰᠠᠭᠰᠠᠢ ᠰᠠᠨᠳᠠᠯᠢ ᠳᠡᠭᠡᠭᠦᠷ ᠲᠡᠭᠡᠭᠡᠨ ᠣᠢᠴᠢᠭᠰᠠᠨ ᠢ᠋ᠶ᠋ᠠᠨ ᠭᠤᠯᠵᠢᠯᠵᠠᠨ ᠪᠣᠰᠴᠤ ᠢᠷᠡᠭᠡᠳ ᠵᠡᠭᠦᠷᠮᠡᠭᠯᠡᠭᠰᠡᠨ ᠪᠠᠢᠭ᠎ᠠ ᠬᠥᠮᠦᠨ ᠦ᠌ ᠰᠢᠭ ᠨᠢᠳᠦ ᠪᠡᠷ ᠭᠠᠨᠳᠢᠮ᠎ᠠ ᠶ᠋ᠢ ᠡᠭᠳᠡᠭᠦᠦ ᠲᠡᠢ ᠰᠢᠷᠲᠡᠭᠡᠳ ᠄
- ᠲᠠ ᠨᠠᠷ ᠲᠤ᠌ ᠪᠢ ᠭᠣᠮᠣᠳᠠᠵᠤ ᠪᠠᠢᠨ᠎ᠠ᠃ ᠮᠠᠭᠤ ᠡᠵᠢ ᠶ᠋ᠢ ᠮᠢᠨᠢ ᠨᠠᠰᠤ ᠪᠠᠷᠠᠬᠤ ᠳ᠋ᠤ᠌ ᠲᠠ ᠨᠠᠷ ᠣᠯᠢᠭᠲᠠᠢ ᠬᠠᠷᠠᠭ᠎ᠠ ᠦᠭᠡᠢ᠂ ᠪᠠᠷᠢᠭᠠᠳᠠ ᠪᠠᠷᠢᠭᠠᠳᠠ ᠯᠠ ᠭᠡᠨ᠎ᠡ ᠃ ᠲᠠ ᠨᠠᠷ ᠬᠥᠮᠦᠰ ᠢ᠋ ᠠᠯᠠᠭ ᠦᠵᠡᠳᠡᠭ ᠰᠢᠦ ᠃ ᠵᠠ ᠲᠡᠷᠡ ᠴᠦ᠍ ᠶᠠᠭᠠᠬᠢᠬᠤᠪ ᠂ ᠬᠠᠮᠤᠭ ᠤ᠋ᠨ ᠭᠣᠣᠯ ᠨᠢ ᠲᠠ ᠨᠠᠷ ᠮᠢᠨᠦ ᠰᠠᠨᠠᠭᠠᠴᠢᠯᠠᠭ᠎ᠠ ᠶ᠋ᠢ ᠳᠡᠮᠵᠢᠳᠡᠭ ᠦᠭᠡᠢ ᠃ ᠪᠢ ᠶᠠᠮᠠᠷ ᠴᠤ᠌ ᠭᠡᠰᠡᠨ ᠴᠢᠨᠦ ᠮᠠᠭᠲᠠᠭᠠᠳ ᠪᠠᠢᠭ᠎ᠠ ᠴᠢᠯᠠᠭᠤᠨ ᠡᠴᠡ ᠳᠤᠲᠠᠭᠤ ᠦᠭᠡᠢ ᠶᠠᠭᠤᠮ᠎ᠠ ᠬᠢᠬᠦ ᠭᠡᠵᠦ ᠣᠷᠣᠯᠳᠣᠭᠰᠠᠨ ᠃ ᠭᠡᠲᠡᠯ᠎ᠡ ᠲᠠ ᠨᠠᠷ ᠪᠦᠲᠦᠭᠡᠭᠳᠡᠬᠦᠨ ᠦ᠌ ᠭᠣᠯᠣᠭᠳᠠᠯ ᠭᠠᠷᠭᠠᠳᠠᠭ ᠬᠥᠮᠦᠨ ᠢ᠋ ᠴᠢᠮᠡᠭᠡ ᠦᠭᠡᠢ ᠥᠩᠭᠡᠷᠡᠭᠦᠯᠳᠡᠭ ᠮᠥᠷᠲᠡᠯ᠎ᠡ ᠪᠡᠨ ᠮᠢᠨᠦ ᠰᠠᠨᠠᠭᠠᠴᠢᠯᠠᠭ᠎ᠠ ᠶ᠋ᠢ ᠳᠡᠮᠵᠢᠳᠡᠭ ᠦᠭᠡᠢ ᠭᠡᠬᠦ ᠳ᠋ᠦ᠍ ᠭᠠᠨᠳᠢᠮ᠎ᠠ ᠠᠮᠢᠰᠬᠤᠭᠠᠳᠠᠵᠤ᠄
- ᠬᠢᠱ᠌ᠢ᠂ ᠰᠠᠭᠰᠠᠢ ᠮᠢᠨᠢ ᠨᠠᠮ᠎ᠠ ᠶ᠋ᠢ ᠴᠦ᠍ ᠶᠠᠭᠠᠬᠢᠬᠤ ᠪᠣᠢ? ᠴᠢ ᠪᠠᠷᠢᠭᠠᠳᠠ ᠶ᠋ᠢᠨ ᠭᠡᠰᠢᠭᠦᠨ ᠠᠷᠲ᠋ᠧᠯᠢ ᠶ᠋ᠢᠨ ᠢ᠋ᠶ᠋ᠡᠨ ᠨᠡᠷ᠎ᠡ ᠲᠥᠷᠥ ᠶ᠋ᠢ ᠪᠣᠳᠣᠭᠠᠴᠢ ᠳᠠ᠃ ᠥᠨᠥᠳᠥᠷ ᠮᠠᠨ ᠤ᠋ ᠠᠳᠠ ᠳᠡᠭᠡᠳᠦ ᠭᠠᠵᠠᠷ ᠤ᠋ᠨ ᠰᠢᠯᠭᠠᠯᠲᠠ ᠢᠷᠡᠬᠦ ᠭᠡᠵᠦ ᠪᠠᠢᠨ᠎ᠠ᠂ ᠬᠡᠷᠪᠡ ᠴᠢ ᠡᠢᠮᠦ ᠪᠠᠢᠬᠤ ᠶᠤᠮ ᠪᠣᠯ ᠮᠠᠨ ᠤ᠋ ᠪᠠᠷᠢᠭᠠᠳᠠ ᠰᠣᠼᠢᠶᠠᠯᠢᠰᠲ ᠬᠥᠳᠡᠯᠮᠦᠷᠢ ᠶ᠋ᠢᠨ ᠪᠠᠷᠢᠭᠠᠳᠠ ᠶ᠋ᠢᠨ ᠮᠠᠨᠳᠠᠲ ᠶᠠᠭᠠᠬᠢᠵᠤ ᠠᠪᠬᠤ ᠶᠤᠮ ᠪᠣᠢ ? ᠮᠠᠨ ᠤ᠋ ᠬᠢ ᠮᠠᠨᠳᠠᠲ ᠠᠪᠴᠤ ᠴᠢᠳᠠᠬᠤ ᠦᠭᠡᠢ ᠪᠣᠯ ᠠᠷᠲ᠋ᠧᠯᠢ ᠮᠠᠨᠢ ᠰᠣᠼᠢᠶᠠᠯᠢᠰᠲ ᠬᠥᠳᠡᠯᠮᠦᠷᠢ ᠶ᠋ᠢᠨ ᠦᠢᠯᠡᠳᠪᠦᠷᠢ ᠪᠣᠯᠵᠤ ᠴᠢᠳᠠᠬᠤ ᠦᠭᠡᠢ ᠰᠢᠦ ᠭᠡᠵᠦ ᠳᠡᠭᠡᠷ᠎ᠡ ᠳᠡᠭᠡᠷ᠎ᠡ ᠡᠴᠡ ᠨᠢ ᠳᠠᠪᠬᠤᠴᠠᠭᠤᠯᠤᠨ ᠬᠥᠪᠦᠭᠦᠯᠲᠡᠯ᠎ᠡ ᠰᠠᠭᠰᠠᠢ ᠤᠯᠠᠮ ᠭᠠᠭᠠᠷᠠᠵᠤ᠄
- ᠴᠢ ᠪᠢᠲᠡᠭᠡᠢ ᠰᠤᠷᠭᠠᠭᠠᠳ ᠪᠠᠢ᠂ ᠡᠢᠮᠦ ᠰᠤᠷᠭᠠᠯ ᠢ᠋ ᠴᠢᠨᠢ ᠲᠤᠭᠤᠯᠬᠤ ᠪᠠᠷ ᠢ᠋ᠶ᠋ᠠᠨ ᠪᠣᠯᠤᠯ᠎ᠠ ᠭᠡᠪᠡ ᠃
- ᠠ᠋ ᠴᠢ ᠳᠠᠩᠴᠤ ᠳᠠ᠂ ᠴᠢᠮ᠎ᠠ ᠶ᠋ᠢ ᠲᠦᠷᠦᠭᠦᠨ ᠠᠷᠢᠬᠢ ᠤᠤᠭᠤᠵᠤ ᠠᠵᠢᠯ ᠤ᠋ᠨ ᠴᠠᠭ ᠬᠡᠢᠳᠡᠭᠦᠯᠬᠦ ᠳ᠋ᠦ᠍ ᠮᠠᠨ ᠤ᠋ ᠪᠠᠷᠢᠭᠠᠳᠠ ᠶ᠋ᠢᠨ ᠬᠢᠨ ᠨᠠᠭᠠᠨᠠᠳᠤᠵᠤ ᠴᠢᠨᠦ ᠨᠡᠷ᠎ᠡ ᠶ᠋ᠢ᠂ ᠴᠠᠭᠠᠨᠠᠳᠤᠵᠤ ᠪᠠᠷᠢᠭᠠᠳᠠ ᠶ᠋ᠢᠨ ᠢ᠋ᠶ᠋ᠡᠨ ᠨᠡᠷ᠎ᠡ ᠶ᠋ᠢ ᠪᠣᠳᠣᠭᠠᠳ ᠴᠢᠮᠡᠭᠡ ᠦᠭᠡᠢ ᠯᠡ ᠥᠩᠭᠡᠷᠡᠭᠦᠯᠦᠭᠰᠡᠨ ᠶᠤᠮ ᠭᠡᠲᠡᠯ᠎ᠡ ᠰᠠᠭᠰᠠᠢ᠄
- ᠦᠨᠡᠨ ᠶᠠᠭᠤᠮ᠎ᠠ ᠦᠨᠡᠨ ᠢ᠋ᠶ᠋ᠡᠷ ᠳᠡᠭᠡᠷ᠎ᠡ ᠭᠡᠵᠦ ᠪᠢ ᠪᠣᠳᠣᠳᠠᠭ ᠪᠣᠯᠤᠯ᠎ᠠ ᠭᠡᠪᠡ᠃
- ᠵᠠ ᠶᠠᠭᠠᠬᠢᠬᠤ ᠪᠣᠢ ? ᠴᠢ ᠁ ᠰᠠᠭᠰᠠᠢ ᠪᠢ ᠴᠢᠮ᠎ᠠ ᠶ᠋ᠢ ᠳᠡᠮᠵᠢᠳᠡᠭ ᠰᠢᠦ ᠃ ᠲᠠᠨ ᠤ᠋ ᠡᠬᠡᠨᠡᠷ ᠡᠷᠲᠡᠳᠡ ᠴᠢᠮ᠎ᠠ ᠳ᠋ᠤ᠌ ᠵᠣᠳᠣᠭᠤᠯᠴᠢᠬᠠᠯ᠎ᠠ ᠭᠡᠳ ᠨᠢᠳᠦ ᠨᠢ ᠬᠥᠬᠡᠷᠡᠴᠢᠬᠡᠭᠰᠡᠨ ᠤᠬᠢᠯᠠᠭᠰᠠᠭᠠᠷ ᠢᠷᠡᠬᠦ ᠳ᠋ᠦ᠍ ᠪᠢ ᠴᠢᠮ᠎ᠠ ᠶ᠋ᠢ ᠪᠣᠳᠣᠵᠤ ᠨᠢᠭᠤᠭᠠᠳ ᠥᠩᠭᠡᠷᠡᠭᠦᠯᠦᠭᠰᠡᠨ ᠭᠡᠲᠡᠯ᠎ᠡ ᠰᠠᠭᠰᠠᠢ ᠪᠠᠰᠠ ᠯᠠ ᠲᠠᠪᠠᠷᠠᠵᠤ᠄
- ᠲᠡᠢᠮᠦ ᠠ᠋᠂ ᠲᠠ ᠨᠠᠷ ᠨᠡᠷ᠎ᠡ ᠪᠡᠨ ᠪᠣᠳᠣᠨ ᠲᠡᠷᠡ ᠶᠠᠪᠤᠳᠠᠯ ᠢ᠋ ᠳᠠᠷᠤᠵᠤ ᠥᠩᠭᠡᠷᠡᠭᠦᠯᠦᠭᠰᠡᠨ ᠦᠨᠡᠨ ᠂ ᠪᠤᠰᠤᠳ ᠭᠠᠵᠠᠷ ᠤ᠋ᠨ ᠰᠣᠼᠢᠶᠠᠯᠢᠰᠲ ᠬᠥᠳᠡᠯᠮᠦᠷᠢ ᠶ᠋ᠢᠨ ᠪᠠᠷᠢᠭᠠᠳᠠ ᠲᠡᠢᠮᠦ ᠦᠭᠡᠢ ᠪᠠᠢᠨ᠎ᠠ ᠰᠢᠦ ᠭᠡᠪᠡ ᠃ ᠲᠡᠳᠡᠨ ᠢ᠋ ᠬᠦᠦᠷᠨᠢᠵᠦ ᠪᠠᠢᠲᠠᠯ᠎ᠠ ᠳᠠᠷᠤᠭ᠎ᠠ ᠶ᠋ᠢᠨ ᠶᠠᠷᠢᠬᠤ ᠨᠢ ᠳᠤᠭᠤᠯᠳᠠᠪᠠ ᠃ 《 ᠠᠮᠢᠲᠠᠨ ᠤ᠋ ᠨᠢᠳᠦᠨ ᠳ᠋ᠦ᠍ ᠨᠢᠭᠡ ᠶᠠᠩᠵᠤ ᠲᠠᠢ ᠪᠠᠢᠭᠠᠴᠢ 》 ᠭᠡᠵᠦ ᠳᠠᠷᠤᠭ᠎ᠠ ᠶ᠋ᠢᠨ ᠬᠢᠨᠢ ᠠᠩᠬᠠᠷᠤᠭᠤᠯᠬᠤ ᠦᠭᠡ ᠭᠠᠨᠳᠢᠮ᠎ᠠ ᠶ᠋ᠢᠨ ᠰᠠᠨᠠᠭᠠᠨ ᠳ᠋ᠤ᠌ ᠭᠱᠠᠨ ᠵᠠᠭᠤᠷ᠎ᠠ ᠪᠠᠭᠤᠵᠤ ᠲᠡᠨᠳᠡ ᠡᠴᠡ ᠳᠠᠷᠤᠢ ᠭᠠᠷᠬᠤ ᠶ᠋ᠢ ᠵᠠᠪᠳᠤᠲᠠᠯ᠎ᠠ ᠂
- ᠲᠠ ᠨᠠᠷ ᠴᠢᠨᠢ ᠶᠠᠭᠤ ᠪᠣᠯᠤᠭᠠᠳ ᠨᠢᠭᠡ ᠳᠠᠭᠤ ᠲᠡᠭᠷᠢ᠂ ᠨᠢᠭᠡ ᠳᠠᠭᠤ ᠭᠠᠵᠠᠷ ᠲᠤ᠌ ᠬᠠᠲᠠᠭᠠᠳ ᠪᠠᠢᠨ᠎ᠠ ᠪᠣᠢ ? ᠭᠡᠭᠰᠡᠭᠡᠷ ᠳᠠᠷᠤᠭ᠎ᠠ ᠨᠢ ᠬᠥᠮᠥᠰᠬᠡ ᠵᠠᠩᠭᠢᠳᠤᠨ ᠣᠷᠣᠵᠤ ᠢᠷᠡᠪᠡᠯ᠄
- ᠠ ᠰᠠᠭᠰᠠᠢ ᠭᠡᠵᠦ ᠭᠠᠨᠳᠢᠮ᠎ᠠ ᠡᠷᠬᠡ ᠬᠡᠦᠬᠡᠳ ᠮᠡᠲᠦ ᠥᠭᠦᠯᠡᠪᠡ᠃
ᠳᠠᠷᠤᠭ᠎ᠠ ᠴᠤ᠌ ᠰᠢᠷᠦᠭᠦᠨ ᠳᠠᠭᠤ ᠪᠠᠷ 《 ᠲᠠᠨ ᠬᠣᠶᠠᠷ ᠨᠠᠭᠠᠰᠢ ᠪᠠᠨ ᠬᠦᠷᠦᠭᠡᠳ ᠢᠷ᠎ᠡ 》 ᠭᠡᠳ ᠠᠯᠪᠠᠨ ᠲᠠᠰᠤᠯᠭ᠎ᠠ ᠪᠠᠨ ᠴᠢᠭᠯᠡᠨ ᠶᠠᠭᠠᠷᠠᠨ ᠠᠯᠬᠤᠬᠤ ᠳ᠋ᠤ᠌ ᠥᠷᠭᠡᠨ ᠥᠮᠥᠳᠥᠨ ᠦ᠌ ᠰᠢᠭᠤᠮᠠᠭ ᠬᠠᠯᠬᠠᠯᠵᠠᠵᠤ ᠬᠠᠷᠠᠭᠳᠠᠯ᠎ᠠ᠃
ᠲᠠ ᠨᠠᠷ ᠴᠢᠨᠢ ᠶᠠᠭᠠᠬᠢᠴᠢᠬᠠᠭᠰᠠᠨ ᠭᠠᠰᠢᠯᠤᠭᠰᠠᠨ ᠲᠠᠷᠢᠬᠢ ᠨᠤᠭᠤᠳ ᠪᠣᠢ? ᠡᠨᠡ ᠠᠮᠢᠲᠠᠨ ᠤ᠋ ᠵᠠᠮ ᠳᠡᠭᠡᠷ᠎ᠡ ᠬᠠᠰᠬᠢᠴᠢᠭᠠᠳ ᠭᠡᠵᠦ ᠳᠠᠷᠤᠭ᠎ᠠ ᠶ᠋ᠢ ᠪᠡᠨ ᠵᠢᠮᠡᠯᠡᠬᠦ ᠳ᠋ᠦ᠍ ᠭᠠᠨᠳᠢᠮ᠎ᠠ ᠶᠠᠭᠤ ᠴᠤ᠌ ᠡᠰᠡ ᠳᠤᠤᠭᠠᠷᠪᠠ ᠃ ᠬᠠᠷᠢᠨ ᠰᠠᠭᠰᠠᠢ᠄
- ᠲᠡᠢᠮᠦ ᠪᠢ ᠭᠠᠰᠢᠯᠤᠭᠰᠠᠨ ᠬᠥᠮᠦᠨ᠂ ᠲᠠ ᠨᠠᠷ ᠲᠤ᠌ ᠭᠠᠢ ᠲᠠᠷᠢᠵᠤ ᠪᠠᠢᠭ᠎ᠠ ᠪᠠᠨ ᠮᠡᠳᠡᠵᠦ ᠪᠠᠢᠨ᠎ᠠ ᠭᠡᠳ ᠭᠠᠷ ᠢ᠋ᠶ᠋ᠠᠨ ᠵᠠᠩᠭᠢᠳᠤᠨ ᠳᠠᠷᠤᠭ᠎ᠠ ᠶ᠋ᠢᠨ ᠢ᠋ᠶ᠋ᠡᠨ ᠰᠢᠷᠡᠭᠡ ᠶ᠋ᠢ ᠳᠡᠯᠡᠰᠬᠦ ᠳ᠋ᠦ᠍ ᠮᠣᠨᠴᠣᠭᠣᠷ ᠤᠯᠠᠭᠠᠨ ᠬᠠᠮᠠᠷ ᠲᠠᠢ ᠪᠤᠭᠤᠷᠤᠯ ᠣᠷᠣᠭᠰᠠᠨ ᠬᠠᠯᠢᠮᠠᠭ ᠲᠠᠢ ᠲᠡᠷᠡ ᠬᠥᠮᠦᠨ ᠵᠥᠭᠡᠯᠡᠨ ᠰᠠᠨᠳᠠᠯᠢ ᠡᠴᠡ ᠪᠠᠨ ᠥᠨᠳᠡᠰᠬᠢᠵᠦ᠄
- ᠭᠠᠨᠳᠢᠮ᠎ᠠ ᠰᠣᠼᠢᠶᠠᠯᠢᠰᠲ ᠬᠥᠳᠡᠯᠮᠦᠷᠢ ᠶ᠋ᠢᠨ ᠪᠠᠷᠢᠭᠠᠳᠠ ᠶ᠋ᠢᠨ ᠮᠠᠨᠳᠠᠲ ᠠᠪᠬᠤ ᠪᠡᠯᠡᠳᠬᠡᠯ ᠴᠢᠨᠢ ᠡᠨᠡ ᠤᠤ ? ᠭᠡᠪᠡᠯ ᠰᠠᠭᠰᠠᠢ ᠬᠠᠷᠠᠴᠠ ᠪᠠᠨ ᠤᠯᠠᠮ ᠭᠥᠯᠢᠢᠯᠭᠡᠨ ᠳᠠᠷᠤᠭ᠎ᠠ ᠶ᠋ᠢᠨ ᠵᠦᠭ ᠭᠤᠢᠪᠢᠨ ᠳᠥᠭᠥᠭᠡᠳ᠄
- ᠲᠡᠢᠮᠦ ᠠ᠋᠂ ᠲᠠ ᠨᠠᠷ ᠤ᠋ᠨ ᠰᠣᠼᠢᠶᠠᠯᠢᠰᠲ ᠬᠥᠳᠡᠯᠮᠦᠷᠢ ᠶ᠋ᠢᠨ ᠪᠠᠷᠢᠭᠠᠳᠠ ᠰᠢᠭ᠋ ᠪᠠᠷᠢᠭᠠᠳᠠ ᠮᠠᠨ ᠤ᠋ ᠣᠷᠣᠨ ᠤ᠋ ᠬᠠᠮᠢᠭ᠎ᠠ ᠨᠢ ᠴᠦ᠍ ᠪᠠᠢᠬᠤ ᠦᠭᠡᠢ᠃ ᠪᠠᠷᠢᠭᠠᠳᠠ ᠶ᠋ᠢᠨ ᠬᠢᠨ ᠦ᠌ ᠭᠠᠷ ᠢ᠋ ᠪᠢ ᠨᠢᠭᠡ ᠬᠠᠷᠠᠭᠰᠠᠨ ᠳᠠᠬᠢᠵᠤ ᠭᠣᠷᠢᠳᠠᠬᠤ ᠦᠭᠡᠢ᠂ ᠪᠢ ᠡᠵᠢ ᠶ᠋ᠢ ᠪᠡᠨ ᠮᠠᠭᠤ ᠦᠭᠡᠢ ᠣᠷᠣᠰᠢᠭᠤᠯᠤᠭᠰᠠᠨ ᠭᠡᠯ᠎ᠡ᠃
- ᠭᠠᠨᠳᠢᠮ᠎ᠠ ᠴᠠᠭᠠᠨ᠎ᠠ ᠴᠢᠨᠢ ᠰᠢᠯᠭᠠᠯᠲᠠ ᠶ᠋ᠢᠨ ᠬᠢᠨ ᠢᠷᠡᠬᠦ ᠪᠣᠯᠤᠯ᠎ᠠ᠃ ᠨᠠᠭᠠᠳᠤᠬᠢ ᠪᠠᠨ ᠠᠪᠤᠭᠠᠳ ᠭᠠᠷᠴᠤ ᠦᠵᠡᠭᠡᠴᠢ ᠶᠠᠭᠠᠬᠢᠶ᠎ᠠ ᠳᠠ ᠭᠡᠵᠦ ᠳᠠᠷᠤᠭ᠎ᠠ ᠭᠠᠷ ᠤ᠋ᠨ ᠢ᠋ᠶ᠋ᠠᠨ ᠠᠯᠠᠭᠠᠨ ᠳ᠋ᠤ᠌ ᠬᠢᠮᠤᠰᠤ ᠪᠠᠨ ᠰᠢᠭᠢᠳᠲᠡᠯ᠎ᠡ ᠪᠠᠵᠠᠨ ᠠᠳᠬᠤᠵᠤ ᠳᠠᠬᠢᠨ ᠳᠠᠬᠢᠨ ᠬᠠᠨᠢᠶᠠᠵᠤ ᠬᠣᠭᠣᠯᠠᠢ ᠪᠠᠨ ᠵᠠᠰᠠᠬᠤ ᠳ᠋ᠤ᠌᠂
- ᠲᠠ ᠨᠠᠷ ᠰᠢᠳᠤᠷᠭᠤ ᠪᠢᠰᠢ᠂ ᠬᠥᠮᠦᠨ ᠢ᠋ ᠢᠯᠭᠠᠨ ᠦᠵᠡᠳᠡᠭ ᠭᠡᠳ ᠭᠠᠷ ᠵᠠᠩᠭᠢᠳᠤᠨ ᠳᠠᠷᠤᠭ᠎ᠠ ᠳ᠋ᠠᠭᠠᠨ ᠪᠦᠷ ᠲᠤᠯᠤᠭᠠᠳ ᠢᠷᠡᠪᠡ᠃ ᠭᠠᠨᠳᠢᠮ᠎ᠠ ᠰᠠᠭᠰᠠᠢ ᠶ᠋ᠢᠨ ᠬᠠᠨᠴᠤᠢ ᠡᠴᠡ ᠪᠠᠷᠢᠵᠤ ᠠᠪᠤᠭᠠᠳ 《 ᠰᠡᠷᠭᠡᠢᠯᠡᠬᠦ ᠳᠠᠭᠤᠳᠠᠶ᠎ᠠ ᠳᠠᠷᠤᠭ᠎ᠠ ᠠ᠋ 》 ᠭᠡᠲᠡᠯ᠎ᠡ 《 ᠲᠡᠭᠡᠪᠡᠯ ᠶᠠᠭᠠᠬᠢᠵᠤ ᠰᠣᠼᠢᠶᠠᠯᠢᠰᠲ ᠦᠢᠯᠡᠳᠪᠦᠷᠢ ᠭᠡᠭᠳᠡᠬᠦ ᠪᠣᠢ ? ᠶᠠᠳᠠᠵᠤ ᠡᠨᠡ ᠰᠢᠯᠭᠠᠯᠲᠠ ᠥᠩᠭᠡᠷᠡᠭᠦᠯᠵᠦ ᠪᠠᠢᠭᠠᠳ ᠤᠤᠭᠤᠵᠤ ᠪᠣᠯᠳᠠᠭ ᠦᠭᠡᠢ ᠁ 》 ᠭᠡᠵᠦ ᠪᠣᠳᠣᠭᠠᠳ ᠤᠲᠠᠰᠤ ᠵᠠᠯᠭᠠᠬᠤ ᠭᠡᠵᠦ ᠪᠠᠢᠭᠰᠠᠨ ᠭᠠᠨᠳᠢᠮ᠎ᠠ ᠶ᠋ᠢᠨ ᠭᠠᠷ ᠡᠴᠡ ᠬᠠᠷᠢᠯᠴᠠᠭᠤᠷ ᠢ᠋ ᠰᠢᠭᠦᠷᠡᠨ ᠠᠪᠴᠤ ᠲᠠᠯᠪᠢᠪᠠ᠃ ᠭᠡᠲᠡᠯ᠎ᠡ ᠰᠠᠭᠰᠠᠢ ᠳᠠᠷᠤᠭ᠎ᠠ ᠶ᠋ᠢᠨ ᠢ᠋ᠶ᠋ᠡᠨ ᠮᠥᠷᠥ ᠤᠷᠤᠭᠤ ᠳᠡᠯᠡᠰᠦᠭᠡᠳ ᠠᠪᠤᠯ᠎ᠠ᠃ ᠨᠢᠳᠦ ᠨᠢ ᠣᠷᠣᠢ ᠳᠡᠭᠡᠷ᠎ᠡ ᠪᠡᠨ ᠭᠠᠷᠤᠭᠰᠠᠨ ᠭᠠᠨᠳᠢᠮ᠎ᠠ 《 ᠪᠣᠯᠬᠤ ᠦᠭᠡᠢ ᠳᠠᠷᠤᠭ᠎ᠠ ᠠ᠋᠂ ᠰᠡᠷᠭᠡᠢᠯᠡᠬᠦ ᠳᠠᠭᠤᠳᠠᠶ᠎ᠠ 》ᠭᠡᠳ ᠬᠠᠷᠢᠯᠴᠠᠭᠤᠷ ᠢ᠋ ᠳᠠᠬᠢᠨ ᠠᠪᠲᠠᠯ᠎ᠠ ᠳᠠᠷᠤᠭ᠎ᠠ ᠤᠤᠭᠤᠵᠤ ᠰᠣᠭᠲᠣᠭᠤᠷᠠᠬᠤ ᠰᠠᠬᠢᠯᠭ᠎ᠠ ᠪᠠᠲᠤ ᠠᠯᠳᠠᠬᠤ ᠶᠠᠪᠤᠳᠠᠯ ᠣᠭᠲᠣ ᠭᠠᠷᠬᠤ ᠪᠠᠨ ᠪᠠᠢᠭᠰᠠᠨ ᠭᠡᠵᠦ ᠮᠡᠳᠡᠭᠡᠯᠡᠭᠰᠡᠨ ᠢ᠋ᠶ᠋ᠡᠨ ᠪᠣᠳᠣᠭᠠᠳ:
- ᠭᠠᠨᠳᠢᠮ᠎ᠠ ᠮᠢᠨᠢ ᠪᠢ ᠶᠠᠭᠠᠬᠢᠬᠤ ᠪᠣᠢ? ᠨᠠᠭᠠᠳᠤ ᠪᠠᠷᠢᠭᠠᠳᠠ ᠶ᠋ᠢᠨ ᠢ᠋ᠶ᠋ᠡᠨ ᠭᠡᠰᠢᠭᠦᠨ ᠢ᠋ ᠠᠪᠤᠭᠠᠳ ᠭᠠᠷᠴᠤ ᠦᠵᠡ ᠭᠡᠵᠦ ᠠᠷᠭ᠎ᠠ ᠨᠢ ᠪᠠᠷᠠᠭᠳᠠᠭᠰᠠᠨ ᠰᠢᠨᠵᠢᠲᠡᠢ ᠬᠡᠯᠡᠭᠰᠡᠨ ᠢ᠋ᠶ᠋ᠡᠨ᠄
- ᠰᠠᠭᠰᠠᠢ ᠴᠢ ᠰᠣᠨᠣᠰᠤᠭᠠᠴᠢ᠂ ᠴᠢᠨᠦ ᠭᠣᠮᠣᠳᠠᠯ ᠢ᠋ ᠳᠠᠷᠠᠭ᠎ᠠ ᠬᠡᠯᠡᠯᠴᠡᠶ᠎ᠡ᠃ ᠪᠣᠯᠤᠨ᠎ᠠ ᠪᠢᠵᠡ ᠳᠡ᠂ ᠤᠳᠠᠬᠤ ᠦᠭᠡᠢ᠃ ᠡᠨᠡ ᠤᠳᠠᠭ᠎ᠠ ᠠᠭᠤᠴᠢᠯᠠᠵᠤ ᠦᠵᠡ ᠭᠡᠵᠦ ᠭᠣᠶᠣᠲᠠᠯ᠎ᠠ ᠤᠲᠠᠰᠤᠨ ᠤ᠋ ᠬᠢᠨᠢ ᠬᠣᠩᠬᠣ ᠳᠤᠤᠭᠠᠷᠤᠯ᠎ᠠ᠃ ᠳᠠᠷᠤᠭ᠎ᠠ ᠪᠦᠷ ᠰᠦᠨᠡᠰᠦ ᠰᠦᠯᠳᠡ ᠨᠢ ᠠᠯᠠᠭ᠎ᠠ ᠪᠣᠯᠴᠢᠬᠠᠪᠠ᠃ ᠰᠠᠭᠰᠠᠢ ᠤᠷᠲᠤ ᠡᠴᠡ ᠳᠥᠯᠭᠡᠬᠡᠨ ᠨᠢ ᠠᠷᠭ᠎ᠠ ᠦᠭᠡᠢ ᠬᠠᠷᠠᠵᠤ ᠵᠣᠭᠰᠣᠭᠠᠳ 《 ᠴᠢ ᠪᠠᠰᠠ ᠲᠡᠭᠡᠮ᠎ᠡ ᠦᠭᠡᠢ ᠰᠠᠨ ᠳᠠ᠃ ᠪᠢᠳᠡ ᠠᠷᠲ᠋ᠧᠯᠢ ᠶ᠋ᠢᠨ ᠢ᠋ᠶ᠋ᠡᠨ ᠨᠡᠷ᠎ᠡ ᠲᠥᠷᠥ ᠶ᠋ᠢ ᠪᠣᠳᠣᠵᠤ ᠪᠠᠢᠨ᠎ᠠ᠂ ᠭᠠᠨᠳᠢᠮ᠎ᠠ ᠨᠠᠭᠠᠳᠤ ᠤᠲᠠᠰᠤ ᠪᠠᠨ ᠠᠪ 》 ᠭᠡᠯ᠎ᠡ᠃ ᠬᠠᠷᠢᠯᠴᠠᠭᠤᠷ ᠴᠢᠬᠢᠨ ᠳ᠋ᠡᠭᠡᠨ ᠣᠢᠷᠠᠲᠤᠭᠤᠯᠤᠮᠠᠭᠴᠠ ᠭᠠᠨᠳᠢᠮ᠎ᠠ ᠶ᠋ᠢᠨ ᠴᠢᠷᠠᠢ ᠬᠣᠪᠢᠰᠬᠢᠵᠦ 《 ᠵᠠ ᠵᠠ 》 ᠭᠡᠵᠦ ᠤᠲᠠᠰᠤ ᠪᠠᠨ ᠲᠠᠰᠤᠯᠤᠭᠠᠳ ᠰᠢᠯᠭᠠᠯᠲᠠ ᠶ᠋ᠢᠨ ᠬᠥᠮᠦᠰ ᠣᠳᠣᠬᠠᠨ ᠢᠷᠡᠬᠦ ᠨᠢ ᠭᠡᠪᠡᠯ ᠰᠠᠨᠳᠤᠷᠤᠯ ᠤ᠋ᠨ ᠤᠯᠠᠮ ᠡᠴᠡ ᠴᠢᠰᠤ ᠬᠠᠷᠪᠤᠬᠤ ᠮᠡᠲᠦ ᠪᠣᠯᠵᠤ ᠲᠡᠷᠡ ᠳᠠᠷᠤᠭ᠎ᠠ᠄
- ᠭᠠᠨᠳᠢᠮ᠎ᠠ ᠴᠢ ᠡᠨᠡ ᠶ᠋ᠢ ᠪᠡᠨ ᠠᠪᠤᠭᠠᠳ ᠲᠦᠷᠭᠡᠨ ᠭᠠᠷᠴᠤ ᠦᠵᠡ ᠳᠡ ᠪᠢ ᠭᠤᠶᠤᠶ᠎ᠠ ᠭᠡᠳ ᠭᠠᠢᠬᠠᠰᠢ ᠲᠠᠰᠤᠷᠠᠭᠰᠠᠨ ᠶᠠᠩᠵᠤᠲᠠᠢ ᠰᠢᠷᠡᠭᠡᠨ ᠳᠡᠭᠡᠭᠦᠷ ᠬᠡᠢ ᠲᠡᠮᠲᠡᠷᠢᠪᠡ᠃

- - - -
① ᠡᠷᠬᠡ ᠶ᠋ᠢᠨ ᠦᠨᠡᠮᠯᠡᠬᠦ

《 ᠱᠣᠭ ᠬᠣᠱᠣᠩ ᠵᠣᠬᠢᠶᠠᠯ ᠤ᠋ᠨ ᠳᠡᠭᠡᠵᠢ 》 ᠡᠴᠡ ᠬᠠᠭᠤᠯᠪᠠ᠃


2023᠂ 10᠂ 28 ᠶ᠋ᠢᠨ ᠡᠳᠦᠷ