ᠬᠡᠯᠡ- ᠪᠣᠷᠵᠢᠭᠢᠨ ᠵᠠᠭᠤᠨᠨᠠᠰᠤᠲᠤХэл-боржгин зуун-наст ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠯᠡ- ᠪᠣᠷᠵᠢᠭᠢᠨ ᠵᠠᠭᠤᠨᠨᠠᠰᠤᠲᠤХэл-боржгин зуун-наст

ᠬᠡᠯᠡ- ᠪᠣᠷᠵᠢᠭᠢᠨ ᠵᠠᠭᠤᠨᠨᠠᠰᠤᠲᠤХэл-боржгин зуун-наст

2023-11-05

657

ᠬᠡᠯᠡ

          ᠪᠣᠷᠵᠢᠭᠢᠨ ᠵᠠᠭᠤᠨᠨᠠᠰᠤᠲᠤ 

ᠬᠡᠯᠡ ᠭᠡᠵᠦ ᠪᠠᠭᠠᠵᠢ ᠶᠤᠮ 
ᠬᠡᠷᠡᠭᠯᠡᠭᠡᠳ ᠴᠢᠳᠠᠪᠠᠯ ᠭᠠᠢᠬᠠᠮᠰᠢᠭ ᠶᠤᠮ 
ᠬᠡᠨ ᠠᠯᠢᠨ ᠲᠠᠢ ᠨᠢ ᠵᠥᠷᠢᠭᠡᠳ ᠪᠠᠢᠪᠠᠯ 
ᠬᠡᠷᠡᠭᠦᠯ ᠶᠦᠮ 

ᠬᠠᠷᠢ ᠬᠡᠯᠡ ᠲᠡᠢ ᠬᠤᠳᠬᠤᠭᠠᠳ ᠪᠠᠢᠪᠠᠯ 
ᠬᠣᠯᠢᠮᠠᠭ ᠶᠤᠮ 
ᠬᠣᠶᠠᠷ ᠤ᠋ᠨ ᠬᠣᠭᠣᠷᠣᠨᠳᠣ ᠵᠠᠪᠰᠠᠷᠳᠠᠭᠤᠯᠤᠭᠠᠳ ᠪᠠᠢᠪᠠᠯ 
ᠬᠣᠪᠴᠢ ᠶᠤᠮ 

ᠬᠣᠶᠠᠷ ᠭᠤᠷᠪᠠ ᠪᠠᠷ ᠬᠣᠯᠪᠣᠭᠠᠳ ᠪᠠᠢᠪᠠᠯ 
ᠤᠶᠠᠩᠭ᠎ᠠ ᠶᠤᠮ
ᠤᠷᠮ᠎ᠠ ᠬᠠᠢᠷᠠᠯᠠᠭᠠᠳ ᠪᠠᠢᠪᠠᠯ
ᠵᠣᠷᠢᠭᠵᠢᠭᠤᠯᠤᠯ ᠶᠤᠮ

ᠤᠴᠢᠷ ᠲᠠᠢ ᠰᠠᠢᠬᠠᠨ ᠶᠠᠷᠢᠪᠠᠯ
ᠵᠣᠭᠣᠭ ᠶᠤᠮ
ᠤᠬᠠᠭᠠᠨ ᠦᠭᠡᠢ ᠳᠣᠩᠭᠣᠳᠤᠭᠠᠳ ᠪᠠᠢᠪᠠᠯ
ᠣᠯᠢᠭ ᠶᠤᠮ

ᠪᠣᠳᠣᠭᠰᠠᠨ ᠰᠠᠨᠠᠭᠰᠠᠨ ᠢ᠋ᠶ᠋ᠠᠨ ᠢᠯᠡᠳᠬᠡᠪᠡᠯ
ᠬᠠᠢᠷ᠎ᠠ ᠶᠤᠮ
ᠪᠤᠷᠤᠭᠤ ᠳᠠᠰᠢ ᠪᠢᠰᠢᠯᠭᠠᠪᠠᠯ
ᠭᠠᠵᠢᠭᠤ ᠶᠤᠮ

ᠪᠤᠷᠬᠠᠨ ᠨᠣᠮ ᠵᠦᠭ ᠵᠠᠯᠪᠠᠷᠢᠪᠠᠯ
ᠰᠦᠵᠢᠭ ᠶᠦᠮ
ᠪᠠᠢᠳᠠᠭ ᠪᠦᠬᠦᠨ ᠦ᠌ ᠲᠥᠯᠥᠭᠡ ᠪᠣᠳᠣᠯᠬᠢᠯᠠᠪᠠᠯ
ᠪᠤᠶᠠᠨ ᠶᠤᠮ

ᠪᠢᠴᠢᠭ ᠡᠷᠳᠡᠮ ᠢ᠋ ᠰᠢᠨᠵᠢᠯᠡᠪᠡᠯ
ᠪᠢᠯᠢᠭ ᠶᠦᠮ
ᠪᠢᠳᠡᠨ ᠳ᠋ᠦ᠍ ᠪᠠᠢᠳᠠᠭ ᠬᠡᠯᠡ ᠪᠡᠨ
ᠪᠠᠬᠠᠳᠤᠨ ᠬᠠᠢᠷᠠᠯᠠᠵᠤ ᠶᠠᠪᠤᠶ᠎ᠠ
ᠪᠠᠢᠭᠠᠯᠢ ᠣᠷᠴᠢᠨ ᠲᠠᠢ ᠵᠣᠬᠢᠴᠠᠭᠤᠯᠤᠨ
ᠪᠠᠶᠠᠯᠢᠭ ᠰᠠᠩ ᠲᠠᠢ ᠨᠢ ᠤᠯᠠᠮᠵᠢᠯᠠᠶ᠎ᠠ

   ᠦᠰᠦᠭ ᠠᠮᠢᠯᠠᠭᠤᠯᠤᠭᠴᠢ᠄ ᠵ᠂ ᠪᠤᠶᠠᠨᠲᠣᠭᠲᠠᠬᠤ
   ᠬᠢᠨᠠᠭᠴᠢ᠄ ᠰᠡᠬᠡᠭᠡᠷᠡᠯ