ᠤᠷᠠᠳ ᠲᠡᠷᠯᠢᠭ- ᠤᠶᠤᠨᠮ᠎ᠡУрад тэрлэг-оюунм ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷᠠᠳ ᠲᠡᠷᠯᠢᠭ- ᠤᠶᠤᠨᠮ᠎ᠡУрад тэрлэг-оюунм

ᠤᠷᠠᠳ ᠲᠡᠷᠯᠢᠭ- ᠤᠶᠤᠨᠮ᠎ᠡУрад тэрлэг-оюунм

2023-11-04

313

ᠤᠷᠠᠳ ᠲᠡᠷᠯᠢᠭ

          ᠤᠶᠤᠨᠮ᠎ᠡ 
ᠤᠳᠤᠮᠲᠤ ᠰᠠᠢᠬᠠᠨ ᠨᠤᠲᠤᠭ ᠤ᠋ᠨ ᠢ᠋ᠶ᠋ᠠᠨ 
ᠤᠷᠠᠯᠠᠵᠤ ᠣᠶᠣᠳᠠᠭ ᠲᠡᠷᠯᠢᠭ ᠮᠢᠨᠢ 
ᠤᠷᠠᠳ ᠨᠤᠲᠤᠭ ᠤ᠋ᠨ ᠢ᠋ᠶ᠋ᠠᠨ ᠵᠠᠩᠰᠢᠯ ᠢ᠋ᠶ᠋ᠠᠷ 
ᠥᠪᠯᠡᠵᠦ ᠤᠷᠠᠯᠠᠭᠰᠠᠨ ᠣᠨᠴᠠᠯᠢᠭ ᠲᠠᠢ 
ᠡᠰᠬᠡᠵᠦ ᠬᠠᠢᠴᠢᠯᠠᠬᠤ ᠳ᠋ᠠᠭᠠᠨ 
ᠡᠯᠪᠡᠭ ᠪᠠᠶᠠᠨ ᠬᠢᠴᠡ ᠲᠡᠢ ᠪᠠᠢᠳᠠᠭ  
ᠡᠩᠭᠡᠷ ᠬᠣᠷᠮᠣᠢ ᠪᠠᠷ ᠢ᠋ᠶ᠋ᠠᠨ ᠠᠭᠤᠵᠢᠮᠬᠠᠨ  
ᠡᠮᠵᠢᠶᠡᠷᠢ ᠰᠢᠯᠪᠢ ᠨᠢ ᠲᠡᠭᠰᠢᠬᠡᠨ 
ᠠᠵᠢᠯ ᠬᠥᠳᠡᠯᠮᠦᠷᠢ ᠬᠢᠬᠦ ᠳ᠋ᠦ᠍ ᠳᠥᠭᠥᠮ  
ᠠᠷᠭᠠᠯ ᠲᠦᠯᠡᠰᠢ ᠪᠡᠨ ᠬᠣᠷᠮᠣᠢᠯᠠᠬᠤ ᠳ᠋ᠤ᠌ ᠪᠡᠯᠡᠬᠡᠨ 
ᠠᠭᠲᠠ ᠶ᠋ᠢᠨ ᠨᠢᠷᠤᠭᠤᠨ ᠳ᠋ᠤ᠌ ᠮᠣᠷᠳᠠᠬᠤ ᠳ᠋ᠤ᠌ ᠠᠪᠰᠠᠷᠬᠠᠨ 
ᠠᠪᠤᠭᠠᠳ ᠡᠮᠦᠰᠬᠦ ᠳ᠋ᠦ᠍ ᠲᠠᠭᠠᠲᠠᠢᠬᠠᠨ ᠬᠤᠪᠴᠠᠰᠤ 
ᠵᠠᠰᠠᠯ ᠳ᠋ᠤ᠌ ᠡᠮᠦᠰᠳᠡᠭ ᠲᠡᠷᠯᠢᠭ ᠨᠢ 
ᠵᠢᠷᠢᠢᠭᠰᠡᠨ ᠭᠤᠷᠪᠠᠨ ᠡᠮᠵᠢᠶᠡᠷᠢ ᠲᠡᠢ
ᠬᠡᠦᠬᠡᠨ ᠬᠥᠮᠦᠨ ᠦ᠌ ᠲᠡᠷᠯᠢᠭ ᠪᠣᠯ
ᠬᠣᠰᠢᠶ᠎ᠠ ᠳᠠᠷᠤᠭᠰᠠᠨ ᠡᠮᠵᠢᠶᠡᠷᠢ ᠲᠡᠢ 
ᠠᠰ ᠪᠣᠰᠤᠭ᠎ᠠ ᠬᠣᠭᠣᠯᠠᠪᠴᠢ ᠲᠠᠢ 
ᠠᠭᠤᠵᠢᠭᠤ ᠲᠠᠯᠪᠢᠭᠤ ᠡᠩᠭᠡᠷ ᠲᠡᠢ 
ᠠᠶᠠᠨ ᠳ᠋ᠤ᠌ ᠬᠡᠷᠡᠭᠯᠡᠬᠦ ᠪᠣᠳᠠᠰ ᠢ᠋ᠶ᠋ᠠᠨ ᠡᠪᠦᠷᠯᠡᠬᠦ ᠳ᠋ᠦ᠍
ᠠᠰᠢᠭᠦᠢ ᠪᠠᠭᠲᠠᠭᠠᠮᠵᠢ ᠲᠠᠢ ᠬᠤᠪᠴᠠᠰᠤ ᠰᠢᠦ
ᠬᠣᠶᠠᠷ ᠲᠠᠰᠢᠶᠠᠨ ᠳ᠋ᠤ᠌ ᠪᠠᠨ ᠣᠨᠣᠭᠣ ᠲᠠᠢ
ᠬᠣᠷᠮᠣᠢ ᠨᠢ ᠪᠢᠲᠡᠭᠦᠦ ᠲᠡᠷᠯᠢᠭ
ᠬᠣᠨᠣᠭ ᠤ᠋ᠨ ᠭᠠᠵᠠᠷ ᠲᠤ ᠨᠥᠮᠥᠷᠭᠡ ᠪᠣᠯᠳᠠᠭ
ᠬᠣᠯᠠ ᠣᠢᠷ᠎ᠠ ᠳ᠋ᠤ᠌ ᠵᠠᠰᠠᠯ ᠤ᠋ᠨ 
ᠬᠤᠪᠴᠠᠰᠤ ᠤᠷᠠᠳ ᠪᠦᠰᠡᠭᠦᠢᠴᠦᠳ ᠪᠣᠯ 
ᠤᠬᠠᠭᠠᠨ ᠪᠦᠷᠢᠳᠦᠭᠰᠡᠨ ᠤᠷᠠᠴᠤᠤᠯ
ᠤᠳᠤᠮᠲᠤ ᠮᠣᠩᠭᠣᠯ ᠲᠡᠷᠯᠢᠭ ᠢ᠋ᠶ᠋ᠡᠨ
ᠤᠷᠮ᠎ᠠ ᠪᠠᠬᠠᠲᠠᠢ ᠣᠶᠣᠵᠤ ᠪᠠᠢᠨ᠎ᠠ
ᠡᠷ᠎ᠡ ᠬᠥᠮᠦᠨ ᠦ᠌ ᠬᠢᠨᠢ ᠲᠡᠷᠯᠢᠭ
ᠡᠯᠪᠡᠭ ᠬᠥᠯᠭᠡᠬᠡᠷ ᠬᠠᠷᠠᠭᠳᠠᠨ᠎ᠠ 
ᠡᠷᠳᠡᠨᠢᠰ ᠢ᠋ᠶ᠋ᠡᠷ ᠬᠢᠭᠰᠡᠨ ᠬᠡᠲᠡ ᠬᠢᠲᠤᠭ᠎ᠠ ᠨᠢ 
ᠡᠷᠡᠯᠬᠡᠭ ᠰᠦᠯᠳᠡ ᠶ᠋ᠢ ᠨᠢ ᠪᠠᠳᠠᠷᠠᠭᠤᠯᠤᠨ᠎ᠠ
ᠡᠮᠡᠭᠲᠡᠢᠴᠦᠳ ᠦ᠋ᠨ ᠬᠢᠨᠢ ᠲᠡᠷᠯᠢᠭ ᠦᠷ᠎ᠡ ᠳ᠋ᠡᠭᠡᠨ 
ᠥᠯᠥᠭᠡᠢ ᠨᠢ ᠪᠣᠯᠳᠠᠭ ᠨᠢᠷᠤᠭᠤᠨ ᠳ᠋ᠤ᠌ ᠪᠠᠨ 
ᠡᠭᠦᠷᠬᠦ ᠳ᠋ᠦ᠍ ᠬᠤᠴᠢᠯᠭ᠎ᠠ ᠨᠢ ᠪᠣᠯᠵᠤ ᠵᠠᠩᠰᠢᠭᠰᠠᠨ ᠶᠤᠮ
ᠠᠪᠤ ᠶ᠋ᠢᠨ ᠲᠡᠷᠯᠢᠭ ᠡᠴᠡ ᠨᠠᠷᠠᠨ ᠤ᠋ ᠦᠨᠦᠷ ᠲᠡᠢ
ᠡᠵᠢ ᠶ᠋ᠢᠨ ᠲᠡᠷᠯᠢᠭ ᠡᠴᠡ ᠰᠠᠭᠠᠯᠢ ᠶ᠋ᠢᠨ ᠦᠨᠦᠷ ᠲᠡᠢ 
ᠠᠬ᠎ᠠ ᠶ᠋ᠢᠨ ᠲᠡᠷᠯᠢᠭ ᠡᠴᠡ ᠠᠳᠤᠭᠤᠨ ᠤ᠋ ᠦᠨᠦᠷ ᠲᠡᠢ 
ᠡᠭᠡᠴᠢ ᠶ᠋ᠢᠨ ᠲᠡᠷᠯᠢᠭ ᠡᠴᠡ ᠤᠷᠠᠨ ᠣᠶᠣᠳᠠᠯ ᠤ᠋ᠨ ᠭᠢᠯᠪᠠᠭ᠎ᠠ ᠲᠠᠢ 
ᠨᠡᠭᠦᠳᠡᠯᠴᠢᠨ ᠮᠣᠩᠭᠣᠯ ᠤ᠋ᠨ ᠤᠯᠠᠮᠵᠢᠯᠠᠯᠲᠤ ᠬᠤᠪᠴᠠᠰᠤ
ᠤᠷᠲᠤ ᠤᠳᠠᠭᠠᠨ ᠲᠡᠦᠬᠡ ᠲᠡᠢ ᠬᠤᠪᠴᠠᠰᠤ
ᠤᠷᠠᠳ ᠳᠠᠳᠬᠠᠯ ᠢ᠋ᠶ᠋ᠠᠨ ᠥᠪᠯᠡᠵᠦ ᠪᠠᠢᠳᠠᠭ 
ᠤᠷᠠᠨ ᠣᠶᠣᠳᠠᠯᠴᠢᠨ ᠤ᠋ ᠪᠦᠲᠦᠭᠡᠯ ᠪᠢᠯᠡ᠃

   ᠦᠰᠦᠭ ᠠᠮᠢᠯᠠᠭᠤᠯᠤᠭᠴᠢ᠄ ᠣᠳᠬᠠᠨᠴᠡᠴᠡᠭ
   ᠬᠢᠨᠠᠭᠴᠢ ᠪᠠᠭᠰᠢ᠄ ᠭᠠᠷᠮ᠎ᠠ᠂ ᠰᠡᠬᠡᠭᠡᠷᠡᠯ᠂ ᠣᠳᠬᠠᠨᠰᠤ᠎ᠡ᠂ ᠵ· ᠪᠣᠶᠠᠨᠲᠣᠭᠲᠠᠬᠤ