ᠱᠥᠷᠭᠡ-ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ1-08ᠤ᠋· ᠰ· ᠬᠥᠭᠵᠢᠯᠲᠦ

ᠱᠥᠷᠭᠡ
ᠱᠥᠷᠭᠡ ᠳ᠋ᠦ᠍ ᠮᠣᠳᠣᠨ ᠱᠥᠷᠭᠡ ᠪᠠ ᠵᠠᠷᠠᠭᠠᠨ ᠱᠥᠷᠭᠡ ᠭᠡᠵᠦ ᠪᠠᠢᠳᠠᠭ᠃ ᠭᠣᠣᠯ ᠨᠢ ᠪᠢᠷᠠᠭᠤ ᠶ᠋ᠢ ᠰᠦᠷᠦᠭ ᠳᠠᠭᠠᠭᠤᠯᠵᠤ ᠬᠤᠰᠠᠷᠠᠩ ᠰᠠᠭᠠᠬᠤ ᠳ᠋ᠤ᠌ ᠬᠡᠷᠡᠭᠯᠡᠳᠡᠭ ᠶᠦᠮ᠃ ᠨᠢᠭᠡ ᠳ᠋ᠦ᠍᠂ ᠱᠥᠷᠭᠡ ᠵᠡᠭᠦᠯᠭᠡᠬᠦ ᠪᠣᠯ ᠰᠢᠨᠵᠢᠯᠡᠬᠦ ᠤᠬᠠᠭᠠᠨᠴᠢ ᠬᠠᠷᠢᠭᠤᠯᠵᠤ ᠮᠠᠯᠵᠢᠬᠤ ᠠᠷᠭ᠎ᠠ ᠮᠥᠨ᠃ ᠱᠥᠷᠭᠡ ᠵᠡᠭᠦᠯᠭᠡᠬᠦ ᠨᠢ ᠪᠢᠷᠠᠭᠤ ᠡᠬᠡ ᠲᠡᠢ ᠪᠡᠨ ᠬᠠᠮᠲᠤ ᠪᠠᠢᠪᠠᠴᠤ ᠬᠥᠬᠥᠵᠦ ᠴᠢᠳᠠᠬᠤ ᠦᠭᠡᠢ ᠪᠣᠯᠭᠠᠭᠰᠠᠨ ᠠ᠋ᠴᠠ ᠰᠦᠷᠦᠭ ᠳᠠᠭᠠᠵᠤ ᠬᠣᠯᠠ ᠪᠡᠯᠴᠢᠭᠡᠷᠯᠡᠬᠦ ᠪᠣᠯᠤᠮᠵᠢ ᠲᠠᠢ ᠪᠣᠯᠵᠤ᠂ ᠪᠢᠷᠠᠭᠤ ᠰᠠᠢᠨ ᠪᠡᠯᠴᠢᠭᠡᠷ ᠲᠤ ᠲᠠᠷᠭᠤ ᠢᠯᠡᠭᠦᠦ ᠠᠪᠴᠤ ᠴᠢᠳᠠᠬᠤ ᠪᠣᠯᠵᠠᠢ᠃ ᠱᠥᠷᠭᠡ ᠨᠢ ᠢᠩᠭᠢᠵᠦ ᠰᠦ ᠰᠠᠭᠠᠬᠤ ᠪᠠ ᠪᠢᠷᠠᠭᠤ ᠪᠡᠯᠴᠢᠭᠡᠷ ᠲᠤ ᠭᠠᠷᠬᠤ ᠵᠥᠷᠢᠴᠡᠯ ᠢ᠋ ᠰᠢᠨᠵᠢᠯᠡᠬᠦ ᠤᠬᠠᠭᠠᠨᠴᠢ ᠪᠠᠷ ᠰᠢᠢᠳᠪᠦᠷᠢᠯᠡᠵᠦ ᠴᠢᠳᠠᠭᠰᠠᠨ ᠠ᠋ᠴᠠ 《ᠡᠬᠡ ᠶ᠋ᠢ ᠨᠢ ᠡᠴᠡᠭᠡᠬᠦ ᠦᠭᠡᠢ᠂ ᠲᠤᠭᠤᠯ ᠢ᠋ ᠨᠢ ᠲᠤᠷᠠᠭᠠᠬᠤ ᠦᠭᠡᠢ》 ᠪᠡᠯᠴᠢᠭᠡᠷ ᠦ᠋ᠨ ᠮᠠᠯ ᠠᠵᠤ ᠠᠬᠤᠢ ᠶ᠋ᠢᠨ ᠣᠨᠴᠠᠯᠢᠭ ᠲᠤ ᠲᠣᠬᠢᠷᠠᠭᠰᠠᠨ ᠬᠠᠷᠢᠭᠤᠯᠵᠤ ᠮᠠᠯᠯᠠᠬᠤ ᠠᠷᠭ᠎ᠠ ᠠᠪᠴᠠᠯ ᠪᠣᠯᠵᠤ ᠴᠢᠳᠠᠵᠠᠢ᠃ ᠬᠣᠶᠠᠷ ᠲᠤ᠂ ᠱᠥᠷᠭᠡ ᠨᠢ ᠬᠥᠳᠡᠯᠮᠦᠷᠢ ᠬᠦᠴᠦ ᠶ᠋ᠢ ᠴᠢᠯᠥᠭᠡᠯᠡᠵᠡᠢ᠃ ᠪᠢᠷᠠᠭᠤ ᠨᠢ ᠰᠦᠷᠦᠭ ᠳᠠᠭᠠᠵᠤ ᠶᠠᠪᠤᠳᠠᠭ ᠲᠤᠯᠠ ᠮᠠᠯᠴᠢᠨ ᠲᠤᠰᠬᠠᠢᠯᠠᠨ ᠪᠢᠷᠠᠭᠤ ᠬᠠᠷᠢᠭᠤᠯᠵᠤ ᠮᠠᠯᠯᠠᠨ᠎ᠠ ᠭᠡᠵᠦ ᠰᠡᠳᠬᠢᠯ ᠰᠠᠨᠠᠭ᠎ᠠ ᠵᠣᠪᠠᠵᠤ᠂ ᠬᠥᠯᠥᠰᠥ ᠬᠦᠴᠦ ᠭᠠᠷᠭᠠᠬᠤ ᠦᠭᠡᠢ ᠪᠣᠯᠤᠭᠰᠠᠨ ᠲᠤᠯᠠ ᠬᠥᠳᠡᠯᠮᠦᠷᠢ ᠶ᠋ᠢ ᠵᠣᠬᠢᠬᠤ ᠬᠡᠮᠵᠢᠶ᠎ᠡ ᠪᠡᠷ ᠴᠢᠯᠥᠭᠡᠯᠡᠵᠡᠢ᠃ ᠭᠤᠷᠪᠠ ᠳ᠋ᠤ᠌᠂ ᠱᠥᠷᠭᠡ ᠨᠢ ᠵᠣᠬᠢᠬᠤ ᠬᠡᠮᠵᠢᠶᠡᠨ ᠦ᠌ ᠠᠰᠢᠭ ᠢ᠋ ᠪᠠᠲᠤᠯᠠᠵᠤ ᠴᠢᠳᠠᠵᠠᠢ᠃ ᠪᠢᠷᠠᠭᠤ ᠰᠦᠷᠦᠭ ᠢ᠋ᠶ᠋ᠡᠨ ᠳᠠᠭᠠᠳᠠᠭ ᠪᠣᠯᠪᠠᠴᠤ ᠡᠬᠡ ᠨᠢ ᠬᠥᠬᠥᠭᠦᠯᠬᠦ ᠦᠭᠡᠢ ᠪᠣᠯᠤᠭᠰᠠᠨ ᠠ᠋ᠴᠠ ᠮᠠᠯᠴᠢᠳ ᠰᠦ ᠰᠠᠭᠠᠵᠤ ᠵᠣᠬᠢᠬᠤ ᠬᠡᠮᠵᠢᠶᠡᠨ ᠦ᠌ ᠠᠰᠢᠭ ᠰᠢᠮ᠎ᠡ ᠣᠯᠳᠠᠭ᠃
— 《ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ ᠦ᠌ ᠤᠬᠠᠭᠠᠨ》 ᠭᠡᠬᠦ ᠨᠣᠮ ᠠ᠋ᠴᠠ
— ᠵᠣᠬᠢᠶᠠᠭᠴᠢ᠄ ᠶ᠋ᠢᠨ· ᠰ· ᠬᠥᠭᠵᠢᠯᠲᠦ ᠵᠣᠷᠢᠭᠲᠤ
ᠦᠰᠦᠭ ᠠᠮᠢᠯᠠᠭᠤᠯᠤᠭᠴᠢ᠄ ᠪᠠᠳᠮᠠᠰᠡᠴᠡᠨ
ᠬᠢᠨᠠᠭᠴᠢ᠄᠂ ᠵ · ᠪᠤᠶᠠᠨᠲᠣᠭᠲᠠᠬᠤ
