ᠭᠣᠣᠮᠠᠢ ᠨᠡᠷᠡᠯᠡᠬᠦ ᠶᠤᠮ – ᠨ ᠂ ᠵᠠᠮᠪᠠᠯᠰᠦ᠋ᠷᠦᠩ Гоомой нэрлэх юм – Н ᠂ Жамбалсүрэн ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠣᠣᠮᠠᠢ ᠨᠡᠷᠡᠯᠡᠬᠦ ᠶᠤᠮ – ᠨ ᠂ ᠵᠠᠮᠪᠠᠯᠰᠦ᠋ᠷᠦᠩ Гоомой нэрлэх юм – Н ᠂ Жамбалсүрэн

ᠭᠣᠣᠮᠠᠢ ᠨᠡᠷᠡᠯᠡᠬᠦ ᠶᠤᠮ – ᠨ ᠂ ᠵᠠᠮᠪᠠᠯᠰᠦ᠋ᠷᠦᠩ Гоомой нэрлэх юм – Н ᠂ Жамбалсүрэн

ᠠᠩᠭᠢᠯᠠᠯ:ᠬᠣᠱᠣᠩ ᠱᠣᠭ
2023-11-05

281

ᠭᠣᠣᠮᠠᠢ ᠨᠡᠷᠡᠯᠡᠬᠦ ᠶᠤᠮ

    ᠨ ᠂ ᠵᠠᠮᠪᠠᠯᠰᠦᠢ᠍ᠷᠦᠩ 

ᠳᠠᠶᠠ ᠨᠠᠢᠵᠠ ᠶ᠋ᠢ ᠬᠡᠨ ᠨᠢᠭᠡ ᠨᠢ 
ᠳ᠋ᠠᠫᠠᠭ᠎ᠠ ( ᠲᠣᠬᠣᠭᠤ) ᠬᠢᠵᠦ ᠮᠢᠩᠭᠤᠵᠢᠨ ᠭᠡᠬᠦ ᠶᠤᠮ ᠃
ᠳᠠᠩᠰᠠ ᠪᠦᠷᠢᠳᠬᠡᠯ ᠯᠢᠮᠢᠲ᠋ ( ᠬᠡᠮᠵᠢᠶ᠎ᠡ ) ᠦᠭᠡᠢ ᠪᠠᠢᠲᠠᠯ᠎ᠠ 
ᠳᠠᠯᠠᠨ ᠬᠤᠳᠠᠯᠴᠢ ᠭᠡᠵᠦ ᠭᠣᠣᠮᠠᠢ ᠨᠡᠷᠡᠯᠡᠬᠦ ᠶᠤᠮ ᠃

ᠳᠤᠲᠠᠭᠤ ᠶ᠋ᠢ ᠭᠦᠢᠴᠡᠭᠡᠬᠦ ᠭᠡᠵᠦ ᠪᠣᠳᠣᠵᠤ ᠶᠠᠪᠤᠳᠠᠭ 
ᠳᠤᠮᠳᠠ ᠶ᠋ᠢ ᠳᠦᠭᠦᠷᠭᠡᠬᠦ ᠭᠡᠵᠦ ᠰᠠᠨᠠᠵᠤ ᠪᠠᠢᠳᠠᠭ
ᠳᠣᠩᠰᠢᠵᠤ ᠳᠠᠭᠤ ᠦᠭᠡᠢ ᠰᠠᠭᠤᠬᠤ ᠳᠤᠷ᠎ᠠ ᠦᠭᠡᠢ 
ᠳᠤᠷᠠᠰᠤᠨ ᠶᠠᠷᠢᠬᠤ ᠳ᠋ᠠᠭᠠᠨ ᠪᠡᠯᠡᠨ ᠬᠥᠮᠦᠨ ᠳᠡ᠃

ᠠᠩᠴᠢᠨ ᠤ᠋ ᠶᠠᠷᠢᠳᠠᠭ ᠰᠣᠨᠢᠨ ᠶᠠᠷᠢᠶ᠎ᠠ ᠶ᠋ᠢ
ᠠᠨᠳᠠ ᠪᠠᠰᠠ ᠬᠠᠭᠤᠴᠢᠯᠠᠵᠤ ᠭᠠᠷᠤᠨ᠎ᠠ ᠃
ᠠᠯᠲᠠᠢ ᠶ᠋ᠢᠨ ᠰᠢᠷᠭᠠᠴᠢᠨ ᠢ᠋ ᠠᠯᠳᠠᠵᠤ ᠫᠤᠤᠳᠠᠭᠠᠳ
ᠠᠷᠬᠠᠭᠠᠷ ᠡᠪᠡᠷ ᠢ᠋ ᠨᠢ ᠰᠠᠨᠵᠢᠭᠤᠯᠤᠭᠰᠠᠨ ᠭᠡᠳᠡᠭ ᠃

ᠤᠯᠤᠰ ᠤ᠋ᠨ ᠨᠠᠭᠠᠳᠤᠮ ᠳ᠋ᠤ᠌ ᠶᠢᠰᠦ ᠳᠠᠪᠠᠭᠠᠳ
ᠤᠴᠢᠷ ᠢ᠋ᠶ᠋ᠠᠨ ᠪᠥᠬᠡ ᠴᠡᠷᠪᠡᠭᠡᠳ ᠪᠠᠢᠬᠤ ᠪᠠᠷ
ᠤᠬᠤᠰᠬᠢᠨ ᠣᠷᠣᠵᠤ ᠬᠣᠷᠢ ᠳᠦᠦᠭᠡᠦᠷᠳᠡᠭᠡᠳ
ᠤᠷᠠᠨ ᠳᠡᠭᠡᠭᠡ ᠣᠷᠢᠶᠠᠭᠰᠠᠨ ᠭᠡᠳᠡᠭ ᠶᠤᠮ ᠃

ᠠᠲᠠᠷ ᠬᠠᠭᠠᠯᠬᠤ ᠳ᠋ᠤ᠌ ᠰᠠᠨᠠᠯ ᠢ᠋ᠶ᠋ᠠᠷ ᠣᠴᠢᠵᠤ
ᠠᠩᠬᠠᠨ ᠤ᠋ ᠱᠠᠩ ᠢ᠋ ᠭᠠᠭᠴᠠᠭᠠᠷ ᠢ᠋ᠶ᠋ᠠᠨ ᠲᠠᠲᠠᠵᠤ
ᠠᠪᠤᠷᠭᠤ ᠺᠣᠮᠪᠠᠢᠨᠴᠢ ᠴᠣᠯᠠ ᠲᠠᠢ ᠢᠷᠡᠭᠡᠳ
ᠠᠬᠠᠯᠠᠬᠤ ᠢᠨᠵᠧᠨᠧᠷ ᠪᠣᠯᠤᠭᠰᠠᠨ ᠭᠡᠳᠡᠭ ᠶᠤᠮ ᠃

ᠲᠤᠬᠤᠭᠤᠭᠰᠠᠨ ᠠᠵᠢᠯ ᠳ᠋ᠤ᠌ ᠲᠣᠭᠲᠠᠯ ᠦᠭᠡᠢ ᠨᠢᠰᠴᠦ
ᠲᠣᠭᠣᠷᠢᠬᠤ ᠬᠠᠭᠤᠳᠠᠰᠤ ᠲᠠᠢ ᠮᠠᠨᠠᠷᠠᠭᠠᠵᠤ ᠶᠠᠪᠤᠬᠤ ᠳ᠋ᠠᠭᠠᠨ
ᠲᠣᠳᠣᠷᠠᠭ᠎ᠠ ᠦᠭᠡᠢ ᠠᠮᠵᠢᠯᠲᠠ ᠪᠠᠨ ᠰᠠᠶᠢ ᠮᠡᠳᠡᠭᠡᠯᠡᠵᠦ
ᠲᠣᠮᠣ ᠱᠠᠩᠨᠠᠯ ᠳ᠋ᠤ᠌ ᠬᠦᠷᠦᠭᠰᠡᠨ ᠭᠡᠳᠡᠭ ᠶᠤᠮ ᠃

ᠲᠡᠷᠡ ᠵᠢᠯ ᠭᠡᠨᠡᠳᠲᠡ ᠶ᠋ᠢᠨ ᠲᠣᠭᠠᠯᠠᠯᠭ᠎ᠠ ᠪᠠᠷ
ᠲᠡᠳᠡᠨ ᠦ᠌ ᠠᠭᠤᠯᠬᠤ ᠡᠴᠡ ᠪᠠᠷᠠᠭ᠎ᠠ ᠳᠤᠲᠠᠬᠤ ᠳ᠋ᠤ᠌
ᠲᠡᠭᠡᠬᠦ ᠶᠣᠰᠣ ᠦᠭᠡᠢ ᠂ ᠬᠠᠷᠠᠵᠤ ᠪᠠᠢ ᠭᠡᠳ
ᠲᠡᠭᠰᠢᠳᠬᠡᠯ ᠪᠣᠳᠣᠵᠤ ᠮᠠᠳᠯᠠᠭᠰᠠᠨ ᠭᠡᠳᠡᠭ ᠶᠤᠮ ᠃

ᠠᠷᠤ ᠶ᠋ᠢᠨ ᠬᠠᠭᠠᠯᠭ᠎ᠠ ᠪᠠᠷ ᠠᠺᠲ ( ᠪᠠᠲᠤᠯᠭ᠎ᠠ ᠪᠢᠴᠢᠭ ) ᠠᠪᠴᠤ
ᠠᠷᠪᠠ ᠬᠣᠨᠣᠭ ᠠᠮᠠᠷᠠᠵᠤ ᠪᠠᠢᠬᠤ ᠳ᠋ᠤ᠌
ᠠᠵᠠ ᠲᠠᠢ ᠪᠢᠯᠧᠲ ᠭᠡᠨᠡᠳᠲᠡ ᠰᠤᠭᠤᠯᠵᠤ
ᠠᠨᠲ᠋ᠷᠠᠺᠲ᠋ᠢᠳ᠋ ( ᠡᠮᠦᠨᠡᠲᠦ ᠲᠤᠢᠯ ) ᠢ᠋ᠶ᠋ᠠᠷ ᠵᠤᠭᠠᠯᠠᠭᠰᠠᠨ ᠭᠡᠳᠡᠭ ᠶᠤᠮ ᠃

ᠲᠡᠰᠴᠦ ᠲᠠᠭᠠᠷᠠᠯ ᠦᠭᠡᠢ ᠳᠤᠯᠮ᠎ᠠ ᠶ᠋ᠢ ᠪᠤᠴᠠᠭᠠᠵᠤ
ᠳᠡᠷᠡᠨ ᠦ᠌ ᠳᠠᠷᠠᠭ᠎ᠠ ᠶ᠋ᠢ ᠢᠯᠡᠭᠡᠯᠲᠡ ᠪᠡᠷ ᠶᠠᠪᠤᠭᠤᠯᠵᠤ
ᠲᠡᠵᠢᠭᠡᠭᠴᠢ ᠪᠡᠨ ᠠᠯᠳᠠᠭᠰᠠᠨ ᠤ᠋ ᠠᠬᠢᠭᠤᠬᠠᠨ ᠬᠤᠪᠢ ᠪᠠᠷ
ᠲᠡᠳᠬᠦᠪᠦᠷᠢ ᠳ᠋ᠦ᠍ ᠲᠣᠭᠲᠠᠭᠠᠯᠭᠠᠵᠤ ᠠᠪᠤᠭᠰᠠᠨ ᠭᠡᠳᠡᠭ ᠶᠤᠮ ᠃

ᠠᠮᠢᠨ ᠤ᠋ ᠮᠠᠰᠢᠨ ᠢ᠋ᠶ᠋ᠠᠷ ᠰᠢᠭᠤᠷᠭᠠᠯᠠᠵᠤ ᠶᠠᠪᠤᠬᠤ ᠳ᠋ᠠᠭᠠᠨ
ᠠᠳᠠ ᠲᠠᠢ ᠵᠣᠭᠰᠣᠭᠠᠳᠠᠭ ᠠᠦ᠋ᠲ᠋ᠣ᠋ ᠶ᠋ᠢᠨ ᠴᠠᠭᠳᠠᠭ᠎ᠠ ᠶ᠋ᠢ
ᠠᠨᠠᠭᠠᠬᠤ ᠶ᠋ᠢᠨ ᠳᠡᠭᠡᠳᠦ ᠶ᠋ᠢ ᠲᠡᠭᠦᠰᠬᠦ ᠰᠢᠯᠭᠠᠯᠲᠠ ᠳ᠋ᠤ᠌
ᠠᠰᠠᠭᠤᠯᠲᠠ ᠪᠠᠷ ᠣᠷᠢᠶᠠᠵᠤ ᠤᠨᠠᠭᠠᠭᠰᠠᠨ ᠭᠡᠳᠡᠭ ᠶᠤᠮ ᠃

ᠳᠠᠶᠠ ᠨᠠᠢᠵᠠ ᠶ᠋ᠢ ᠬᠡᠨ ᠨᠢᠭᠡ ᠨᠢ
ᠳᠠᠫᠠᠭ᠎ᠠ ᠬᠢᠵᠦ ᠮᠢᠩᠭᠤᠵᠢᠨ ᠭᠡᠬᠦ ᠶᠤᠮ ᠂
ᠳᠠᠩᠰᠠ ᠪᠦᠷᠢᠳᠬᠡᠯ ᠂ ᠯᠢᠮᠢᠲ᠋ ᠦᠭᠡᠢ ᠪᠠᠢᠲᠠᠯ᠎ᠠ
ᠳᠠᠯᠠᠨ ᠬᠤᠳᠠᠯᠴᠢ ᠭᠡᠵᠦ ᠭᠣᠣᠮᠠᠢ ( ᠬᠡᠢᠰᠪᠦᠷᠢ ) ᠨᠡᠷᠡᠯᠡᠬᠦ ᠶᠤᠮ ᠃

《 ᠱᠣᠭ ᠬᠣᠱᠣᠩ ᠵᠣᠬᠢᠶᠠᠯ ᠤ᠋ᠨ ᠳᠡᠭᠡᠵᠢ 》 ᠡᠴᠡ ᠬᠠᠭᠤᠯᠪᠠ᠃

ᠦᠰᠦᠭ ᠠᠮᠢᠯᠠᠭᠤᠯᠤᠭᠰᠠᠨ ᠨᠢ᠄ ᠴᠣᠯᠮᠣᠨᠲᠤᠶᠠᠭ᠎ᠠ
ᠬᠢᠨᠠᠭᠴᠢ : ᠳᠠᠪᠰᠢᠯᠳᠤ
2023᠂ 10᠂ 2 ᠶ᠋ᠢᠨ ᠡᠳᠦᠷ