ᠬᠥᠬᠡ ᠲᠣᠷᠭᠠᠨ ᠳᠡᠪᠡᠯ- ᠴᠢᠯᠠᠭᠤХөх торгон дээл-чулуу ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠲᠣᠷᠭᠠᠨ ᠳᠡᠪᠡᠯ- ᠴᠢᠯᠠᠭᠤХөх торгон дээл-чулуу

ᠬᠥᠬᠡ ᠲᠣᠷᠭᠠᠨ ᠳᠡᠪᠡᠯ- ᠴᠢᠯᠠᠭᠤХөх торгон дээл-чулуу

2023-11-04

313

ᠬᠥᠬᠡ ᠲᠣᠷᠭᠠᠨ ᠳᠡᠪᠡᠯ

                 ᠴᠢᠯᠠᠭᠤ  
ᠲᠩᠷᠢ ᠶ᠋ᠢᠨ ᠥᠩᠭᠡ ᠶ᠋ᠢ ᠠᠪᠴᠤ᠂ ᠬᠥᠬᠡ ᠲᠣᠷᠭ᠎ᠠ ᠪᠠᠷ ᠭᠠᠳᠠᠷᠯᠠᠪᠠ 
ᠲᠡᠷᠭᠡᠯ ᠰᠠᠷᠠᠨ ᠤ᠋ ᠬᠡᠪ ᠢ᠋ᠶ᠋ᠡᠷ ᠳᠤᠭᠤᠢ ᠬᠡ ᠲᠡᠢ ᠶ᠋ᠢ ᠨᠢ ᠰᠣᠩᠭᠣᠪᠠ 
ᠲᠠᠯ᠎ᠠ ᠶ᠋ᠢᠨ ᠢ᠋ᠶ᠋ᠡᠨ ᠠᠭᠤᠵᠢᠮ ᠢ᠋ ᠳᠦᠷᠰᠦᠯᠡᠵᠦ᠂ ᠡᠯᠪᠡᠭ ᠲᠠᠯᠪᠢᠭᠠᠳ ᠡᠰᠬᠡᠯ᠎ᠡ 
ᠲᠠᠨᠢᠭᠰᠠᠨ ᠪᠦᠬᠦᠨ ᠢ᠋ ᠮᠠᠭᠲᠠᠭ ᠭᠡᠵᠦ᠂ ᠤᠷᠠᠨ ᠤ᠋ ᠰᠠᠢᠨ ᠢ᠋ᠶ᠋ᠠᠷ ᠣᠶᠣᠪᠠ 
ᠡᠷᠬᠢᠮ ᠰᠠᠢᠬᠠᠨ ᠬᠠᠷᠠᠭᠳᠠᠬᠤ ᠶᠤᠮ ᠭᠡᠳ᠂ ᠰᠢᠷ᠎ᠠ ᠬᠣᠷᠭᠣᠢ ᠪᠠᠷ ᠡᠮᠵᠢᠶᠡᠷᠢᠯᠡᠪᠡ 
ᠡᠳ᠋ᠯᠡᠬᠦ ᠳ᠋ᠦ᠍ᠨᠢ ᠡᠪᠲᠡᠢ ᠪᠠᠢᠬ᠎ᠠ ᠭᠡᠳ᠂ ᠡᠳ᠋ ᠦ᠋ᠨ ᠰᠠᠢᠨ ᠢ᠋ ᠰᠣᠩᠭᠣᠪᠠ 
ᠡᠪᠦᠯ ᠳ᠋ᠡᠭᠡᠨ ᠳᠤᠯᠠᠭᠠᠨ ᠪᠠᠢᠭ ᠭᠡᠳ᠂ ᠰᠡᠩᠰᠡᠨ ᠬᠤᠷᠠᠭ᠎ᠠ ᠪᠠᠷ ᠳᠣᠲᠣᠷᠯᠠᠪᠠ 
ᠡᠩᠭᠡᠷ ᠡᠪᠦᠷ ᠡᠴᠡ ᠨᠢ ᠲᠠᠭᠠᠷᠠᠬᠤ ᠪᠣᠢ ᠭᠡᠳ᠂ ᠡᠷᠬᠢᠮᠯᠡᠵᠦ ᠰᠠᠢᠬᠠᠨ ᠣᠶᠣᠪᠠ 
ᠬᠣᠭᠣᠯᠠᠢ ᠵᠠᠭᠠᠮ᠎ᠠ ᠨᠢ ᠪᠠᠷᠢᠬᠤ ᠪᠣᠢ ᠭᠡᠳ᠂ ᠬᠤᠷᠤᠭᠤᠨ ᠤ᠋ ᠰᠠᠢᠨ ᠢ᠋ᠶ᠋ᠠᠷ ᠬᠡᠮᠵᠢᠪᠡ 
ᠬᠣᠯᠠ ᠵᠠᠮ ᠳ᠋ᠤ᠌ ᠭᠠᠩᠭᠠᠯᠠ ᠭᠡᠳ᠂ ᠬᠣᠷᠭᠣᠢ ᠲᠣᠷᠭ᠎ᠠ ᠲᠠᠭᠠᠷᠠᠭᠤᠯᠪᠠ 
ᠬᠥᠯ ᠭᠠᠷ ᠲᠤ᠌ ᠨᠢ ᠣᠷᠢᠶᠠᠯᠳᠤᠬᠤ ᠪᠣᠢ ᠭᠡᠳ᠂ ᠬᠣᠷᠮᠣᠢ ᠶ᠋ᠢ ᠨᠢ ᠥᠷᠭᠡᠨ ᠲᠠᠯᠪᠢᠪᠠ
ᠬᠣᠨᠣᠭ ᠤ᠋ᠨ ᠪᠠᠭᠤᠴᠠ ᠳ᠋ᠠᠭᠠᠨ ᠨᠥᠮᠥᠷᠦᠭ ᠭᠡᠳ᠂ ᠤᠷᠲᠤ ᠲᠠᠯᠪᠢᠵᠤ ᠣᠶᠣᠪᠠ
ᠬᠥᠬᠡ ᠲᠣᠷᠭᠠᠨ ᠳᠡᠪᠡᠯ ᠢ᠋ ᠪᠡᠨ᠂ ᠬᠦᠰᠡᠯ ᠦ᠋ᠨ ᠰᠠᠢᠬᠠᠨ ᠢ᠋ᠶ᠋ᠠᠷ ᠣᠶᠣᠵᠤ
ᠬᠦᠨᠳᠦᠲᠦ ᠬᠠᠢᠷᠠᠲᠤ ᠠᠪᠤ ᠳ᠋ᠠᠭᠠᠨ᠂ ᠬᠦᠷᠬᠦ ᠶ᠋ᠢᠨ ᠪᠡᠯᠡᠭ ᠪᠣᠯᠭᠠᠵᠤ
ᠬᠥᠮᠦᠵᠢᠭᠦᠯᠵᠦ ᠥᠰᠬᠡᠭᠰᠡᠨ ᠬᠦᠰᠡᠯ ᠦ᠋ᠨ ᠬᠢᠨᠢ ᠠᠴᠢ ᠶ᠋ᠢ ᠬᠠᠷᠢᠭᠤᠯᠵᠤ
ᠬᠥᠮᠦᠨ ᠮᠥᠰᠥ ᠲᠡᠢ ᠶᠠᠪᠤᠬᠤ ᠰᠠᠢᠨ ᠤ᠋ ᠢᠷᠦᠭᠡᠯ ᠢ᠋ ᠨᠢ ᠳᠤᠷᠠᠰᠬᠠᠵᠤ
ᠬᠥᠬᠡ ᠲᠣᠷᠭᠠᠨ ᠳᠡᠪᠡᠯ ᠨᠢ ᠬᠥᠭᠡᠷᠦᠬᠦᠢ ᠠᠪᠤ ᠳ᠋ᠤ᠌ ᠮᠢᠨᠢ ᠲᠣᠬᠢᠷᠠᠬᠤ ᠪᠣᠢ
ᠬᠡᠦᠬᠡᠨ ᠦᠷ᠎ᠡ ᠲᠡᠢ ᠪᠣᠯᠤᠭᠰᠠᠨ ᠤ᠋ ᠬᠢᠨᠢ ᠬᠤᠪᠢ ᠶ᠋ᠢ ᠨᠢ ᠢᠩᠭᠢᠵᠦ ᠬᠠᠷᠢᠭᠤᠯᠪᠠ
ᠬᠥᠳᠡᠭᠡ ᠶ᠋ᠢᠨ ᠮᠠᠯᠴᠢᠨ ᠠᠪᠤ ᠮᠢᠨᠢ᠂ ᠬᠦᠳᠡᠷ ᠴᠢᠭᠢᠷᠠᠭ ᠡᠷ᠎ᠡ ᠪᠠᠢᠭᠰᠠᠨ ᠠ᠋ᠴᠠ ᠪᠠᠨ
ᠬᠡᠦᠬᠡᠨ ᠢ᠋ᠶ᠋ᠡᠨ ᠰᠠᠨᠠᠵᠤ ᠬᠦᠯᠢᠶᠡᠳᠡᠭ᠂ ᠬᠥᠮᠦᠯᠢᠭ ᠴᠢᠨᠠᠷ ᠤ᠋ᠨ ᠲᠦᠰᠢᠭ ᠮᠢᠨᠢ ᠶᠦᠮ ᠠ᠋!

   ᠦᠰᠦᠭ ᠠᠮᠢᠯᠠᠭᠤᠯᠤᠭᠴᠢ᠄ ᠣᠳᠬᠠᠨᠴᠡᠴᠡᠭ
   ᠬᠢᠨᠠᠭᠴᠢ ᠪᠠᠭᠰᠢ᠄ ᠣᠶᠤᠨᠴᠡᠴᠡᠭ᠂ ᠭᠠᠷᠮ᠎ᠠ