ᠡᠯᠢᠭᠡ ᠪᠦᠲᠦᠨ ᠵᠠᠶᠠᠭ᠎ᠠ-ᠬᠠᠶᠠᠩᠭᠢᠷᠸᠠ ᠶ᠋ᠢᠨ ᠵᠢᠨᠱᠠᠨЭлэг бүтэн заяа-Хаянхироогийн зиншан
ᠡᠯᠢᠭᠡ ᠪᠦᠲᠦᠨ ᠵᠠᠶᠠᠭ᠎ᠠ
ᠬᠠᠶᠠᠩᠭᠢᠷᠸᠠ ᠶ᠋ᠢᠨ ᠵᠢᠨᠱᠠᠨ
ᠪᠤᠭᠤᠷᠤᠯ ᠢ᠋ᠶ᠋ᠠᠨ ᠳᠡᠭᠡᠳᠦᠯᠡᠳᠡᠭ ᠪᠠᠢᠬᠤ ᠳ᠋ᠤ᠌ ᠪᠤᠶᠠᠨ ᠶᠡᠬᠡᠲᠡᠢ ᠪᠠᠢᠯ᠎ᠠ
ᠪᠤᠷᠬᠠᠨ ᠢ᠋ᠶ᠋ᠠᠨ ᠵᠠᠯᠠᠳᠠᠭ ᠪᠠᠢᠬᠤ ᠳ᠋ᠤ᠌ ᠨᠢᠭᠦᠯ ᠪᠠᠭᠠᠲᠠᠢ ᠪᠠᠢᠯ᠎ᠠ
ᠲᠩᠷᠢ ᠪᠡᠨ ᠰᠢᠲᠦᠳᠡᠭ ᠪᠠᠢᠬᠤ ᠳ᠋ᠤ᠌ ᠨᠤᠲᠤᠭ ᠴᠡᠯᠡᠭᠡᠷ ᠪᠠᠢᠯ᠎ᠠ
ᠲᠡᠮᠡᠭᠡ ᠪᠡᠨ ᠡᠳ᠋ᠯᠡᠳᠡᠭ ᠪᠠᠢᠬᠤ ᠳ᠋ᠤ᠌ ᠰᠡᠳᠬᠢᠯ ᠤᠶᠠᠬᠠᠨ ᠪᠠᠢᠯ᠎ᠠ
《ᠠᠯᠠᠭᠠᠨ ᠪᠣᠣᠪᠣ》 ᠲᠠᠢ ᠪᠠᠢᠬᠤ ᠳ᠋ᠤ᠌ ᠬᠡᠦᠬᠡᠳ ᠲᠢᠭ ᠲᠡᠢ ᠪᠠᠢᠯ᠎ᠠ
ᠠᠳᠤᠭᠤ ᠣᠯᠠᠨ ᠪᠠᠢᠬᠤ ᠳ᠋ᠤ᠌ ᠬᠡᠢᠮᠣᠷᠢ ᠰᠠᠢᠲᠠᠢ ᠪᠠᠢᠯ᠎ᠠ
ᠭᠡᠳᠡᠰᠦ ᠳᠤᠨᠳᠠᠭᠤᠷ ᠪᠠᠢᠬᠤ ᠳ᠋ᠤ᠌ ᠬᠣᠭᠣᠯᠠ ᠠᠮᠲᠠᠲᠠᠢ ᠪᠠᠢᠯ᠎ᠠ
ᠭᠡᠷ ᠰᠡᠢᠮᠡᠬᠡᠢ ᠪᠠᠢᠬᠤ ᠳ᠋ᠤ᠌ ᠨᠣᠢᠷ ᠠᠮᠲᠠᠲᠠᠢ ᠪᠠᠢᠯ᠎ᠠ
ᠪᠦᠭᠦᠳᠡᠭᠡᠷ ᠶᠠᠳᠠᠭᠤ ᠪᠠᠢᠬᠤ ᠳ᠋ᠤ᠌ ᠵᠣᠴᠢᠨ ᠣᠯᠠᠨ ᠪᠠᠢᠯ᠎ᠠ
ᠪᠥᠭᠡᠰᠦ ᠠᠷᠪᠢᠨ ᠪᠠᠢᠭᠰᠠᠨ ᠴᠤ᠌ ᠡᠪᠡᠳᠴᠢᠨ ᠴᠥᠭᠡᠨ ᠪᠠᠢᠯ᠎ᠠ
ᠥᠪᠡᠷ ᠦ᠋ᠨ ᠬᠥᠮᠦᠨ ᠦ᠌ ᠭᠡᠰᠡᠨ ᠦᠭᠡᠢ ᠦᠭᠡ ᠦᠨᠡᠨ ᠪᠠᠢᠯ᠎ᠠ
ᠡᠮᠦᠰᠬᠦ ᠨᠢᠮᠭᠡᠨ ᠪᠠᠢᠭᠰᠠᠨ ᠴᠤ᠌ ᠥᠷᠢ ᠪᠠᠭᠠᠲᠠᠢ ᠪᠠᠢᠯ᠎ᠠ
ᠬᠣᠲᠠ ᠬᠦᠷᠢᠶ᠎ᠡ ᠰᠠᠨᠳᠠᠭᠠᠳᠠᠭ ᠬᠣᠪ ᠴᠥᠭᠡᠨ ᠪᠠᠢᠯ᠎ᠠ
ᠬᠣᠭᠣᠷᠣ ᠬᠣᠭᠣᠷᠣᠨᠳᠣ ᠳ᠋ᠤ᠌ ᠪᠠᠨ ᠶᠠᠪᠤᠯᠴᠠᠳᠠᠭ ᠡᠪ ᠵᠤᠵᠠᠭᠠᠨ ᠪᠠᠢᠯ᠎ᠠ
ᠲᠠᠪᠤᠨ ᠬᠣᠰᠢᠭᠤ ᠲᠠᠢ ᠪᠠᠨ ᠪᠠᠢᠬᠤ ᠳ᠋ᠤ᠌ ᠲᠠᠯ᠎ᠠ ᠴᠢᠮᠡᠭ ᠲᠡᠢ ᠪᠠᠢᠯ᠎ᠠ
ᠲᠠᠭᠠᠨ᠎ᠠ ᠮᠠᠩᠭᠢᠷ ᠰᠡᠩᠭᠢᠨᠡᠭᠰᠡᠨ ᠠᠭᠠᠷ ᠴᠡᠩᠭᠡᠭ ᠪᠠᠢᠯ᠎ᠠ
ᠠᠬᠠᠰ ᠵᠠᠬᠠᠰ ᠲᠠᠢ ᠪᠠᠨ ᠪᠠᠢᠬᠤ ᠳ᠋ᠤ᠌ ᠭᠡᠷ ᠪᠦᠲᠦᠨ ᠪᠠᠢᠯ᠎ᠠ
ᠠᠶᠠᠭ᠎ᠠ ᠴᠠᠢ ᠲᠠᠢ ᠪᠠᠨ ᠪᠠᠢᠬᠤ ᠳ᠋ᠤ᠌ ᠪᠡᠯᠭᠡ ᠪᠦᠲᠦᠨ ᠪᠠᠢᠯ᠎ᠠ
ᠠᠮᠤᠷ ᠮᠡᠨᠳᠦ ᠲᠡᠢ ᠪᠡᠨ ᠪᠠᠢᠬᠤ ᠳ᠋ᠤ᠌ ᠠᠮᠢᠳᠤᠷᠠᠯ ᠪᠦᠲᠦᠨ ᠪᠠᠢᠯ᠎ᠠ
ᠠᠯᠳᠠᠵᠤ ᠣᠷᠬᠢᠬᠤ ᠶ᠋ᠢᠨ ᠠᠷᠭ᠎ᠠ ᠦᠭᠡᠢ ᠵᠠᠩᠰᠢᠯ ᠪᠦᠲᠦᠨ ᠪᠠᠢᠯ᠎ᠠ
ᠦᠰᠦᠭ ᠠᠮᠢᠯᠠᠭᠤᠯᠤᠭᠴᠢ᠄ ᠳ· ᠣᠶᠤᠨᠪᠢᠯᠢᠭ᠌
ᠬᠢᠨᠠᠭᠴᠢ᠄ ᠣᠳᠬᠠᠨᠰᠤ᠎ᠠ
